-
57700
ᠮᠢᠶᠤᠤ ᠪᠠᠶᠠᠷ ᠤᠨ ᠯᠠᠭᠤᠰᠠ
2021-04-20 16:48
316
0
1973 ᠣᠨ ᠤ ᠬᠠᠪᠤᠷ ᠪᠢᠯᠡ᠃ ᠰ᠂ ᠮᠦᠩᠬᠡᠴᠢᠯᠠᠭᠤ ᠲᠣᠯᠢ ᠠᠷᠠᠳ ᠤᠨ ᠨᠢᠭᠡᠳᠤᠯ ᠤᠨ ᠮᠠᠯᠵᠢᠯ ᠤᠨ ᠲᠠᠯᠠᠪᠠᠢ ᠳᠤ ᠠᠳᠤᠭᠤ ᠬᠠᠷᠢᠭᠤᠯᠵᠤ ᠪᠠᠢᠬᠤ ᠳᠠᠭᠠᠨ ᠬᠠᠮᠲᠤ ᠠᠴᠠ ᠲᠡᠭᠦᠨ ᠳᠤ ᠮᠢᠶᠤᠤ ᠪᠠᠶᠠᠷ ᠤᠨ ᠯᠠᠭᠤᠰᠠ ᠶᠢ ᠤᠨᠤᠭᠠᠨ ᠳᠤ ᠦᠭᠴᠤ ᠤᠨᠤᠭᠤᠯᠪᠠ᠃ ᠮᠠᠯᠵᠢᠯ ᠤᠨ ᠲᠠᠯᠠᠪᠠᠢ ᠶᠢᠨ ᠠᠳᠤᠭᠤ ᠨᠢ ᠭᠤᠷᠪᠠᠨ ᠳᠣᠬᠤᠢ ᠠᠴᠠ ᠴᠠᠭᠠᠰᠢ ᠳᠡᠭᠡᠳᠤ ᠨᠠᠷᠢᠨ ᠠᠴᠠ ᠨᠠᠭᠠᠰᠢ ᠪᠡᠯᠴᠢᠭᠡᠷᠯᠡᠳᠡᠭ ᠪᠠᠢᠭᠰᠠᠨ ᠶᠤᠮ᠃ ᠨᠢᠭᠡᠨ ᠡᠳᠤᠷ ᠰ᠂ ᠮᠦᠩᠬᠡᠴᠢᠯᠠᠭᠤ ᠵᠣᠷᠰᠢᠯ ᠶᠤᠰᠤᠭᠠᠷ ᠯᠠᠭᠤᠰᠠ ᠪᠠᠨ ᠤᠨᠤᠭᠠᠳ ᠠᠳᠤᠭᠤᠨ ᠳᠠᠭᠠᠨ ᠶᠠᠪᠣᠵᠤ ᠭᠤᠷᠪᠠᠨ ᠳᠣᠬᠤᠢ ᠳᠤ ᠬᠦᠷᠤᠭᠡᠳ ᠨᠢᠭᠡ ᠮᠡᠳᠡᠬᠦ ᠲᠣᠭᠤᠭ᠎ᠠ ᠰᠢᠪᠠᠷ ᠲᠤ ᠰᠢᠭᠢᠳᠴᠤ ᠤᠷᠤᠪᠠ᠃ ᠵᠠ᠂ ᠡᠨᠡ ᠴᠤ ᠨᠣᠬᠠᠢ ᠶᠠᠭᠤᠮ᠎ᠠ ᠪᠣᠯᠤᠯ᠎ᠠ ᠭᠡᠵᠤ ᠪᠣᠳᠤᠭᠠᠳ ᠯᠠᠭᠤᠰᠠᠨ ᠳᠡᠭᠡᠷ᠎ᠡ ᠡᠴᠡ ᠳᠠᠪ ᠬᠢᠨ ᠦᠰᠤᠷᠴᠤ ᠪᠠᠭᠤᠭᠠᠳ ᠡᠮᠡᠭᠡᠯ ᠰᠢᠷᠳᠡᠭ ᠢ ᠨᠢ ᠪᠠᠭᠤᠯᠭᠠᠵᠤ ᠠᠪᠤᠭᠠᠳ ᠬᠠᠷᠠᠵᠤ ᠵᠤᠭᠰᠤᠯ᠎ᠠ᠃ ᠯᠠᠭᠤᠰᠠ ᠬᠦᠯ ᠢᠶᠡᠨ ᠨᠢᠭᠡ ᠨᠢᠭᠡ ᠪᠡᠷ ᠰᠣᠭᠤᠴᠢᠨ ᠠᠪᠤᠭᠰᠠᠭᠠᠷ ᠭᠠᠷᠴᠤ ᠢᠷᠡᠭᠡᠳ ᠲᠣᠭᠤᠭ᠎ᠠ ᠰᠢᠪᠠᠷ ᠤᠨ ᠳᠡᠬᠡᠭᠦᠷ ᠪᠠᠢᠭᠠᠳ ᠬᠠᠭᠤᠷᠠᠢ ᠭᠠᠵᠠᠷ ᠲᠤ ᠭᠠᠷᠴᠤ ᠪᠣᠰᠴᠤ ᠵᠤᠭᠰᠤᠪᠠ᠃ ᠳᠠᠬᠢᠭᠠᠳ ᠯᠠᠭᠤᠰᠠ ᠪᠠᠨ ᠬᠦᠲᠤᠯᠵᠤ ᠲᠣᠭᠤᠭ᠎ᠠ ᠰᠢᠪᠠᠷ ᠤᠷᠣᠭᠤ ᠶᠠᠪᠤᠬᠤ ᠳᠤ ᠯᠠᠭᠤᠰᠠ ᠦᠨᠤᠷᠯᠡᠬᠡᠳ ᠶᠠᠭᠠᠬᠢᠪᠠᠴᠤ ᠡᠮᠤᠨᠡᠰᠢ ᠶᠠᠪᠤᠬᠣ ᠦᠬᠡᠢ ᠪᠠᠢᠪᠠ᠃ ᠡᠨᠡ ᠦᠨᠡᠨ ᠰᠤᠨᠢᠨ ᠤᠴᠢᠷ ᠪᠠᠢᠪᠠ᠃ ᠲᠡᠷᠡ ᠯᠠᠭᠤᠰᠠ ᠪᠠᠷᠤᠭ ᠭᠣᠴᠢᠨ ᠬᠡᠳᠤᠨ ᠨᠠᠰᠤᠯᠠᠵᠤ ᠪᠢᠯᠡ᠃ ᠰᠡᠭᠦᠯ ᠳᠦ ᠨᠢ ᠪᠤᠷᠳᠣᠭᠠ ᠡᠪᠡᠰᠤ ᠶᠢ ᠵᠠᠵᠢᠯᠠᠭᠠᠳ ᠵᠠᠵᠢᠯᠠᠭᠠᠳ ᠭᠠᠷᠭᠠᠬᠤ ᠪᠣᠯᠪᠠ᠃ ᠲᠡᠬᠡᠬᠡᠳ ᠮᠠᠯ ᠬᠤᠳᠠᠯᠳᠤᠨ ᠠᠪᠬᠣ ᠬᠦᠮᠤᠨ ᠢᠷᠡᠭᠡᠳ ᠰᠢᠢᠳᠪᠤᠷᠢᠯᠡᠪᠡ᠃