-
16960
ᠡᠩᠬᠡ ᠶᠢᠨ ᠡᠩᠨᠡᠭᠡ
2020-02-12 09:25
368
0
ᠬᠣᠯᠪᠣᠭ᠎ᠠ
ᠡᠩᠬᠡ ᠶᠢᠨ ᠡᠩᠨᠡᠭᠡ
ᠦᠬᠠᠨ ᠤ ᠠᠭᠤᠰᠭᠢᠨ ᠬᠡᠵᠢᠭ ᠦᠨ ᠡᠮᠤᠨ᠎ᠡ ᠫᠷᠤᠨᠲ ᠲᠤ
ᠭᠠᠪᠰᠢᠭᠠᠶᠢᠯᠠᠨ ᠠᠵᠢᠯᠯᠠᠵᠦ ᠪᠠᠶᠢᠭ᠎ᠠ ᠪᠦᠬᠦ ᠨᠦᠬᠦᠳ ᠲᠦ ᠵᠤᠷᠢᠭᠤᠯᠪᠠ᠃
ᠳ᠋ᠸᠴᠢᠨ
ᠤᠷᠠᠨ ᠰᠢᠳᠬᠢᠭᠡᠲᠦ ᠬᠤᠭᠤᠷ ᠤᠨ ᠢᠶᠠᠨ
ᠤᠲᠠᠰᠤ ᠶᠢ ᠨᠢ ᠲᠠᠭᠠᠷᠠᠭᠤᠯᠵᠦ ᠬᠦᠭᠯᠡᠯᠡ ᠳ᠋ᠠ
ᠦᠬᠠᠨ ᠬᠣᠲᠠ ᠶᠢᠨ ᠬᠡᠵᠢᠭ ᠤᠨ ᠲᠤᠬᠠᠢ
ᠦᠯᠢᠭᠡᠷ ᠪᠣᠯᠭᠠᠨ ᠬᠤᠯᠪᠤᠶ᠎ᠠ ᠳ᠋ᠠ ᠃
ᠠᠭᠤᠰᠭᠢᠨ ᠬᠡᠵᠢᠭ ᠦᠨ ᠲᠬᠠᠤᠯ
ᠦᠬᠠᠨ ᠬᠣᠲᠠᠨ ᠡᠴᠡ ᠲᠤᠭᠤᠯᠳᠠᠵᠦ
ᠤᠯᠤᠰ ᠤᠷᠤᠨ ᠶᠢ ᠰᠦᠷᠳᠡᠬᠦᠯᠵᠦ
ᠦᠷᠪᠢᠰᠴᠦ ᠳᠡᠯᠭᠡᠷᠡᠵᠦ ᠡᠬᠢᠯᠡᠯ᠎ᠡ
ᠨᠠᠮ ᠤᠨ ᠲᠣᠪ ᠬᠣᠷᠢᠶ᠎ᠠ ᠠᠴᠠ
ᠨᠢᠮᠪᠠᠢ ᠪᠠᠶᠢᠷᠢᠯᠠᠭᠤᠯᠤᠯᠲᠠ ᠬᠢᠵᠦ
ᠨᠢᠭᠲᠠᠷᠠᠨ ᠪᠦᠯᠬᠦᠮᠳᠡᠵᠦ ᠲᠡᠮᠡᠴᠡᠶ᠎ᠡ ᠬᠡᠵᠦ
ᠨᠡᠶᠢᠭᠡᠮ ᠨᠡᠶᠢᠲᠠ ᠢ ᠣᠷᠢᠶᠠᠯᠠᠯ᠎ᠠ
ᠠᠶᠣᠯᠲᠦ ᠬᠡᠵᠢᠭ ᠶᠢ ᠳᠠᠷᠤᠵᠦ
ᠠᠷᠠᠳ ᠲᠦᠮᠡᠨ ᠢᠶᠡᠨ ᠠᠪᠤᠷᠠᠬᠤ
ᠠᠮᠣᠷ ᠳᠦᠪᠰᠢᠨ ᠶᠢ ᠪᠠᠲᠤᠯᠠᠬᠤ
ᠠᠷᠢᠭᠤᠨ ᠳᠠᠶᠢᠨ ᠵᠠᠷᠯᠠᠯ᠎ᠠ᠃
ᠬᠦᠨᠦᠭᠡᠯᠲᠦ ᠬᠡᠵᠢᠭ ᠢ ᠳᠠᠷᠣᠵᠦ
ᠬᠦᠵᠢ ᠳᠡᠯᠡᠬᠡᠢ ᠶᠢ ᠠᠷᠢᠭᠤᠰᠬᠠᠬᠤ
ᠬᠦᠴᠦᠷᠬᠡᠭ ᠶᠡᠬᠡ ᠳᠠᠶᠢᠯᠯᠠᠳᠤᠭᠠᠨ ᠳᠦ
ᠬᠦᠮᠦᠨ ᠪᠦᠬᠦᠨ ᠤᠷᠤᠯᠴᠠᠯ᠎ᠠ ᠃
ᠰᠢᠯᠢᠳᠡᠭ ᠴᠡᠷᠢᠭ ᠦᠨ ᠣᠲᠸ᠋ᠷᠢᠶᠠᠲ
ᠰᠢᠨᠵᠢᠯᠡᠬᠦ ᠤᠬᠠᠭᠠᠨ ᠤ ᠮᠡᠷᠭᠡᠵᠢᠯᠲᠡᠨ
ᠬᠡᠵᠢᠭ ᠲᠦ ᠭᠠᠷᠮᠠᠭᠠᠢ ᠡᠮᠴᠢ
ᠬᠢᠴᠢᠶᠡᠩᠬᠦᠢ ᠳᠠᠷᠤᠤ ᠰᠣᠪᠢᠯᠠᠭᠴᠢ
ᠠᠵᠢᠯ ᠤᠶᠢᠯᠡᠰ ᠤᠨ ᠺᠠᠳ᠋ᠷ
ᠠᠬᠠᠮᠠᠳ ᠨᠠᠮ ᠤᠨ ᠭᠡᠰᠢᠬᠦᠨ
ᠠᠭᠠᠭᠢᠮ᠎ᠠ ᠵᠠᠯᠠᠭᠤ ᠰᠠᠶᠢᠨ ᠳᠤᠷᠠᠴᠤᠤᠯ
ᠠᠷᠠᠳ ᠤᠨ ᠴᠡᠷᠢᠭ ᠴᠠᠭᠳᠠᠭ᠎ᠠ
ᠳᠡᠯᠡᠬᠡᠢ ᠶᠢᠨ ᠡᠷᠡᠬᠦᠯ ᠬᠠᠮᠠᠭᠠᠯᠠᠯ
ᠳᠡᠭᠡᠲᠦ ᠲᠡᠰ ᠦᠨ ᠰᠤᠳᠤᠯᠭᠠᠲᠠᠨ
ᠦᠬᠠᠨ ᠬᠤᠲᠠ ᠶᠢᠨ ᠡᠮᠤᠨ᠎ᠡ ᠫᠷᠤᠨᠲ ᠲᠤ
ᠡᠷᠮᠡᠬᠡᠶᠢᠯᠡᠨ ᠪᠠᠶᠢᠯᠳᠤᠵᠦ ᠡᠬᠢᠯᠡᠯ᠎ᠡ᠃
ᠠᠷᠢᠭᠤᠨ ᠤᠶᠢᠯᠡᠰ ᠤᠨ ᠪᠤᠶᠠᠨᠲᠠᠨ
ᠠᠵᠠ ᠶᠢᠨ ᠤᠶᠢᠯᠡᠰ ᠤᠨ ᠵᠢᠳᠭᠦᠯᠲᠡᠨ
ᠲᠦᠭᠡᠮᠡᠯ ᠰᠡᠳᠭᠢᠯ ᠦᠨ ᠬᠠᠶᠢᠨᠳᠢᠪ ᠢᠶᠠᠨ
ᠦᠬᠠᠨ ᠬᠤᠲᠠᠨ ᠳᠤ ᠬᠦᠷᠭᠡᠵᠦ ᠪᠠᠶᠢᠨ᠎ᠠ᠃
ᠬᠤᠲᠠ ᠬᠦᠳᠡᠬᠡ ᠨᠢᠭᠡᠳᠦᠭᠰᠡᠨ
ᠬᠤᠯᠪᠣᠭᠠᠯᠠᠨ ᠰᠡᠷᠭᠡᠶᠢᠯᠡᠬᠦ ᠰᠢᠰᠲᠸ᠋ᠮ ᠨᠢ
ᠬᠤᠯᠠ ᠣᠶᠢᠷ᠎ᠠ ᠠᠴᠠ ᠴᠢᠮᠡᠭᠡ ᠨᠡᠪᠲᠡᠷᠡᠯᠴᠡᠵᠦ
ᠬᠤᠤᠷᠠᠲᠦ ᠬᠡᠵᠢᠭ ᠢ ᠰᠡᠷᠭᠡᠶᠢᠯᠡᠵᠦ ᠪᠠᠶᠢᠨ᠎ᠠ
ᠵᠠᠮ ᠱᠣᠭᠣᠮ ᠶᠢ ᠴᠢᠩᠳᠠᠯᠠᠨ
ᠶᠠᠪᠤᠭᠤᠯ ᠤᠨ ᠬᠦᠮᠦᠨ ᠢ ᠬᠣᠷᠢᠭᠯᠠᠯᠠ
ᠵᠠᠪᠰᠠᠷ ᠵᠠᠢ ᠦᠯᠡᠳᠡᠭᠡᠯ ᠦᠭᠡᠢ
ᠴᠢᠩᠭ᠎ᠠ ᠬᠠᠷᠠᠭᠤᠯ ᠵᠤᠭᠰᠤᠯ᠎ᠠ᠃
ᠭᠡᠷ ᠡᠴᠡ ᠭᠠᠷᠬᠤ ᠦᠭᠡᠢ ᠰᠠᠭᠤ
ᠬᠡᠲᠦ ᠣᠯᠠᠭᠤᠯᠠ ᠴᠤᠭᠯᠠᠬᠤ ᠦᠭᠡᠢ
ᠬᠤᠳᠠᠯ ᠴᠤᠤᠷᠬᠠᠯ ᠰᠣᠨᠣᠰᠬᠤ ᠦᠭᠡᠢ
ᠬᠤᠪᠳᠣᠭ ᠰᠢᠨᠤᠬᠠᠢ ᠪᠦᠦ ᠠᠭᠠᠰᠢᠯᠠ
ᠭᠠᠳᠠᠭᠰᠢ ᠭᠠᠷᠪᠠᠯ ᠠᠮᠠᠪᠴᠢ ᠵᠡᠭᠦ
ᠭᠠᠷ ᠢᠶᠠᠨ ᠠᠷᠢᠭᠤᠳᠬᠠᠵᠦ ᠰᠠᠶᠢᠨ ᠤᠭᠢᠶᠠ
ᠠᠶᠢᠯ ᠭᠡᠷ ᠲᠡᠬᠡᠨ ᠰᠠᠯᠬᠢ ᠨᠡᠪᠲᠡᠷᠡᠭᠦᠯ
ᠠᠷᠢᠭᠤᠨ ᠴᠡᠪᠡᠷ ᠶᠢ ᠰᠠᠶᠢᠲᠤᠷ ᠬᠢ
ᠠᠶᠤᠮᠰᠢᠭᠲᠤ ᠬᠡᠵᠢᠭ ᠡᠪᠡᠳᠴᠢᠨ ᠡᠴᠡ
ᠠᠶᠤᠵᠦ ᠰᠦᠷᠳᠡᠵᠦ ᠪᠣᠯᠬᠤ ᠦᠭᠡᠢ
ᠪᠡᠶ᠎ᠡ ᠶᠢᠨ ᠬᠠᠯᠠᠭᠤᠨ ᠢᠶᠠᠨ ᠰᠠᠶᠢᠨ ᠬᠡᠮᠵᠢᠵᠦ
ᠪᠡᠯᠢᠭ ᠤᠬᠠᠭᠠᠨ ᠢᠶᠠᠨ ᠲᠠᠶᠢᠪᠣᠩ ᠪᠠᠶᠢᠯᠭ᠎ᠠ ᠬᠡᠵᠦ
ᠲᠦᠷᠤ ᠵᠠᠰᠠᠭ ᠠᠴᠠ ᠰᠠᠨᠠᠭᠤᠯᠵᠦ ᠪᠠᠶᠢᠨ᠎ᠠ
ᠲᠦᠮᠡᠨ ᠤᠯᠠᠨ ᠳᠠᠭᠠᠨ ᠮᠡᠳᠡᠭᠳᠡᠵᠦ ᠪᠠᠶᠢᠨ᠎ᠠ
ᠵᠠᠪᠠᠯ ᠵᠢᠷᠤᠮᠯᠠᠬᠤ ᠬᠡᠷᠡᠭᠲᠡᠢ ᠬᠡᠵᠦ
ᠵᠠᠷᠯᠢᠭ ᠵᠢᠭᠠᠪᠤᠷᠢ ᠤᠯᠠᠮᠵᠢᠯᠠᠵᠦ ᠪᠠᠶᠢᠨ᠎ᠠ᠃
ᠨᠠᠮ ᠵᠠᠰᠠᠭ ᠤᠨ ᠢᠶᠠᠨ ᠵᠢᠭᠠᠪᠤᠷᠢ ᠢ
ᠨᠠᠷᠢᠨ ᠰᠠᠶᠢᠬᠠᠨ ᠰᠠᠬᠢᠵᠠᠭᠠᠶᠠ ᠃
ᠤᠯᠠᠨ ᠨᠡᠶᠢᠲᠡ ᠶᠢᠨ ᠵᠢᠷᠤᠮᠵᠢᠯ ᠢ
ᠤᠬᠠᠮᠰᠠᠷ ᠠᠴᠠ ᠪᠠᠨ ᠬᠡᠷᠬᠭᠵᠢᠬᠦᠯᠦᠶᠡ᠃
ᠦᠵᠡᠯ ᠰᠠᠨᠠᠭ᠎ᠠ ᠤᠶᠢᠯᠡ ᠠᠵᠢᠯᠯᠠᠭ᠎ᠠ ᠪᠠᠨ
ᠦᠨᠳᠦᠷ ᠳᠦᠪᠰᠢᠨ ᠨᠢᠭᠡᠲᠦᠬᠦᠯᠦᠶᠡ᠃
ᠤᠷᠰᠢᠭᠲᠤ ᠬᠡᠵᠢᠭ ᠢ ᠠᠷᠢᠯᠭᠠᠵᠦ
ᠤᠯᠤᠰ ᠲᠦᠮᠡᠨ ᠪᠡᠷ ᠢᠶᠡᠨ ᠵᠢᠷᠭᠠᠴᠠᠭᠠᠶᠠ
ᠲᠦᠷᠤ ᠶᠢᠨ ᠵᠢᠭᠠᠪᠤᠷᠢ ᠢ ᠬᠦᠷᠢᠶᠡᠯᠡᠵᠦ
ᠲᠦᠮᠡᠨ ᠤᠯᠠᠨ ᠢᠶᠡᠷ ᠢᠶᠡᠨ ᠪᠦᠯᠬᠦᠮᠳᠡᠵᠦ
ᠲᠦᠢᠳᠭᠡᠷ ᠬᠡᠵᠢᠭ ᠢ ᠠᠷᠢᠯᠭᠠᠵᠦ
ᠲᠦᠪᠰᠢᠨ ᠰᠠᠶᠢᠬᠠᠨ ᠠᠮᠢᠳᠤᠷᠠᠵᠠᠭᠠᠶ᠎ᠠ ᠃