- ᠰᠠᠶᠢᠵᠢᠷᠠ
30405
ᠪᠠᠷᠭᠤᠵᠢᠨᠭᠤᠸᠠ
2018-10-22 15:18
161
0
ᠡᠷᠡᠭᠡᠨ ᠂ ᠰᠠᠶᠢᠵᠢᠷᠠ
ᠪᠠᠷᠭᠤᠵᠢᠨ ᠲᠦᠬᠦᠮ ᠦᠨ ᠡᠵᠡᠨ
ᠪᠠᠷᠭᠤᠳᠠᠢ ᠮᠡᠷᠭᠡᠨ ᠤ ᠭᠥᠩᠵᠥ ᠂
ᠪᠠᠷᠭᠤ ᠶᠢᠨ ᠰᠤᠳᠤᠨ ᠬᠤᠬᠡᠨ
ᠪᠠᠷᠭᠤᠵᠢᠡᠭᠤᠸᠠ ᠴᠤᠤᠲᠤ ᠪᠢᠯᠨ ᠃
ᠬᠤᠯᠪᠤᠭ᠎ᠠ ᠤᠷᠤᠭ ᠤᠨ ᠬᠡᠯᠬᠢᠶ᠎ᠡ ᠪᠠᠷ
ᠬᠤᠭᠤᠷᠤᠨᠳᠤ ᠶᠢᠨ ᠬᠠᠭᠠᠴᠠᠯ ᠢ ᠡᠶᠡᠳᠡᠭᠦᠯᠥᠭᠰᠡᠨ ᠂
ᠬᠤᠷᠢᠯᠠᠷᠳᠢ ᠮᠡᠷᠭᠡᠨ ᠣ ᠬᠠᠲᠤᠨ
ᠬᠤᠷᠢ ᠲᠦᠮᠡᠳ ᠦᠨ ᠦᠵᠢᠨ ᠪᠢᠯᠨ᠃
ᠠᠯᠤᠩᠭᠤᠸ᠎ᠠ ᠪᠤᠭᠲᠠ ᠶ᠋ᠢ ᠵᠠᠶᠠᠭᠠᠨ
ᠠᠴᠢᠯᠠᠨ ᠬᠦᠮᠥᠵᠢᠭᠥᠯᠥᠭᠰᠡᠨ ᠡᠬᠡ ᠡ ᠂
ᠠᠯᠲᠠᠨ ᠤᠷᠤᠭᠲᠠᠨ ᠣ ᠡᠮᠡᠭᠡ
ᠠᠭᠤᠤ ᠴᠢᠩᠭᠢᠰ ᠦᠨ ᠳᠡᠭᠡᠳᠥᠭᠥᠯ ᠪᠢᠯᠨ ᠃
ᠪᠠᠷᠭᠤ ᠲᠦᠮᠡᠳ ᠦᠨ ᠪᠠᠷᠢᠯᠳᠤᠯᠭ᠎ᠠ
ᠪᠠᠷᠭᠤᠵᠢᠡᠭᠤᠸᠠ ᠶᠢᠨ ᠭᠡᠭᠡᠨ ᠰᠤᠷᠭᠠᠯ ᠂
ᠪᠠᠳᠠᠷᠠᠭᠰᠠᠨ ᠮᠤᠩᠭᠤᠯ ᠢ ᠨᠢᠭᠡᠳᠬᠡᠭᠰᠡᠨ
ᠪᠠᠬᠠᠷᠠᠨ ᠳᠡᠭᠡᠳᠥᠯᠡᠬᠥ ᠰᠤᠤ ᠤᠬᠠᠭᠠᠨ ᠪᠢᠯᠨ᠃
ᠡᠷᠡᠭᠡᠨ ᠂ ᠪᠢᠯᠢᠭ᠍ᠪᠠᠰᠠᠩ ᠵᠤᠬᠢᠶᠠᠪᠠ ᠂
2018ᠤᠨ10 ᠰᠠᠷ᠎ᠠ16 ᠣ ᠡᠳᠦᠷ ᠂
ᠬᠠᠶᠢᠯᠠᠷ ᠬᠤᠲᠠᠨ᠎ᠠ ᠪᠢᠴᠢᠪᠡᠢ ᠃