-
89408
ᠠᠪᠥ ᠳ᠋ᠠᠭᠠᠨ ᠡᠷᠭᠦᠬᠦ ᠦᠴᠢᠯ
2019-05-01 15:31
366
0
ᠤᠨ ᠵᠢᠯ ᠦᠨ ᠬᠦᠷᠳᠦ ᠡᠷᠬᠢᠯᠳᠦᠨ ᠤᠯᠠᠷᠢᠭᠰᠠᠭᠠᠷ ᠦᠨᠥ ᠵᠢᠯ ᠤᠯᠠᠭᠴᠢᠨ ᠲᠠᠬᠢᠶ᠎ᠠ ᠵᠢᠯ ᠪᠤᠯᠪᠠᠰᠦ᠂ ᠬᠦᠨᠳᠦᠳᠦ ᠠᠪᠤ᠂ ᠴᠢᠩᠭᠢᠰ ᠦᠨ ᠠᠯᠲᠠᠨ ᠤᠷᠤᠭ ᠤᠨ31 ᠳ᠋ᠦ᠋ᠭᠡᠷ ᠦᠶ᠎ᠡ ᠶᠢᠨ ᠦᠷ᠎ᠡ ᠬᠤᠢᠢᠴᠢ ᠪᠤᠯᠬᠤ ᠂ ᠲᠡᠤᠬᠡᠨ ᠳ᠋ᠡᠬᠢ ᠰᠢᠯᠢᠨ ᠭᠤᠤᠯ ᠠᠢᠢᠮᠠᠭ ᠤᠨ ᠰᠦᠨᠢᠳ ᠪᠠᠷᠠᠭᠤᠨ ᠬᠤᠰᠢᠭᠤᠨ ᠤ ᠬᠤᠰᠢᠭᠤ ᠲᠦᠭᠦᠷᠡᠩ ᠴᠢᠨ ᠸᠠᠩ ᠲᠡᠮᠡᠴᠤᠭᠳᠤᠩᠷᠤᠪ ᠸᠠᠩ ᠤᠨ ᠤᠤᠭᠠᠨ ᠬᠦᠪᠡᠭᠦᠨ ᠦᠶ᠎ᠡ ᠵᠠᠯᠭᠠᠭᠰᠠᠨ ᠰᠦᠨᠢᠳ ᠤᠭᠰᠠᠭᠠᠲᠠᠨ ᠤ16 ᠳ᠋ᠡᠬᠢ᠂ ᠮᠦᠨ ᠬᠦ ᠬᠠᠮᠤᠭ ᠰᠡᠭᠦᠯᠴᠢ ᠶᠢᠨ ᠵᠠᠰᠠᠭ ᠸᠠᠩ ᠳ᠋᠂ ᠳᠤᠭᠠᠷᠰᠦᠷᠦᠩ ᠤᠨ ᠮᠡᠨᠳᠦᠯᠡᠭᠰᠡᠨ100 ᠵᠢᠯ ᠬᠦᠷᠴᠦ ᠢᠷᠡᠪᠡ᠃
ᠡᠩ ᠲᠡᠷᠢᠭᠦᠨ ᠳᠦ᠂ ᠡᠵᠡᠨ ᠲᠡᠭᠡᠳᠦᠰ ᠦᠨ ᠬᠤᠷᠤᠢ ᠲᠠᠭᠤᠳᠠᠭᠰᠠᠨ ᠬᠦᠬᠡ ᠮᠦᠩᠭᠡ ᠲᠡᠭᠷᠢ ᠲᠡᠭᠡᠨ ᠰᠦ ᠰᠠᠴᠤᠯ ᠢᠶᠠᠨ ᠡᠷᠭᠦᠮᠥᠢ᠃ ᠪᠤᠶᠠᠨ ᠠᠮᠤᠭᠤᠯᠠᠩ ᠤᠨ ᠢᠪᠡᠭᠡᠯ ᠬᠠᠢᠷᠠᠯᠠᠭᠰᠠᠨ ᠪᠤᠷᠬᠠᠨ ᠬᠠᠯᠳᠤᠨ ᠠᠭᠤᠯᠠ ᠬᠠᠢᠢᠷᠬᠠᠨ ᠳ᠋ᠠᠭᠠᠨ ᠰᠦ ᠰᠠᠴᠤᠯ ᠢᠶᠠᠨ ᠡᠷᠭᠦᠮᠥᠢ᠃ ᠠᠪᠥ ᠶᠢᠨ ᠮᠢᠨᠢ ᠰᠢᠲᠦᠨ ᠲᠠᠬᠢᠳᠠᠭ ᠰᠦᠨᠢᠳ ᠤᠭᠰᠠᠭᠠᠨ ᠤ ᠠᠯᠲᠠᠨ ᠤᠪᠤᠭ᠎ᠠ᠂ ᠪᠠᠶᠠᠨ ᠤᠪᠤᠭ᠎ᠠ᠂ ᠬᠡᠢᠢᠮᠥᠷᠢ ᠰᠦᠯᠳᠠ ᠶᠢ ᠨᠢ ᠪᠠᠳᠠᠷᠠᠭᠠᠵᠦ ᠶᠠᠪᠤᠭᠰᠠᠨ ᠬᠦᠳᠡᠭᠡ ᠰᠦᠯᠳᠠ ᠳ᠋ᠡᠭᠡᠨ ᠰᠦ ᠰᠠᠴᠤᠯ ᠢᠶᠠᠨ ᠡᠷᠭᠦᠮᠥᠢ᠃ ᠠᠪᠥ ᠶᠢᠨ ᠤᠯᠠ ᠮᠦᠷ ᠰᠢᠩᠭᠡᠭᠰᠡᠨ ᠰᠦᠨᠢᠳ ᠦᠨ ᠲᠠᠯ᠎ᠠ᠂ ᠠᠭᠤᠯᠠ ᠬᠠᠢᠷᠬᠠᠨ᠂ ᠨᠠᠭᠤᠷ ᠪᠤᠯᠤᠨ ᠡᠪᠡᠰᠦ ᠤᠷᠭᠤᠮᠠᠯ᠂ ᠲᠠᠪᠤᠨ ᠬᠤᠰᠢᠭᠤ ᠮᠠᠯ᠂ ᠵᠢᠷᠭᠤᠭᠠᠨ ᠵᠦᠢᠯ ᠦᠨ ᠠᠮᠢᠲᠠᠨ ᠪᠤᠳᠠᠰ ᠲᠤ ᠰᠦ ᠰᠠᠴᠤᠯ ᠢᠶᠠᠨ ᠡᠷᠭᠦᠮᠥᠢ᠃ ᠡᠨᠡ ᠴᠠᠭ ᠮᠦᠴᠠ ᠳᠦ ᠪᠢᠳᠡᠨ ᠦ ᠰᠡᠳᠭᠢᠯ ᠮᠠᠰᠢ ᠬᠦᠨᠳᠦ ᠪᠠᠢᠢᠨ᠎ᠠ᠃ ᠶᠡᠷᠦ ᠶᠡᠷᠦ ᠶᠢᠨ ᠵᠢᠯ ᠡᠴᠠ ᠲᠠᠨ ᠢ ᠳᠤᠷᠠᠰᠴᠦ ᠰᠠᠨᠠᠭᠳᠠᠳᠠᠭ ᠪᠤᠳᠤᠯ ᠡᠴᠠ ᠨᠡᠩ ᠰᠢᠨᠠᠯᠭᠠᠲᠠᠢ ᠪᠠᠢᠨ᠎ᠠ᠃ ᠰᠡᠳᠭᠢᠯ ᠡᠮᠵᠡᠭ ᠪᠠᠢᠨ᠎ᠠ᠃ ᠲᠡᠯᠭᠡᠷᠡᠭᠦᠯᠦᠨ ᠦᠭᠦᠯᠡᠪᠡᠯ᠄ ᠮᠦᠰᠦ ᠴᠠᠰᠤ ᠪᠠᠷ ᠬᠤᠴᠢᠭᠳᠠᠭᠰᠠᠨ ᠡᠪᠦᠯ ᠴᠠᠭ ᠲᠤ ᠮᠤᠩᠭᠤᠯ ᠤᠯᠤᠰ ᠢ ᠴᠢᠭᠯᠡᠨ ᠵᠤᠷᠢᠭᠰᠠᠨ ᠨᠢ ᠵᠤᠭᠠᠴᠠᠬᠤ ᠪᠡᠷ ᠶᠠᠪᠤᠵᠦ ᠪᠠᠢᠭ᠎ᠠ ᠪᠤᠰᠤ᠂ ᠪᠠᠢᠢᠭᠠᠯᠢ ᠦᠵᠡᠮᠵᠢ ᠶᠢ ᠪᠠᠬᠠᠷᠬᠠᠵᠦ ᠰᠡᠳᠭᠢᠯ ᠢᠶᠡᠨ ᠰᠡᠷᠭᠦᠭᠡᠬᠦ ᠪᠡᠷ ᠵᠤᠷᠴᠢᠵᠦ ᠪᠠᠢᠢᠭ᠎ᠠ ᠪᠤᠰᠤ᠂ ᠠᠪᠤ ᠮᠢᠨᠢ ᠡᠨᠳᠠ ᠠᠮᠢᠳᠦᠷᠠᠵᠦ ᠪᠠᠢᠭᠰᠠᠨ ᠶᠤᠮ᠃ ᠡᠯᠢᠭᠡ ᠵᠢᠷᠦᠬᠡ ᠪᠡᠷ ᠢᠶᠠᠨ ᠲᠡᠮᠤᠤᠯᠡᠵᠦ ᠢᠷᠡᠭᠡᠳ ᠬᠦᠮᠦᠨ ᠴᠢᠰᠦ ᠬᠠᠷᠠᠭᠠᠯᠵᠠᠬᠤ ᠪᠡᠷ ᠡᠨᠳᠠ ᠨᠠᠰᠦᠨ ᠡᠴᠥᠰ ᠪᠤᠯᠤᠭᠰᠠᠨ ᠭᠡᠬᠦ ᠳᠤ ᠰᠡᠳᠭᠢᠯ ᠦᠨ ᠡᠭᠡᠳᠡᠷᠡᠭᠡ᠂ ᠵᠢᠷᠦᠬᠡᠨ ᠦ ᠡᠮᠵᠡᠭᠯᠡᠯ ᠤᠯᠠᠮ ᠰᠢᠷᠦᠭᠦᠰᠬᠦ ᠶᠤᠮ ᠪᠢᠯᠡ᠃ ᠳᠠᠬᠢᠨ ᠦᠭᠦᠯᠡᠬᠦ ᠳᠦ᠂ ᠦᠷ᠎ᠡ ᠬᠤᠢᠢᠴᠢ ᠪᠢᠳᠠ ᠠᠪᠤ ᠲᠠᠨ ᠢ ᠪᠠᠨ ᠴᠢᠩᠭᠢᠰ ᠦᠨ ᠠᠯᠲᠠᠨ ᠤᠷᠤᠭ ᠤᠨ ᠵᠢᠩᠬᠢᠨᠢ ᠤᠭᠰᠠᠭ᠎ᠠ ᠬᠤᠢᠢᠴᠢ ᠭᠡᠬᠦ ᠳᠦ ᠰᠡᠳᠭᠢᠯ ᠲᠦᠭᠦᠷᠡᠩ ᠤᠮᠤᠭᠰᠢᠯ ᠠᠯᠳᠠᠷᠰᠢᠯᠲᠠᠢ ᠪᠠᠢᠢᠳᠠᠭ᠃ ᠭᠡᠲᠡᠯ᠎ᠡ ᠪᠤᠶᠠᠨ ᠵᠠᠶᠠᠭ᠎ᠠ ᠡᠳ᠋ᠯᠡᠬᠦ ᠴᠡᠯ ᠵᠠᠯᠠᠭᠤ ᠨᠠᠰᠥᠨ ᠳᠤ ᠠᠪᠤ ᠲᠠᠨ ᠢ ᠨᠤᠲᠤᠭ ᠤᠨ ᠪᠤᠰᠤ ᠡᠲᠡᠭᠡᠳ᠂ ᠬᠠᠷᠢ ᠦᠨᠳᠦᠰᠦᠲᠡᠨ ᠴᠤ ᠪᠤᠰᠤ ᠬᠠᠷᠢᠨ ᠡᠯᠢᠭᠡ ᠨᠢᠭᠡᠲᠠᠢ ᠮᠤᠩᠭᠤᠯ ᠤᠭᠰᠠᠭᠠᠲᠠᠨ ᠬᠡᠮᠡᠭᠴᠢᠳ᠂ ᠤᠯᠤᠰ ᠤᠨ ᠬᠠᠤᠯᠢ ᠭᠡᠳᠡᠭ ᠢᠶᠡᠷ ᠳᠠᠯᠠᠢᠯᠭᠠᠵᠦ᠂ ᠬᠢᠯᠢᠰ ᠢᠶᠡᠷ ᠭᠦᠵᠢᠷᠳᠡᠨ ᠬᠡᠷᠡᠭ ᠲᠤᠯᠭᠠᠵᠦ ᠴᠠᠭᠠᠵᠠ ᠪᠡᠷ ᠭᠦᠢᠴᠡᠳᠭᠡᠨ ᠬᠤᠤᠷᠯᠠᠭᠰᠠᠨ ᠦᠨᠡᠨ ᠲᠡᠮᠳᠡᠭᠯᠡᠯ ᠳᠠᠯᠳᠠ ᠳᠠᠯᠳᠠᠯᠠᠭᠳᠠᠭᠠᠳ40 ᠵᠢᠯ᠂ ᠪᠠᠷᠤᠭ ᠬᠠᠭᠠᠰ ᠵᠠᠭᠤᠨ ᠤ ᠲᠠᠷᠠᠭ᠎ᠠ ᠨᠠᠷᠠ ᠦᠵᠡᠨ ᠢᠯᠡᠷᠡᠬᠦ ᠳᠦ ᠪᠢᠳᠡᠨ ᠦ ᠵᠢᠷᠦᠬᠡ ᠰᠢᠮᠰᠢᠷᠡᠵᠦ᠂ ᠰᠡᠳᠭᠢᠯ ᠡᠮᠵᠡᠭᠯᠡᠪᠡ᠃ ᠤᠷᠤᠭ᠎ᠠ ᠪᠤᠰᠬᠠᠭ᠎ᠠ ᠨᠢᠭᠡ ᠵᠠᠭᠤᠨ ᠤ ᠤᠨ ᠵᠢᠯ ᠦᠨ ᠦᠶ᠎ᠡ ᠳᠦ ᠠᠪᠤ ᠮᠢᠨᠢ ᠲᠠ ᠭᠡᠷ ᠤᠭᠰᠠᠭ᠎ᠠ ᠪᠠᠨ ᠦᠭᠡᠳᠡᠯᠡᠭᠦᠯᠵᠦ ᠰᠦᠨᠢᠳ ᠦᠨ ᠠᠯᠳᠠᠨ ᠬᠦᠷᠦᠰᠦᠨ ᠳᠦ ᠤᠨᠠᠵᠦ ᠵᠠᠶᠠᠭᠠᠭᠳᠠᠭᠰᠠᠨ᠃ ᠶᠢᠷᠲᠢᠨᠴᠦ ᠶᠢᠨ ᠠᠯᠢᠪᠠ ᠦᠢᠯᠠ ᠤᠷᠪᠠᠭᠠᠨ ᠬᠦᠷᠪᠡᠭᠡᠨ ᠢᠶᠡᠷ ᠲᠦᠭᠦᠷᠴᠦ ᠪᠠᠢᠢᠬᠤ ᠳᠤ ᠦᠪᠡᠷ ᠤᠨ ᠡᠮᠡᠭᠡ ᠡᠵᠢ᠂ ᠡᠴᠢᠭᠡ ᠸᠠᠩ ᠤᠨ ᠦᠷᠦᠰᠢᠶᠡᠯ ᠬᠠᠢᠢᠷ᠎ᠠ ᠪᠡᠷ ᠪᠦᠪᠡᠢᠯᠡᠭᠳᠡᠨ ᠮᠤᠩᠭᠤᠯ ᠰᠤᠶᠤᠯ ᠢᠶᠠᠷ ᠢᠶᠠᠨ ᠬᠦᠮᠦᠵᠢᠵᠦ᠂ ᠡᠷ᠎ᠡ ᠶᠢᠨ ᠴᠡᠭᠡᠨ ᠳᠦ ᠬᠦᠷᠬᠦ ᠦᠶ᠎ᠡ ᠪᠡᠷ ᠢᠶᠠᠨ ᠬᠤᠰᠢᠭᠤ ᠵᠠᠰᠠᠭ ᠢ ᠪᠠᠷᠢᠵᠦ ᠶᠠᠪᠤᠭᠰᠠᠨ᠃ ᠵᠢᠷᠦᠮ ᠢ ᠲᠡᠭᠡᠳᠦᠯᠡᠵᠦ᠂ ᠠᠴᠢᠯᠠᠯ ᠢ ᠭᠦᠢᠴᠡᠳᠭᠡᠨ᠂ ᠡᠴᠢᠭᠡ ᠸᠠᠩ ᠤᠨ ᠵᠠᠬᠢᠶ᠎ᠠ ᠵᠠᠷᠯᠢᠭ ᠢᠶᠠᠷ ᠬᠡᠳᠦᠨᠲᠠ ᠠᠯᠥᠰ ᠭᠦᠷᠦᠨ ᠶᠠᠫᠥᠨ ᠬᠦᠷᠴᠦ ᠪᠤᠯᠪᠠᠰᠦᠷᠠᠵᠦ ᠢᠷᠡᠭᠰᠡᠨ᠃ ᠲᠦᠷᠦᠯᠬᠢ ᠬᠡᠯᠡ ᠮᠤᠩᠭᠤᠯ ᠬᠡᠯᠡᠨ ᠳ᠋ᠡᠭᠡᠨ ᠨᠡᠪᠲᠡᠷᠡᠭᠰᠡᠨ ᠢᠶᠡᠷ ᠦᠯᠦ ᠪᠠᠷᠠᠮ ᠬᠠᠷᠢ ᠬᠡᠯᠡ ᠬᠢᠲᠠᠳ᠂ ᠶᠠᠫᠥᠨ᠂ ᠤᠷᠤᠰ ᠬᠡᠯᠡ ᠶᠢ ᠬᠠᠮᠲᠤ ᠳᠤ ᠨᠢ ᠲᠡᠭᠰᠢ ᠰᠤᠷᠴᠦ ᠴᠢᠳᠠᠭᠰᠠᠨ᠃ ᠲᠡᠭᠷᠢ ᠵᠠᠶᠠᠭᠠᠨ ᠤ ᠰᠦᠨᠢᠳ ᠬᠦᠪᠡᠭᠦᠨ ᠰᠢᠳᠦᠷᠭᠤ ᠶᠤᠰᠦᠨᠠ ᠵᠢᠳᠭᠦᠵᠦ᠂ ᠮᠤᠩᠭᠤᠯ ᠲᠡᠤᠬᠡ ᠰᠤᠶᠤᠯ ᠢᠶᠠᠨ ᠲᠡᠭᠡᠳᠦᠯᠡᠵᠦ ᠰᠦᠨᠢᠳ ᠤᠨ ᠲᠡᠥᠬᠡ ᠶᠢᠨ ᠴᠠᠳᠢᠭ ᠲᠤ ᠨᠡᠷ᠎ᠡ ᠪᠠᠨ ᠲᠤᠳᠤ ᠦᠯᠡᠳᠡᠭᠰᠡᠨ ᠮᠤᠩᠭᠤᠯ ᠬᠦᠮᠦᠨ ᠦ ᠴᠠᠢᠢᠯᠭᠠᠨ ᠰᠡᠳᠭᠢᠯ ᠢᠶᠡᠷ ᠰᠦᠨᠢᠳ ᠨᠤᠲᠤᠭ ᠲᠠᠭᠠᠨ ᠵᠠᠰᠠᠭᠯᠠᠵᠤ ᠠᠮᠢᠳᠦᠷᠠᠯ ᠤᠨ ᠢᠶᠠᠨ ᠰᠡᠭᠦᠯᠴᠢ ᠶᠢᠨ ᠴᠠᠭ ᠲᠤ ᠪᠦᠭᠦᠳᠠ ᠨᠠᠢᠷᠠᠮᠳᠠᠬᠤ ᠮᠤᠩᠭᠤᠯ ᠠᠷᠠᠳ ᠤᠯᠤᠰ ᠢ ᠴᠢᠭᠯᠡᠭᠰᠡᠨ ᠨᠢ ᠬᠡᠯᠡ ᠤᠭᠰᠠᠭ᠎ᠠ ᠨᠢᠭᠡᠲᠠᠢ ᠴᠤ ᠰᠠᠨᠠᠭ᠎ᠠ ᠵᠤᠷᠢᠯᠲᠠ ᠦᠭᠡᠷ᠎ᠡ ᠬᠦᠮᠦᠰ ᠤᠨ ᠮᠡᠬᠡᠨ ᠳᠦ ᠤᠷᠤᠵᠦ᠂ ᠲᠡᠨᠳᠠ ᠪᠠᠨ ᠴᠠᠭᠠᠵᠠ ᠶᠢᠨ ᠶᠠᠯᠠᠲᠠᠨ ᠪᠤᠯᠬᠤ ᠵᠠᠶᠠᠭ᠎ᠠ ᠬᠦᠯᠢᠶᠡᠭᠰᠡᠨ᠃ ᠲᠡᠭᠷᠢ ᠭᠠᠵᠠᠷ ᠬᠠᠷᠠᠩᠭᠤᠢᠢᠯᠠᠵᠤ᠂ ᠦᠨᠡᠨ ᠴᠠᠭᠠᠨ ᠬᠤᠳᠬᠤᠯᠳᠤᠭᠰᠠᠨ ᠲᠡᠷᠡ ᠦᠶ᠎ᠡ ᠳᠦ ᠠᠪᠤ ᠮᠢᠨᠢ ᠠᠭᠰᠠᠮᠨᠠᠭᠴᠢ ᠰᠢᠭᠦᠭᠴᠢ ᠶᠢᠨ ᠭᠦᠳᠭᠡᠯᠭᠡ᠂ ᠲᠠᠮᠠᠯᠠᠯ᠂ ᠬᠠᠤᠯᠢᠴᠢᠳ ᠬᠡᠮᠡᠭᠴᠢ ᠬᠦᠮᠦᠨ ᠦ ᠡᠷᠡᠭᠦᠦ ᠲᠠᠮᠠᠯᠠᠯ ᠤᠨ ᠲᠤᠮᠳᠠ ᠬᠦᠮᠦᠬᠡᠢ ᠪᠠᠨ ᠵᠠᠭᠤᠵᠤ᠂ ᠰᠢᠨᠲᠠᠰᠦ ᠪᠠᠨ ᠰᠤᠭᠤᠯᠠᠭᠤᠯᠤᠭᠰᠠᠨ ᠭᠤᠨᠢᠭᠲᠤ ᠤᠴᠠᠷᠠᠯ ᠲᠠᠢ᠃ ᠡᠨᠡ ᠮᠡᠲᠦ ᠶᠢᠨ ᠶᠠᠯ᠎ᠠ ᠲᠠᠮᠠᠯᠠᠯ3 ᠬᠤᠨᠤᠭ ᠦᠷᠭᠦᠯᠵᠢᠯᠡᠵᠦ35 ᠨᠠᠰᠤ ᠪᠤᠶᠤ ᠢᠳᠡᠷ ᠨᠠᠰᠤ ᠲᠠᠢ ᠳ᠋ᠠᠭᠠᠨ ᠬᠢᠯᠢᠰ ᠢᠶᠡᠷ ᠳᠠᠷᠤᠮᠲᠠᠯᠠᠭᠳᠠᠵᠤ ᠬᠠᠯᠬ᠎ᠠ ᠶᠢᠨ ᠲᠠᠯ᠎ᠠ ᠳᠤ ᠬᠤᠤᠷᠯᠠᠭᠳᠠᠭᠰᠠᠨ ᠬᠠᠷ᠎ᠠ ᠠᠮᠰᠠᠯ ᠲᠠᠢ ᠲᠡᠭᠦᠰᠭᠡᠯ ᠲᠠᠢ᠃ ᠡᠢᠢᠨᠬᠦ ᠴᠢᠩᠭᠢᠰ ᠬᠠᠭᠠᠨ ᠤ ᠮᠡᠨᠳᠦᠯᠡᠭᠰᠡᠨ ᠨᠤᠲᠤᠭ ᠲᠤ ᠠᠪᠤ ᠶᠢᠨ ᠮᠢᠨᠢ ᠡᠯᠢᠭᠡ ᠡᠮᠲᠡᠷᠡᠭᠰᠡᠨ ᠤᠨ ᠵᠢᠯ ᠦᠳ ᠢ ᠪᠤᠳᠤᠬᠤ ᠪᠡᠷ ᠨᠠᠮᠠᠶᠢ ᠮᠡᠳᠡᠭᠡ ᠤᠷᠤᠭᠰᠠᠨ ᠡᠴᠠ ᠠᠪᠬᠠᠭᠤᠯᠤᠭᠠᠳ ᠭᠡᠷ ᠲᠡᠭᠡᠨ ᠠᠪᠤ ᠭᠡᠵᠦ ᠲᠠᠭᠤᠳᠠᠬᠤ ᠡᠴᠠ ᠵᠢᠷᠦᠬᠡᠰᠢᠶᠡᠳᠡᠭ᠃ ᠶᠠᠭᠠᠬᠢᠭᠠᠳ ᠭᠡᠳᠡᠭ ᠠᠰᠠᠭᠤᠯᠲᠠ ᠳᠤ ᠬᠠᠷᠢᠭᠤᠯᠲᠠ ᠶᠡᠷᠦ ᠦᠭᠳᠡᠭ ᠦᠭᠡᠢ ᠳᠡᠭᠡᠷ᠎ᠡ ᠵᠠᠭᠤᠨ ᠤ 50ᠵᠢᠷᠠᠭᠠᠳ ᠤᠨ ᠤ ᠰᠡᠭᠦᠯᠴᠢ᠃ ᠵᠠᠯᠠᠭᠤ ᠽᠠᠨᠳᠠᠨ ᠨᠠᠮ ᠨᠠᠰᠤ ᠬᠦᠷᠬᠦ ᠳᠦ ᠠᠪᠤ ᠮᠢᠨᠢ ᠴᠤᠬᠤᠮ ᠶᠠᠮᠠᠷ ᠬᠦᠮᠦᠨ ᠪᠠᠢᠢᠭᠰᠠᠨ ᠪᠤᠯ ᠭᠡᠳᠡᠭ ᠢ ᠰᠡᠳᠭᠢᠯ ᠳ᠋ᠡᠭᠡᠨ ᠲᠠᠷᠤᠵᠦ᠂ ᠪᠤᠳᠤᠯ ᠳ᠋ᠠᠭᠠᠨ ᠬᠤᠨᠤᠭᠰᠢᠭᠤᠯᠤᠭᠰᠠᠨ ᠲᠡᠭᠡᠷ᠎ᠡ ᠵᠠᠭᠤᠨ ᠤ70᠂ ᠨᠠᠶᠠᠭᠠᠳ ᠤᠨ᠃ ᠡᠯᠢᠭᠡᠨ ᠬᠠᠢᠢᠷ᠎ᠠ ᠶᠢ ᠴᠢᠨᠢ ᠬᠦᠷᠲᠡᠬᠦ ᠠᠵᠠ ᠵᠢᠷᠭᠠᠯ ᠢ ᠬᠦᠷᠲᠡᠭᠡ ᠦᠭᠡᠢ40 ᠵᠢᠯ ᠦᠨ ᠲᠠᠷᠠᠭ᠎ᠠ ᠵᠢᠷᠤᠭ ᠰᠡᠭᠦᠳᠡᠷ ᠢᠶᠡᠷ ᠲᠠᠨ ᠲᠠᠢ ᠠᠩᠬ᠎ᠠ ᠲᠠᠨᠢᠯᠴᠠᠬᠤ ᠳᠤ ᠰᠡᠳᠭᠢᠯ ᠤᠯᠠᠮ ᠬᠦᠨᠳᠦᠷᠡᠵᠦ᠂ ᠪᠤᠳᠤᠯ ᠲᠤᠭᠲᠠᠭᠰᠠᠨ90 ᠭᠡᠳ ᠤᠨ ᠤ ᠡᠬᠢᠨ ᠦᠶ᠎ᠡ᠃ ᠴᠠᠭ ᠴᠠᠭ ᠢᠶᠠᠷ ᠢᠶᠠᠨ ᠪᠠᠢᠢᠳᠠᠭ ᠦᠭᠡᠢ᠂ ᠴᠠᠬᠢᠯᠳᠠᠭ ᠬᠦᠬᠡ ᠪᠡᠷ ᠢᠶᠠᠨ ᠪᠠᠢᠢᠳᠠᠭ ᠦᠭᠡᠢ᠃
ᠬᠦᠨᠳᠦᠳᠦ ᠠᠪᠤ ᠲᠠᠨ ᠤ ᠬᠢᠯᠢᠰ ᠰᠦᠨᠡᠰᠦ ᠲᠦᠭᠡᠷᠡᠨ ᠲᠡᠨᠥᠭᠰᠡᠨ40 ᠵᠢᠯ ᠦᠨ ᠳᠠᠷᠠᠭ᠎ᠠ ᠲᠠᠨ ᠤ ᠬᠡᠯᠮᠡᠭᠳᠡᠭᠰᠡᠨ ᠲᠡᠷᠡ ᠶᠡᠬᠡ ᠮᠤᠩᠭᠤᠯ ᠤᠯᠤᠰ ᠲᠤ ᠠᠷᠠᠳᠴᠢᠯᠠᠯ ᠤᠨ ᠡᠷᠬᠡ ᠴᠢᠯᠦᠭᠡ ᠮᠡᠳᠡᠷᠡᠭᠳᠡᠵᠦ ᠲᠡᠮᠡᠴᠤᠭᠳᠤᠩᠷᠤᠪ ᠤᠪᠤᠭᠲᠠᠢ ᠳᠤᠭᠠᠷᠰᠦᠷᠦᠩ1952 ᠤᠨ ᠳᠤ ᠤᠯᠤᠰ ᠲᠦᠷᠤ ᠶᠢᠨ ᠭᠡᠮᠲᠦ ᠬᠡᠷᠡᠭ ᠢᠶᠡᠷ ᠰᠢᠢᠳᠭᠡᠭᠳᠦᠭᠰᠡᠨ ᠢ ᠬᠢᠨᠠᠨ ᠦᠵᠡᠬᠦ ᠳᠦ ᠲᠤᠰ ᠬᠡᠷᠡᠭ ᠲᠦ ᠬᠢᠯᠢᠰ ᠢᠶᠡᠷ ᠰᠢᠢᠳᠭᠡᠭᠳᠦᠭᠰᠡᠨ ᠨᠢ ᠲᠤᠭᠲᠠᠭᠠᠭᠳᠠᠭᠰᠠᠨ ᠭᠡᠬᠦ ᠮᠤᠩᠭᠤᠯ ᠤᠯᠤᠰ ᠤᠨ ᠲᠡᠭᠡᠳᠦ ᠰᠢᠭᠦᠬᠦ ᠡᠴᠠ ᠤᠯᠭᠤᠭᠰᠠᠨ ᠴᠠᠭᠠᠳᠬᠠᠭᠰᠠᠨ ᠦᠨᠡᠮᠡᠯᠡᠬᠦ ᠶᠢ ᠲᠠᠨᠢ ᠬᠡᠳᠦᠨ ᠦᠨᠤᠴᠢᠨ ᠦᠷ᠎ᠡ ᠴᠢᠨᠢ ᠲᠤᠰᠤᠨ ᠠᠪᠤᠭᠰᠠᠨ᠃ ᠠᠪᠠᠭ᠎ᠠ ᠳ᠋᠂ ᠤᠴᠢᠷᠪᠠᠲᠤ ᠡᠨᠡᠬᠦ ᠠᠵᠢᠯ ᠬᠡᠷᠡᠭ ᠢ ᠪᠡᠶ᠎ᠡ ᠪᠡᠷ ᠪᠡᠶᠡᠯᠡᠭᠦᠯᠵᠦ ᠂ ᠠᠪᠤ ᠲᠠᠨ ᠤ ᠠᠷᠢᠭᠤᠨ ᠰᠦᠨᠡᠰᠦ ᠶᠢ ᠠᠮᠤᠷᠵᠢᠭᠤᠯᠬᠤ ᠬᠦᠰᠢᠶ᠎ᠡ ᠪᠤᠰᠬᠠᠭᠰᠠᠨ ᠠᠯᠳᠠᠷ ᠢ ᠡᠨᠳᠠ ᠲᠤᠬᠠᠢᠢᠯᠠᠨ ᠲᠠᠨ ᠳᠤ ᠦᠭᠦᠯᠡᠨ ᠦᠴᠢᠮᠥᠢ᠃
ᠡᠵᠢ ᠮᠢᠨᠢ ᠲᠡᠷᠡ ᠶᠡᠬᠡ ᠲᠡᠭᠷᠢ ᠨᠢᠷᠭᠡᠭᠰᠡᠨ ᠠᠶᠥᠯᠲᠤ ᠤᠨ ᠰᠠᠷ᠎ᠠ ᠳᠤ ᠲᠡᠷᠡᠬᠡᠨ ᠵᠠᠭᠤᠷ᠎ᠠ ᠳᠤ ᠢᠵᠠᠭᠤᠷᠲᠠᠨ ᠬᠠᠲᠤᠭᠲᠠᠢ ᠪᠠᠢᠢᠭᠰᠠᠨ ᠡᠴᠠ ᠦᠨᠦᠴᠢᠨ ᠪᠡᠯᠪᠡᠰᠦᠨ ᠵᠠᠶᠠᠭᠠᠨ ᠳᠤ ᠬᠦᠲᠦᠯᠦᠭᠳᠡᠬᠦ ᠪᠤᠯᠤᠭᠰᠠᠨ᠃ ᠡᠵᠢ ᠮᠢᠨᠢ ᠲᠠᠨ ᠤ ᠮᠦᠷ ᠰᠤᠷᠠᠭ ᠦᠭᠡᠢ ᠪᠤᠯᠤᠭᠰᠠᠨ ᠡᠯᠡᠷ ᠪᠠᠯᠠᠷ40 ᠵᠢᠯ ᠦᠨ ᠬᠠᠲᠠᠭᠤ ᠬᠦᠴᠢᠷ ᠡᠳᠦᠷ ᠦᠳ ᠲᠦ4 ᠦᠷ᠎ᠡ ᠪᠡᠨ ᠪᠦᠪᠠᠢᠢᠯᠡᠨ ᠦᠰᠭᠡᠵᠤ᠂ ᠬᠦᠮᠦᠨ ᠵᠡᠷᠭᠡ ᠲᠤ ᠬᠦᠷᠭᠡᠵᠦ ᠶᠠᠪᠤᠭᠰᠠᠨ᠃ ᠠᠴᠢᠯᠠᠯᠲᠤ ᠡᠵᠢ ᠮᠢᠨᠢ ᠦᠲᠡᠯ᠎ᠡ ᠨᠠᠰᠤᠨ ᠳ᠋ᠠᠭᠠᠨ4 ᠦᠶ᠎ᠡ ᠶᠢᠨ ᠠᠴᠢ ᠵᠢᠭᠡ ᠪᠡᠷ ᠢᠶᠡᠨ ᠪᠡᠶ᠎ᠡ ᠪᠠᠨ ᠲᠤᠭᠤᠷᠢᠭᠤᠯᠤᠨ ᠵᠢᠷᠭᠠᠵᠤ᠂89 ᠨᠠᠰᠤᠨ ᠳ᠋ᠠᠭᠠᠨ ᠨᠠᠰᠤᠨ ᠬᠤᠲᠤᠭ ᠡᠳ᠋ᠯᠡᠵᠦ ᠬᠤᠢᠢᠳᠤ ᠵᠢᠯ ᠳᠦ ᠨᠠᠰᠤ ᠦᠭᠡᠳᠠ ᠪᠤᠯᠤᠭᠰᠠᠨ ᠢ ᠲᠤᠭᠠᠴᠢᠨ ᠲᠠᠨ ᠳᠤ ᠦᠴᠢᠮᠥᠢ᠃ ᠲᠡᠭᠷᠢ ᠵᠠᠶᠠᠭᠠᠨ ᠤ ᠠᠷᠢᠭᠤᠨ ᠰᠦᠨᠡᠰᠦ65 ᠵᠢᠯ ᠰᠦᠨᠢᠳ ᠦᠨ ᠨᠤᠲᠤᠭ ᠢᠶᠠᠨ ᠴᠢᠭᠯᠡᠭᠰᠡᠭᠡᠷ ᠠᠪᠤ ᠲᠠᠨ ᠤ ᠪᠤᠭᠤᠨᠢ ᠲᠡᠤᠬᠡ100 ᠵᠢᠯ ᠵᠤᠷᠠᠢᠭᠰᠠᠭᠠᠷ᠃ ᠲᠦᠷᠦᠯᠬᠢ ᠵᠠᠶᠠᠭ᠎ᠠ᠂ ᠲᠦᠷᠦᠭᠰᠡᠨ ᠤᠳᠤᠮ ᠤᠨ ᠦᠷ᠎ᠡ ᠬᠤᠢᠢᠴᠢ ᠶᠢᠨ ᠰᠡᠳᠭᠢᠯ ᠳᠦ ᠠᠪᠤ ᠲᠠᠨ ᠤ ᠭᠡᠭᠡᠨ ᠳᠦᠷᠢ ᠦᠨᠢ ᠮᠦᠩᠬᠡ ᠠᠮᠢᠯᠥᠮᠤᠢ᠃ ᠦᠷ᠎ᠡ ᠬᠤᠢᠢᠴᠢ ᠪᠤᠯᠤᠭᠰᠠᠨ ᠪᠢᠳᠠ ᠲᠡᠭᠡᠳᠦᠰ ᠡᠴᠠ ᠤᠳᠤᠮᠯᠠᠵᠤ ᠦᠯᠡᠳᠡᠭᠰᠡᠨ ᠰᠢᠯᠢᠳᠡᠭ ᠵᠠᠩ ᠴᠢᠨᠠᠷ᠂ ᠡᠷᠬᠢᠮ ᠲᠡᠭᠡᠳᠦᠰ ᠪᠤᠯᠤᠨ ᠪᠤᠯᠪᠠᠰᠦᠨ᠂ ᠪᠤᠰᠤᠳ ᠡᠴᠠ ᠲᠠᠪᠠᠭᠰᠠᠨ ᠠᠪᠢᠶᠠᠰ ᠴᠢᠳᠠᠪᠥᠷᠢ ᠶᠢ ᠲᠠᠨᠢ ᠡᠷᠬᠢᠮᠯᠡᠨ ᠬᠠᠳᠠᠭᠠᠯᠠᠵᠦ ᠬᠢᠴᠢᠶᠡᠩᠭᠦᠢᠯᠡᠨ ᠶᠠᠪᠤᠨ᠎ᠠ᠃ ᠠᠯᠳᠠᠷ ᠨᠡᠷ᠎ᠡ᠂ ᠠᠴᠢ ᠭᠠᠪᠢᠶ᠎ᠠ ᠶᠢ ᠲᠠᠨᠢ ᠵᠦᠢ ᠵᠤᠬᠢᠰᠲᠠᠢ᠂ ᠵᠦᠪ ᠵᠢᠷᠤᠮ ᠢᠶᠠᠷ ᠠᠯᠳᠠᠷᠰᠢᠭᠤᠯᠤᠨ ᠵᠢᠷᠤᠮᠯᠠᠨ᠎ᠠ᠃ ᠬᠢᠴᠢᠶᠡᠯ ᠰᠤᠷᠭᠠᠯ ᠢ ᠲᠠᠨᠢ ᠴᠢᠩᠭ᠎ᠠ ᠵᠢᠷᠤᠮᠯᠠᠨ᠂ ᠬᠤᠪᠢ ᠳ᠋ᠠᠭᠠᠨ ᠴᠢᠩᠭ᠎ᠠ ᠰᠠᠬᠢᠨ᠂ ᠬᠤᠪᠢ ᠶᠢᠨ ᠠᠰᠢᠭ ᠰᠤᠨᠢᠷᠬᠠᠯ᠂ ᠨᠡᠷ᠎ᠡ ᠲᠦᠷᠦ ᠶᠢ ᠡᠰᠡ ᠬᠦᠭᠡᠴᠡᠯᠳᠦᠨ᠂ ᠮᠤᠩᠭᠤᠯ ᠲᠡᠭᠡᠳᠦᠰ ᠶᠢᠨ ᠢᠶᠡᠨ ᠰᠦ ᠰᠢᠭ ᠴᠠᠢᠢᠯᠭᠠᠨ ᠰᠡᠳᠭᠢᠯ᠂ ᠦᠨᠡᠨᠴᠢ ᠰᠠᠨᠠᠭ᠎ᠠ ᠪᠡᠷ ᠤᠷᠤᠰᠢᠨ ᠠᠮᠢᠳᠦᠷᠠᠨᠠ᠃ ᠦᠪᠡᠷ ᠦᠨ ᠵᠢᠵᠢᠭᠬᠡᠨ ᠠᠮᠢ᠂ ᠪᠤᠳᠠᠭᠠᠯᠢ ᠪᠡᠶ᠎ᠡ ᠶᠢᠨ ᠬᠤᠪᠢ ᠳᠤ ᠲᠡᠭᠡᠳᠦᠰ ᠢᠶᠡᠨ ᠲᠡᠭᠡᠳᠦᠯᠡᠵᠦ᠂ ᠠᠯᠳᠠᠷ ᠠᠴᠢ ᠶᠢ ᠲᠠᠨᠢ ᠤᠮᠠᠷᠲᠠᠯ ᠦᠭᠡᠢ ᠮᠤᠩᠭᠤᠯ ᠰᠤᠶᠤᠯ ᠳ᠋ᠠᠭᠠᠨ ᠵᠢᠳᠭᠦᠯ ᠲᠠᠢ᠂ ᠮᠤᠩᠭᠤᠯ ᠲᠦᠮᠡᠨ ᠳ᠋ᠡᠭᠡᠨ ᠲᠤᠰᠠ ᠲᠠᠢ ᠠᠵᠢᠯ ᠢ ᠬᠢᠵᠦ ᠪᠦᠲᠦᠭᠡᠬᠦ ᠪᠡᠷ ᠴᠢᠷᠮᠠᠢᠢᠨᠠ ᠭᠡᠳᠡᠭ ᠢᠶᠡᠨ ᠠᠪᠤ ᠳ᠋ᠠᠭᠠᠨ ᠦᠴᠢᠮᠥᠢ᠃ ᠲᠡᠭᠡᠳᠤ ᠢᠵᠠᠭᠤᠷ ᠤᠨ ᠢᠷᠦᠭᠡᠯ ᠲᠡᠭᠷᠢ ᠶᠢᠨ ᠴᠠᠭᠠᠨ᠎ᠠ ᠡᠴᠠ ᠬᠤᠷᠤᠢ ᠬᠤᠷᠤᠢ᠃ ᠬᠦᠨᠳᠦ ᠠᠯᠳᠠᠷ ᠲᠠᠢ ᠲᠡᠭᠡᠳᠦᠰ ᠮᠢᠨᠢ ᠢᠪᠡᠭᠡᠬᠦ ᠪᠤᠯᠲᠤᠭᠠᠢ᠂ ᠬᠤᠷᠤᠢ ᠂ ᠬᠤᠷᠥᠢ᠂ ᠬᠤᠷᠤᠢ᠃ ᠨ᠂ ᠳᠡᠮᠡᠴᠤᠭᠳᠤᠩᠷᠤᠪ ᠤᠨ ᠵᠢᠩᠬᠢᠨᠢ ᠤᠳᠤᠮ ᠤᠨ2 ᠳ᠋ᠤᠭᠠᠷ ᠦᠶ᠎ᠡ᠂3 ᠳ᠋ᠤᠭᠠᠷ ᠦᠶ᠎ᠡ᠂ 4 ᠳ᠋ᠦ᠋ᠭᠡᠷ ᠦᠶ᠎ᠡ᠂ 5 ᠳ᠋ᠤᠭᠠᠷ ᠦᠶ᠎ᠡ᠂ 6 ᠳ᠋ᠤᠭᠠᠷ ᠦᠶ᠎ᠡ ᠶᠢᠨ ᠪᠦᠬᠦ ᠦᠷ᠎ᠡ ᠬᠤᠢᠢᠴᠢ ᠶᠢ ᠲᠦᠯᠦᠭᠡᠯᠡᠨ ᠡᠨᠳᠠ ᠲᠠᠨ ᠳ᠋ᠠᠭᠠᠨ ᠦᠴᠢᠯ ᠡᠷᠭᠦᠵᠦ ᠪᠠᠢᠢᠨ᠎ᠠ᠃ ᠠᠷᠭ᠎ᠠ ᠶᠢᠨ ᠤᠯᠠᠷᠢᠯ ᠤᠨ2000 ᠪᠦᠭᠡᠳ17 ᠤᠨ ᠤ12 ᠳ᠋ᠤᠭᠠᠷ ᠰᠠᠷ᠎ᠠ ᠶᠢᠨ12 ᠦ ᠡᠳᠦᠷ᠂ ᠪᠢᠯᠢᠭ ᠦᠨ ᠤᠯᠠᠷᠢᠯ ᠤᠨ ᠤᠯᠠᠭᠴᠢᠨ ᠲᠠᠬᠢᠶ᠎ᠠ ᠵᠢᠯ ᠦᠨ10 ᠳ᠋ᠤᠭᠠᠷ ᠰᠠᠷ᠎ᠠ ᠶᠢᠨ25 ᠦ ᠡᠳᠦᠷ ᠰᠦᠨᠢᠳ ᠪᠠᠷᠠᠭᠤᠨ ᠬᠤᠰᠢᠭᠤᠨ ᠤ ᠰᠡᠯᠪᠢᠨ ᠵᠠᠰᠠᠭᠰᠠᠨ ᠸᠠᠩ ᠤᠨ ᠤᠷᠳᠤᠨ ᠤ ᠭᠠᠳᠠᠨ᠎ᠠ ᠠᠪᠤ ᠲᠠᠨ ᠳᠠᠭᠠᠨ ᠡᠷᠭᠦᠬᠦ ᠦᠴᠢᠯ ᠢᠶᠡᠨ ᠠᠩᠬ᠎ᠠ ᠦᠴᠢᠭᠰᠡᠨ ᠪᠢᠯᠡ᠃ ᠦᠨᠥᠳᠥᠷ ᠮᠤᠩᠭᠤᠯ ᠤᠯᠤᠰ ᠤᠨ ᠬᠢᠯᠢ ᠳᠦ ᠪᠠᠢᠢᠭ᠎ᠠ ᠪᠤᠷᠬᠠᠨ ᠬᠠᠯᠳᠤᠨ ᠠᠭᠤᠯᠠ ᠪᠠᠨ ᠪᠠᠷᠠᠭᠠᠳᠠᠨ ᠪᠠᠢᠢᠵᠦ᠂ ᠲᠠᠨ ᠤ ᠶᠠᠰᠤ ᠨᠡᠷ᠎ᠡ ᠪᠠᠨ ᠦᠯᠡᠳᠡᠭᠰᠡᠨ ᠭᠠᠵᠠᠷ ᠨᠤᠲᠤᠭ ᠢ ᠵᠤᠷᠢᠨ ᠢᠷᠡᠵᠦ ᠠᠪᠤ ᠲᠠᠨ ᠤ ᠪᠠᠨ ᠮᠡᠨᠳᠦᠯᠡᠭᠰᠡᠨ100 ᠵᠢᠯ ᠢ ᠳᠤᠷᠠᠰᠤᠬᠤᠢ ᠠᠵᠢᠯᠯᠠᠭ᠎ᠠ ᠶᠠᠪᠤᠭᠤᠯᠵᠦ᠂ ᠲᠠᠬᠢᠯᠭ᠎ᠠ ᠦᠴᠢᠯ ᠢᠶᠡᠨ ᠡᠷᠭᠦᠵᠦ ᠪᠠᠢᠢᠨ᠎ᠠ᠃ ᠠᠷᠭ᠎ᠠ ᠶᠢᠨ ᠤᠯᠠᠷᠢᠯ ᠤᠨ2017 ᠤᠨ ᠤ12 ᠰᠠᠷ᠎ᠠ ᠶᠢᠨ20 ᠦ ᠡᠳᠦᠷ᠂ ᠪᠢᠯᠢᠭ ᠦᠨ ᠤᠯᠠᠷᠢᠯ ᠤᠨ11 ᠳ᠋ᠤᠭᠡᠷ ᠰᠠᠷ᠎ᠠ ᠶᠢᠨ ᠰᠢᠨ᠎ᠡ ᠶᠢᠨ3 ᠳᠦ︽ᠠᠪᠤ ᠳ᠋ᠠᠭᠠᠨ ᠡᠷᠭᠦᠬᠦ ᠦᠴᠢᠯ︾ ᠢ ᠤᠳᠬᠤᠨ ᠦᠬᠢᠨ ᠳ᠋᠂ ᠦᠯᠵᠡᠢᠪᠠᠶᠠᠷ ᠡᠴᠠ ᠬᠢᠴᠢᠶᠡᠩᠭᠦᠢᠯᠡᠨ ᠨᠤᠤᠷᠠᠭᠯᠠᠪᠠ᠃
ᠡᠬᠢ ᠰᠤᠷᠪᠤᠯᠵᠢ᠄ sonin.mn (2018.01.24)