 

ᠲᠡᠷᠡ ᠵᠢᠷᠭᠤᠭᠠᠨ ᠵᠢᠯ ᠮᠤᠩᠭᠤᠯ ᠬᠡᠯᠡ ᠵᠢᠭᠠᠬᠤ ᠪᠠᠨ ᠪᠠᠷᠢᠮᠳᠠᠯᠠᠵᠦ ᠮᠢᠩᠭᠠᠭᠠᠳ ᠰᠤᠷᠤᠭᠴᠢ ᠲᠠᠢ ᠪᠤᠯᠵᠠᠢ

2019-12-25 12:39
  159
  0
ᠲᠡᠷᠡ ᠵᠢᠷᠭᠤᠭᠠᠨ ᠵᠢᠯ ᠮᠤᠩᠭᠤᠯ ᠬᠡᠯᠡ ᠵᠢᠭᠠᠬᠤ ᠪᠠᠨ ᠪᠠᠷᠢᠮᠳᠠᠯᠠᠵᠦ ᠮᠢᠩᠭᠠᠭᠠᠳ ᠰᠤᠷᠤᠭᠴᠢ ᠲᠠᠢ ᠪᠤᠯᠵᠠᠢ

   ᠳ᠋ᠦᠩᠱᠧᠩ ᠲᠤᠭᠤᠷᠢᠭ ᠤᠨ ᠲᠦᠭᠡᠮᠡᠯ ︽ᠪᠠᠭᠰᠢ︾ ᠮᠤᠩᠭᠤᠯ ᠬᠡᠯᠡ ᠰᠤᠷᠴᠤ ᠡᠵᠡᠮᠰᠢᠬᠦ ᠬᠦᠰᠡᠯ ᠱᠠᠭᠠᠷᠳᠠᠯᠭ᠎ᠠ ᠲᠠᠢ ᠬᠦᠮᠦᠰ ᠲᠤ ᠰᠦᠢᠳᠬᠡᠯ ᠬᠤᠷᠢᠶᠠᠬᠤ ᠦᠬᠡᠢ ᠪᠠᠷ ᠮᠤᠩᠭᠤᠯ ᠬᠡᠯᠡ ᠵᠢᠭᠠᠵᠦ᠂ ᠵᠢᠷᠭᠤᠭᠠᠨ ᠵᠢᠯ ᠪᠠᠷᠢᠮᠳᠠᠯᠠᠨ ᠰᠤᠷᠤᠭᠴᠢ ᠨᠢ ᠴᠤ ᠲᠠᠪᠤ ᠠᠷᠪᠠ ᠪᠠᠶᠢᠭᠰᠠᠠ ᠠᠴᠠ ᠪᠠᠨ ᠮᠢᠩᠭ᠎ᠠ ᠤᠷᠴᠢᠮ ᠳᠤ ᠬᠦᠷᠦᠭᠰᠡᠡ ᠪᠠᠶᠢᠨ᠎ᠠ᠃  
  ᠭᠠᠷᠠᠭ ᠪᠤᠯᠭᠠᠨ ᠤ ᠬᠤᠶᠠᠷ ᠤᠨ ᠤᠷᠤᠢ ᠶᠢᠨ 7 ᠴᠠᠭ ᠲᠤ᠃
   ᠳ᠋ᠦᠩᠱᠧᠩ ᠲᠤᠭᠤᠷᠢᠭ ᠤᠨ ᠰᠢᠩ ᠱᠧᠩ ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠬᠤᠶᠠᠳᠤᠭᠠᠷ ᠲᠠᠪᠬᠤᠷᠭ᠎ᠠ ᠶᠢᠨ ᠬᠤᠷᠠᠯ ᠤᠨ ᠬᠡᠷ ᠤᠨ ᠳ᠋ᠧᠩ ᠴᠠᠭ ᠲᠠᠭᠠᠨ ᠠᠰᠠᠵᠤ᠂ ᠡᠳᠦᠷ ᠤᠨ ᠠᠵᠢᠯ ᠳᠠᠭᠠᠨ ᠰᠠᠶ᠋ᠢᠬᠠᠨ ᠶᠠᠭᠠᠷᠠᠵᠤ ᠲᠠᠭᠤᠰᠤᠭᠰᠠᠠ ᠲᠦᠬᠡᠮᠡᠯ ︽ᠪᠠᠭᠰᠢ︾ ᠤᠷᠤᠢ ᠶᠢᠨ ᠬᠢᠴᠢᠶᠠᠯ ᠤᠨ ᠠᠭᠤᠯᠭ᠎ᠠ ᠪᠠᠨ ᠤᠷᠪᠠᠭᠤᠯᠵᠤ ᠰᠤᠷᠤᠭᠴᠢᠳ ᠢᠶᠠᠨ ᠬᠦᠯᠢᠶᠡᠵᠤ ᠰᠠᠭᠤᠳᠠᠭ᠃
   ᠲᠦᠬᠡᠮᠡᠯ ᠭᠤᠸᠠᠢ ᠲᠤᠰᠬᠠᠢ ᠪᠠᠭᠰᠢ ᠶᠢᠨ ᠠᠵᠢᠯ ᠠᠯᠪᠠ ᠲᠠᠢ ᠬᠦᠮᠦᠨ ᠪᠢᠰᠢ᠂ ᠬᠡᠬᠦ ᠳᠤ ᠲᠡᠷᠡ ᠨᠢᠬᠡ ᠪᠦᠯᠦᠭ ᠮᠤᠩᠭᠤᠯ ᠬᠡᠯᠡ ᠰᠤᠷᠴᠤ ᠡᠵᠡᠮᠰᠢᠬᠦ ᠬᠦᠰᠡᠯ ᠱᠠᠭᠠᠷᠳᠠᠯᠭ᠎ᠠ ᠲᠠᠢ ᠬᠦᠮᠦᠰ ᠲᠤ ᠴᠠᠭ ᠢᠶᠠᠨ ᠭᠠᠷᠤᠵᠠᠳᠠᠭᠤᠯᠵᠤ ᠰᠦᠢᠳᠬᠡᠯ ᠬᠤᠷᠢᠶᠠᠬᠤ ᠦᠬᠡᠢ ᠪᠠᠷ ᠬᠢᠴᠢᠶᠠᠯ ᠤᠷᠤᠵᠤ ᠡᠬᠢᠯᠡᠭᠰᠡᠡ ᠠᠴᠠ ᠲᠡᠷᠡ ︽ᠪᠠᠭᠰᠢ ᠶᠢᠨ ᠠᠯᠳᠠᠷ︾ ᠢ ᠵᠡᠬᠦᠵᠤ᠂ ᠵᠢᠷᠭᠤᠭᠠᠨ ᠵᠢᠯ ᠤᠨ ᠪᠠᠷᠢᠮᠳᠠᠯᠠᠯ ᠢᠶᠠᠷ ᠲᠡᠮᠵᠢᠨ ᠲᠡᠬᠦᠨ ᠤ ᠰᠤᠷᠤᠭᠴᠢ ᠨᠢ ᠴᠤ ᠲᠠᠪᠤ ᠠᠷᠪᠠ ᠪᠠᠶᠢᠭᠰᠠᠠ ᠠᠴᠠ ᠪᠠᠨ ᠮᠢᠩᠭ᠎ᠠ ᠤᠷᠴᠢᠮ ᠳᠤ ᠬᠦᠷᠦᠭᠰᠡᠡ ᠪᠠᠶᠢᠨ᠎ᠠ᠃
   — 2013 ᠤᠨ ᠳᠤ ᠪᠢ ᠰᠢᠩ ᠱᠧᠩ ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠪᠢᠨ ᠾᠧ ᠨᠡᠶᠢᠬᠡᠮ ᠲᠤᠭᠤᠷᠢᠭ ᠲᠤ ᠲᠦᠷ ᠲᠤᠰᠢᠶᠠᠯ ᠡᠬᠦᠷᠬᠡᠯᠡᠵᠤ ᠪᠠᠶᠢᠬᠤ ᠳᠠᠭᠠᠨ ᠤᠯᠠᠨ ᠬᠦᠮᠦᠰ ᠮᠤᠩᠭᠤᠯ ᠬᠡᠯᠡ ᠰᠤᠷᠬᠤ ᠰᠠᠨᠠᠭ᠎ᠠ ᠲᠠᠢ ᠪᠠᠶᠢᠬᠤ ᠶᠢ ᠦᠢᠯᠠᠭᠠᠭᠠᠳ᠂ ᠲᠡᠳᠡᠬᠡᠷ ᠬᠦᠮᠦᠰ ᠲᠤ ᠴᠢᠭᠯᠡᠬᠦᠯᠦᠨ ᠨᠡᠶᠢᠬᠡᠮ ᠲᠤᠭᠤᠷᠢᠭ ᠲᠠᠭᠠᠨ ᠡᠨᠡᠬᠦ ᠮᠤᠩᠭᠤᠯ ᠬᠡᠯᠡᠨ ᠤ ᠪᠤᠯᠪᠠᠰᠤᠷᠠᠯ ᠤᠨ ᠠᠩᠬᠢ ᠶᠢ ᠪᠠᠶᠢᠭᠤᠯᠤᠭᠰᠠᠠ ᠶᠤᠮ ᠬᠡᠵᠤ ᠲᠦᠬᠡᠮᠡᠯ ᠶᠠᠷᠢᠨ᠎ᠠ᠃ 



   ᠲᠦᠬᠡᠮᠡᠯ ᠤᠨ ᠰᠤᠷᠤᠭᠴᠢᠳ ᠤᠨ ᠨᠠᠰᠤᠨ ᠤ ᠵᠦᠷᠢᠶ᠎ᠠ ᠮᠠᠰᠢ ᠶᠡᠭᠡ᠂ ᠠᠷᠪᠠᠨ ᠨᠠᠰᠤᠨ ᠠᠴᠠ ᠲᠦᠴᠢ ᠲᠡᠪᠢᠨ ᠨᠠᠰᠤᠨ ᠤ ᠬᠤᠭᠤᠷᠤᠨᠳᠤᠬᠢ ᠬᠦᠮᠦᠰ ᠴᠦᠮ ᠪᠤᠢ᠃ ᠲᠡᠳᠡᠡ ᠤ ᠲᠤᠮᠳᠠᠬᠢ ᠤᠯᠠᠩᠬᠢ ᠨᠢ ᠮᠤᠩᠭᠤᠯ ᠬᠡᠯᠡᠨ ᠤ ᠰᠠᠭᠤᠷᠢ ᠠᠨᠠᠢ ᠬᠦᠮᠦᠰ ᠲᠤᠯᠠ ᠲᠦᠬᠡᠮᠡᠯ ᠤᠨ ᠵᠢᠭᠠᠨ ᠰᠤᠷᠭᠠᠬᠤ ᠳᠤ ᠨᠡᠯᠢᠶᠡᠳ ᠬᠦᠴᠢᠷᠳᠡᠯ ᠠᠪᠴᠢᠷᠠᠳᠠᠭ᠃ ᠲᠦᠬᠡᠮᠡᠯ ᠬᠢᠴᠢᠶᠠᠯ ᠤᠷᠤᠬᠤ ᠳᠠᠭᠠᠨ ᠮᠠᠰᠢ ᠲᠡᠪᠴᠢᠶᠡᠷᠢ ᠲᠠᠢ ᠮᠦᠷᠳᠡᠬᠡᠨ ᠨᠠᠷᠢᠨ ᠨᠢᠮᠪᠠᠢ᠂ ᠲᠡᠷᠡ ᠮᠤᠩᠭᠤᠯ ᠬᠡᠯᠡᠨ ᠤ ᠲᠠᠭᠤᠳᠠᠯᠭ᠎ᠠ ᠶᠢ ᠬᠢᠳᠠᠳ ᠦᠰᠦᠭ ᠪᠤᠶᠤ ᠭᠠᠯᠢᠭ ᠠᠪᠢᠶ᠎ᠠ ᠪᠠᠷ ᠲᠡᠮᠳᠡᠭᠯᠡᠵᠤ᠂ ᠦᠰᠦᠭ ᠲᠠᠷᠠᠭᠠᠯᠠᠨ ᠲᠠᠭᠠᠭᠤᠯᠵᠤ ᠤᠩᠰᠢᠬᠤ ᠶᠢᠨ ᠬᠠᠮᠳᠤ ᠰᠤᠷᠤᠭᠴᠢᠳ ᠤᠨ ᠢᠶᠠᠨ ᠪᠤᠷᠤᠭᠤ ᠶᠢ ᠪᠠᠷᠢᠨ ᠲᠤᠤᠷ᠎ᠠ ᠨᠢ ᠵᠠᠯᠠᠷᠠᠭᠤᠯᠵᠤᠦᠭᠳᠡᠭ᠃ ᠬᠢᠴᠢᠶᠠᠯ ᠤᠨ ᠲᠢᠩᠬᠢᠮ ᠤᠨ ᠠᠭᠤᠷ ᠠᠮᠢᠰᠬᠤᠯ ᠢ ᠬᠦᠭᠵᠢᠶᠠᠨᠳᠠᠢ ᠪᠤᠯᠭᠠᠬᠤ ᠶᠢᠨ ᠲᠦᠯᠦᠬᠡ ᠲᠡᠷᠡ ᠬᠢᠴᠢᠶᠠᠯ ᠤᠨ ᠢᠶᠠᠨ ᠲᠤᠮᠳᠠ ᠪᠠᠰᠠ ᠮᠤᠩᠭᠤᠯ ᠲᠠᠭᠤᠤ ᠬᠦᠭᠵᠢᠮ᠂ ᠮᠤᠩᠭᠤᠯ ᠦᠨᠳᠦᠰᠦᠳᠠᠨ ᠤ ᠵᠠᠩ ᠵᠠᠩᠰᠢᠯ᠂ ᠶᠤᠰᠤ ᠬᠦᠨᠳᠦᠳᠬᠡᠯ ᠤᠨ ᠲᠠᠯ᠎ᠠ ᠶᠢᠨ ᠮᠡᠳᠡᠯᠬᠡ ᠶᠢ ᠰᠤᠷᠤᠭᠴᠢᠳ ᠲᠠᠭᠠᠨ ᠵᠢᠭᠠᠳᠠᠭ ᠠᠴᠠ ᠰᠤᠷᠤᠭᠴᠢᠳ ᠤᠨ ᠰᠤᠷᠬᠤ ᠢᠳᠡᠪᠬᠢᠵᠢᠯ ᠮᠠᠰᠢ ᠦᠨᠳᠦᠷ ᠪᠠᠶᠢᠳᠠᠭ᠃
   — ᠲᠦᠬᠡᠮᠡᠯ ᠪᠠᠭᠰᠢ ᠮᠠᠰᠢ ᠠᠪᠢᠶᠠᠰ ᠲᠠᠢ᠂ ᠪᠢᠳᠠᠠ ᠳᠤ ᠮᠤᠩᠭᠤᠯ ᠬᠡᠯᠡ ᠶᠢ ᠰᠠᠶᠢᠬᠠᠨ ᠵᠢᠭᠠᠳᠠᠭ ᠢᠶᠠᠷ ᠪᠠᠷᠠᠬᠤ ᠦᠬᠡᠢ᠂ ᠤᠷᠠᠨ ᠪᠢᠴᠢᠯᠬᠡ᠂ ᠲᠠᠭᠤᠤ ᠬᠦᠭᠵᠢᠮ ᠤᠨ ᠲᠠᠯ᠎ᠠ ᠪᠠᠷ ᠴᠤ ᠤᠯᠠᠨ ᠵᠦᠢᠯᠡᠰ ᠢ ᠵᠢᠭᠠᠭᠰᠠᠠ ᠶᠤᠮ᠂ ᠲᠡᠷᠡ ᠪᠤᠯ ᠪᠢᠳᠠᠨ ᠳᠡᠭᠡᠨ ᠬᠦᠷᠢᠶᠡᠯᠡᠯ ᠲᠠᠢ ᠪᠠᠭᠰᠢ ᠶᠤᠮ ᠬᠡᠵᠤ ᠰᠤᠷᠤᠭᠴᠢ ᠤᠷᠠᠨ᠎ᠠ ᠶᠠᠷᠢᠨ᠎ᠠ᠃
   ᠵᠢᠷᠭᠤᠭᠠᠨ ᠵᠢᠯ ᠤᠨ ᠵᠢᠭᠠᠨ ᠰᠤᠷᠭᠠᠯᠳᠠ ᠶᠢᠨ ᠲᠤᠮᠳᠠ ᠲᠦᠬᠡᠮᠡᠯ ᠮᠠᠰᠢ ᠤᠯᠠᠨ ᠲᠤᠷᠰᠢᠯᠭ᠎ᠠ ᠬᠤᠷᠠᠮᠳᠤᠭᠤᠯᠵᠤ᠂ ᠦᠪᠡᠷ ᠤᠨ ᠵᠢᠭᠠᠨ ᠰᠤᠷᠭᠠᠯᠳᠠ ᠶᠢᠨ ᠠᠷᠭ᠎ᠠ ᠮᠠᠶ᠋ᠢᠭ ᠢᠶᠠᠨ ᠴᠤ ᠲᠠᠰᠤᠷᠠᠯᠳᠠ ᠦᠬᠡᠢ ᠰᠢᠨᠡᠴᠢᠯᠡᠭᠰᠡᠬᠡᠷ ᠢᠷᠠᠪᠠ᠃
   ︽ᠮᠤᠩᠭᠤᠯ ᠬᠡᠯᠡ ᠰᠤᠷᠬᠤ ᠭᠠᠷ ᠠᠪᠤᠯᠭ᠎ᠠ︾ ᠪᠤᠯ ᠲᠠᠷᠤᠢ ᠲᠡᠬᠦᠨ ᠤ ᠬᠠᠮᠳᠤ ᠠᠵᠢᠯᠯᠠᠭᠰᠠᠳ ᠲᠠᠢ ᠪᠠᠨ ᠴᠤᠭ ᠨᠠᠶᠢᠷᠠᠭᠤᠯᠵᠤ ᠬᠡᠪᠯᠡᠬᠦᠯᠦᠭᠰᠡᠡ ᠪᠦᠳᠦᠬᠡᠯ ᠪᠤᠯᠬᠤ ᠶᠤᠮ᠃ ᠬᠡᠳᠦ᠋ᠢᠪᠠᠷ ᠵᠢᠵᠢᠭᠬᠡᠨ ᠨᠢᠬᠡ ᠲᠡᠪᠳᠡᠷ ᠪᠤᠯᠪᠠᠴᠤ ᠲᠤᠳᠤᠷ᠎ᠠ ᠨᠢ 700 ᠭᠠᠷᠤᠢ ᠡᠳᠦᠷ ᠲᠤᠳᠤᠮ ᠤᠨ ᠬᠡᠷᠡᠭᠯᠡᠬᠡᠨ ᠤ ᠦᠬᠡᠰ ᠢ ᠪᠠᠭᠳᠠᠭᠠᠵᠤ᠂ ᠦᠬᠡ ᠪᠦᠷᠢ ᠶᠢᠨ ᠠᠷᠤ ᠳᠤ ᠪᠢᠴᠢᠯᠬᠡ ᠶᠢᠨ ᠠᠷᠭ᠎ᠠ᠂ ᠬᠢᠳᠠᠳ ᠬᠡᠯᠡᠨ ᠤ ᠲᠠᠭᠤᠳᠠᠯᠭ᠎ᠠ ᠵᠡᠷᠬᠡ ᠶᠢ ᠲᠡᠮᠳᠡᠭᠯᠡᠵᠤ ᠦᠭᠬᠦᠭᠰᠡᠡ ᠪᠠᠶᠢᠳᠠᠭ᠃
   — ᠪᠢ ᠦᠪᠡᠷ ᠢᠶᠠᠨ ᠴᠤ ᠰᠦᠯᠵᠢᠶᠠᠠ ᠠᠴᠠ ᠡᠯ᠎ᠠ ᠭᠠᠵᠠᠷ᠂ ᠡᠯ᠎ᠠ ᠠᠶᠢᠮᠠᠭ ᠬᠤᠳᠠ ᠶᠢᠨ ᠮᠤᠩᠭᠤᠯ ᠬᠡᠯᠡ ᠵᠢᠭᠠᠨ ᠰᠤᠷᠭᠠᠬᠤ ᠠᠷᠭ᠎ᠠ ᠮᠠᠶ᠋ᠢᠭ ᠢ ᠰᠤᠷᠤᠯᠴᠠᠵᠤ᠂ ᠦᠪᠡᠷ ᠢ ᠪᠠᠨ ᠲᠠᠰᠤᠷᠠᠯᠳᠠ ᠦᠭᠡᠢ ᠲᠡᠬᠦᠯᠳᠡᠷᠵᠢᠬᠦᠯᠤᠨ᠂ ᠨᠠᠩ ᠤᠯᠠᠨ ᠬᠦᠮᠦᠰ ᠲᠤ ᠦᠢᠯᠡᠴᠢᠯᠡᠬᠦ ᠶᠢ ᠬᠦᠰᠡᠳᠡᠭ ᠬᠡᠵᠤ ᠲᠦᠬᠡᠮᠡᠯ ᠶᠠᠷᠢᠵᠤ ᠪᠠᠶᠢᠯ᠎ᠠ᠃



  
     
     