-
25570
ᠪᠠᠷᠠᠭᠤᠨ ᠭᠡᠷ ᠤᠨ ᠠᠪᠠᠬᠠᠢ
2022-12-06 16:01
74
0
ᠪᠠᠷᠠᠭᠤᠨ ᠭᠡᠷ ᠤᠨ ᠠᠪᠠᠬᠠᠢ
ᠪᠣ ᠴᠡᠭ
2022.11.28
ᠪᠠᠷᠠᠭᠤᠨ ᠭᠡᠷ ᠤᠨ ᠠᠪᠠᠬᠠᠢ ᠶᠢᠨ
ᠪᠠᠷ᠎ᠠ ᠨᠢ ᠬᠠᠷᠠᠭᠳᠠᠭ᠎ᠠ ᠦᠭᠡᠢ ᠤᠳᠠᠯ᠎ᠠ
ᠪᠠᠭᠠᠬᠠᠨ ᠵᠠᠪᠰᠠᠷ ᠲᠠᠢ ᠡᠭᠦᠳᠡ ᠵᠢ
ᠪᠠᠴᠢᠮᠳᠠᠭᠤ ᠰᠡᠳᠭᠢᠯ ᠢᠶᠡᠷ ᠬᠠᠷᠠᠯ᠎ᠠ
ᠬᠥᠯ ᠤᠨ ᠴᠢᠮᠡᠭᠡ ᠵᠢ ᠨᠢ ᠴᠠᠩᠭᠢᠨᠠᠯᠠ
ᠬᠦᠷᠦᠭᠡᠳ ᠢᠷᠡᠬᠦ ᠵᠢ ᠨᠢ ᠬᠦᠯᠢᠶᠡᠯ᠎ᠡ
ᠬᠥᠭᠵᠢᠮ ᠰᠢᠭ ᠬᠡᠯᠡ ᠳᠠᠭᠤ ᠵᠢ ᠨᠢ
ᠬᠠᠩᠭᠢᠨᠠᠬᠤ ᠠᠶᠠᠰ ᠲᠠᠢ ᠨᠢ ᠠᠨᠢᠷᠯᠠᠯᠠ
ᠨᠠᠮᠤᠷ ᠤᠨ ᠡᠳᠦᠷ ᠤᠨ ᠤᠷᠳᠦ ᠬᠣᠨᠤᠭ
ᠨᠠᠭᠠᠰᠢᠯᠡᠵᠦ ᠥᠭᠬᠦ ᠦᠭᠡᠢ ᠵᠣᠪᠠᠭᠠᠯ᠎ᠠ
ᠨᠠᠭᠠᠳᠡᠬᠢ ᠰᠡᠳᠭᠢᠯ ᠤᠨ ᠬᠥᠨᠳᠡᠭᠡ
ᠴᠠᠭᠠᠰᠢᠯᠡᠵᠦ ᠥᠭᠬᠦ ᠦᠭᠡᠢ ᠰᠠᠨᠳᠤᠷᠭᠠᠯᠠ
ᠪᠠᠷᠠᠭᠤᠨ ᠭᠡᠷ ᠤᠨ ᠠᠪᠠᠬᠠᠢ ᠶᠢᠨ
ᠪᠠᠷ᠎ᠠ ᠨᠢ ᠶᠡᠷᠦ ᠬᠠᠷᠠᠭᠳᠠᠭ᠎ᠠ ᠦᠭᠡᠢ ᠪᠠᠢᠨ᠎ᠠ
ᠪᠠᠩᠵᠢᠯ ᠡᠮᠤᠰᠦᠭᠰᠡᠨ ᠲᠡᠷᠡ ᠬᠥᠮᠦᠨ
ᠪᠠᠷᠤᠭ ᠨᠢ ᠮᠥᠨ ᠪᠣᠯᠬᠤ ᠶᠤᠮ ᠪᠠᠢᠨ᠎ᠠ
ᠠᠯᠬᠤᠵᠦ ᠬᠢᠰᠭᠢᠬᠦ ᠶᠢᠨ ᠲᠤᠶᠠᠬᠠᠨ ᠨᠢ
ᠠᠩᠭᠠᠷᠠᠭ ᠭᠠᠷᠠᠭ ᠤᠨ ᠡᠯᠴᠢᠨ ᠰᠢᠭ
ᠠᠭᠠᠯᠢ ᠵᠠᠩ ᠤᠨ ᠬᠢᠨ ᠳᠥᠯᠭᠡᠨ ᠨᠢ
ᠠᠶᠠᠯᠭᠤ ᠳᠠᠭᠤᠤ ᠶᠢᠨ ᠬᠡᠯᠬᠢᠶ᠎ᠡ ᠰᠢᠭ
ᠠᠵᠢᠵᠦ ᠰᠢᠷᠳᠡᠬᠦ ᠬᠠᠷᠠᠴᠠ ᠨᠢ
ᠠᠮᠢᠨᠴᠢᠯᠡᠵᠦ ᠰᠠᠨᠠᠬᠤ ᠭᠡᠭᠡ ᠪᠠᠢᠨ᠎ᠠ
ᠠᠰᠬᠠᠨ ᠨᠢᠷᠤᠭᠤ ᠠᠮᠠᠷᠠᠭ ᠪᠠᠷ᠎ᠠ ᠨᠢ
ᠠᠮᠵᠢᠵᠤ ᠪᠤᠳᠤᠬᠤ ᠵᠢᠷᠤᠭᠯᠠᠯ ᠪᠠᠢᠨ᠎ᠠ
ᠰᠢᠯᠤᠭᠤᠨ ᠤᠷᠳᠦ ᠭᠡᠵᠢᠭᠡ ᠨᠢ
ᠰᠢᠨᠤᠯ ᠥᠭᠭᠦᠮᠡᠷ ᠤᠶᠠᠬᠠᠨ ᠪᠠᠢᠨ᠎ᠠ
ᠱᠤᠭᠤᠭᠰᠠᠨ ᠤᠷᠳᠦ ᠬᠦᠷᠮ᠎ᠡ ᠨᠢ
ᠱᠤᠭᠤᠷᠬᠠᠯ ᠳᠠᠲᠠᠮᠠᠷ ᠭᠣᠶᠤᠬᠠᠨ ᠪᠠᠢᠨ᠎ᠠ
ᠦᠨᠳᠤᠷ ᠭᠤᠪᠠᠢ ᠳᠥᠷᠬᠦ ᠨᠢ
ᠦᠶᠡᠷᠬᠡᠯ ᠲᠤᠨᠢᠷᠠᠬᠠᠯ ᠲᠠᠢ ᠰᠠᠨᠠᠭᠳᠠᠨ᠎ᠠ
ᠥᠨᠭᠭᠡᠷᠡᠦ ᠭᠤᠸᠠᠯᠢᠭ ᠭᠠᠯᠪᠢᠷ ᠨᠢ
ᠦᠵᠡᠭᠡᠳ ᠬᠠᠨᠤᠬᠤ ᠦᠭᠡᠢ ᠪᠣᠳᠤᠭᠳᠠᠨ᠎ᠠ
ᠳᠡᠪᠡᠯ ᠡᠮᠤᠰᠪᠡᠯ ᠵᠤᠬᠢᠷᠠᠴᠢᠳᠠᠭ
ᠳᠡᠭᠵᠢᠨ ᠰᠠᠨᠠᠭᠲᠠᠬᠤ ᠵᠢ ᠨᠢ ᠶᠠᠭᠠᠬᠢᠨ᠎ᠠ
ᠳᠡᠷᠭᠡᠳᠡ ᠳᠠᠩᠳᠠ ᠬᠦᠷᠦᠭᠡᠳ ᠢᠷᠡᠪᠡᠯ
ᠳᠡᠩᠳᠡᠭᠦᠤ ᠶᠠᠭᠤᠮ᠎ᠠ ᠪᠣᠳᠤᠴᠢᠬᠠᠬᠤ ᠵᠢ ᠶᠠᠭᠠᠬᠢᠨ᠎ᠠ
ᠤᠯᠠᠨ ᠤ ᠭᠠᠵᠠᠷ ᠡᠴᠡ ᠣᠨᠴᠠᠯᠠᠨ
ᠲᠠᠨᠢᠭᠠᠳ ᠬᠠᠷᠠᠴᠢᠬᠠᠬᠤ ᠵᠢ ᠶᠠᠭᠠᠬᠢᠨ᠎ᠠ
ᠣᠪᠤᠯᠵᠠᠬᠤ ᠵᠢᠷᠤᠭᠡᠨ ᠤ ᠤᠭ ᠡᠴᠡ
ᠥᠩᠭᠡᠯᠵᠡᠭᠡᠳ ᠪᠠᠢᠳᠠᠭ ᠢ ᠶᠠᠭᠠᠬᠢᠨ᠎ᠠ
ᠬᠤᠯᠠ ᠶᠢᠨ ᠲᠡᠷᠲᠡᠭᠡ ᠦᠵᠦᠭᠦᠷ ᠡᠴᠡ
ᠬᠠᠷᠠᠭᠠᠳ ᠲᠠᠨᠢᠴᠢᠬᠠᠬᠤ ᠵᠢ ᠶᠠᠭᠠᠬᠢᠨ᠎ᠠ
ᠬᠣᠪᠳᠤᠯ ᠵᠢᠷᠤᠭᠡᠨ ᠤ ᠤᠭ ᠡᠴᠡ
ᠬᠣᠷᠭᠤᠳᠠᠭᠠᠳ ᠪᠠᠢᠳᠠᠭ ᠢ ᠶᠠᠭᠠᠬᠢᠨ᠎ᠠ
ᠨᠢᠳᠦ ᠬᠠᠮᠠᠷ ᠠᠮᠠ ᠨᠢ
ᠶᠠᠭᠠᠬᠢᠭᠰᠠᠨ ᠰᠠᠢᠬᠠᠨ ᠤᠷᠭᠤᠭᠰᠠᠨ ᠪᠤᠢ
ᠨᠢᠭᠤᠷ ᠬᠠᠴᠠᠷ ᠬᠥᠮᠦᠰᠭᠡ ᠨᠢ
ᠶᠠᠮᠠᠷ ᠰᠠᠢᠬᠠᠨ ᠵᠣᠬᠢᠴᠠᠭᠰᠠᠨ ᠪᠤᠢ
ᠵᠥᠷᠢᠭᠡᠳ ᠭᠠᠷᠬᠤ ᠬᠣᠭᠤᠷᠤᠨᠳᠤ
ᠵᠦᠢᠯ ᠤᠨ ᠶᠠᠭᠤᠮ᠎ᠠ ᠪᠣᠳᠤᠮᠠᠷ ᠪᠠᠢᠨ᠎ᠠ
ᠵᠦᠢᠲᠠᠢ ᠭᠣᠶᠤᠬᠠᠨ ᠠᠪᠠᠬᠠᠢ ᠲᠠᠨ ᠢ
ᠵᠦᠭᠡᠷ ᠦᠭᠡᠢ ᠨᠢᠭᠡ ᠬᠠᠷᠠᠮᠠᠷ ᠪᠠᠢᠨ᠎ᠠ
ᠠᠢᠯ ᠤᠨ ᠠᠪᠠᠭᠠᠢ ᠭᠡᠵᠦ ᠡᠷᠢᠶᠡᠯᠡᠯ ᠦᠭᠡᠢ
ᠠᠮᠠᠨ ᠵᠣᠭᠤᠭ ᠪᠠᠨ ᠳᠡᠯᠭᠡᠬᠦ ᠶᠤᠮᠰᠠᠨ
ᠠᠩᠭ᠎ᠠ ᠳᠡᠭᠦᠤ ᠭᠡᠵᠦ ᠢᠯᠭᠠᠯ ᠦᠭᠡᠢ
ᠠᠵᠠ ᠡᠷᠢᠨ ᠣᠢᠷᠠᠳᠬᠤ ᠶᠤᠮᠰᠠᠨ᠁