- ᠰᠠᠶᠢᠵᠢᠷᠠ
30401
ᠮᠤᠩᠭᠤᠯᠴᠤᠳ ᠬᠦᠭᠵᠢᠨ ᠳᠠᠪᠰᠢᠲᠤᠭᠠᠢ
2018-01-08 16:16
153
0
ᠡᠷᠡᠭᠡᠨ ᠂ ᠰᠠᠶᠢᠵᠢᠷᠠ
ᠬᠥᠩᠨᠥ ᠱᠥᠩᠨᠥ ᠶᠢᠨ ᠬᠤᠶᠢᠴᠢᠰ ᠤᠳ ᠡ
ᠬᠦᠭᠵᠢᠨ ᠮᠠᠨᠳᠤᠬᠤ ᠪᠠᠷ ᠴᠢᠷᠮᠠᠶᠢᠵᠢᠭᠠᠶᠠ ᠂
ᠬᠦᠬᠡ ᠲᠤᠯᠪᠤᠲᠤ ᠶᠢᠨ ᠦᠷᠡᠰ ᠤᠳ ᠡ
ᠬᠦᠮᠦᠰ ᠦᠨ ᠲᠡᠷᠢᠭᠦᠨ ᠳ᠋ᠥ ᠳᠡᠪᠰᠢᠵᠢᠭᠡᠶᠡ ᠃
ᠰᠢᠨᠡ ᠡᠷᠡᠨ ᠣ ᠮᠤᠩᠭᠤᠯᠴᠤᠳ ᠡ
ᠰᠢᠨᠵᠢᠯᠡᠬᠦ ᠤᠬᠠᠭᠠᠨ ᠢᠶᠠᠷ ᠰᠤᠶᠤᠯᠵᠢᠶᠠ ᠂
ᠰᠢᠨᠡ ᠶ᠋ᠢ ᠡᠭᠦᠳᠡᠨ ᠪᠦᠳᠦᠭᠡᠵᠦ
ᠰᠢᠮᠳᠠᠨ ᠲᠦᠷᠭᠡᠨ ᠬᠦᠭᠵᠢᠵᠢᠭᠡᠶᠡ ᠃
ᠪᠠᠭᠤᠷᠠᠢ ᠳᠤᠷᠤᠢ ᠴᠦ ᠮᠤᠩᠭᠤᠯᠴᠤᠳ ᠡ
ᠪᠠᠳᠠᠷᠠᠨ ᠰᠡᠷᠭᠦᠵᠦ ᠥᠭᠡᠳᠡᠯᠡᠵᠢᠭᠡᠶᠡ ᠂
ᠪᠤᠲᠠᠷᠬᠠᠢ ᠰᠠᠯᠤᠩᠬᠢᠢ ᠴᠦ ᠪᠢᠳᠡᠨ
ᠪᠤᠯᠲᠤ ᠪᠠᠷ ᠢᠶᠠᠨ ᠬᠠᠮᠲᠤᠷᠠᠨ ᠨᠠᠶᠢᠷᠠᠮᠳᠤᠶᠠ ᠃
ᠳᠠᠬᠢᠯᠲᠠ
ᠭᠠᠷᠤᠯ ᠡᠭᠦᠰᠦᠯ ᠨᠢᠭᠡᠲᠡᠢ
ᠭᠠᠵᠠᠷ ᠭᠠᠵᠠᠷ ᠤᠨ ᠮᠤᠩᠭᠤᠯᠴᠤᠳ ᠡ ᠂
ᠭᠠᠴᠤᠭᠳᠠᠯ ᠲᠦᠪᠡᠭᠳᠡᠯ ᠢ ᠳᠠᠪᠠᠨ
ᠭᠠᠷᠬᠤ ᠵᠠᠮ ᠢᠶᠠᠨ ᠤᠯᠤᠯᠴᠠᠶᠠ ᠃
ᠳᠠᠬᠢᠯᠲᠠ
ᠳᠠᠶᠠᠩ ᠳᠡᠯᠡᠬᠡᠢ ᠤᠨ ᠮᠤᠩᠭᠤᠯᠴᠤᠳ ᠡ
ᠳᠠᠶᠠᠭᠠᠷ ᠢᠶᠠᠨ ᠪᠦᠯᠬᠥᠮᠳᠡᠨ ᠨᠢᠭᠲᠠᠷᠠᠵᠤ᠂
ᠳᠠᠪᠰᠢᠩᠭᠤᠢ ᠮᠡᠷᠭᠡᠵᠢᠯ ᠢ ᠡᠵᠡᠮᠰᠢᠨ
ᠳᠠᠷᠬᠠᠨ ᠢᠷᠥᠭᠡᠳᠦᠢ ᠪᠡᠨ ᠪᠡᠶᠡᠯᠡᠭᠦᠯᠥᠵᠢᠭᠡᠶᠡ᠃
ᠳᠠᠬᠢᠯᠲᠠ
ᠡᠷᠡᠭᠡᠨ ᠂ ᠪᠢᠯᠢᠭ᠍ᠪᠠᠰᠠᠩ ᠂
ᠬᠠᠶᠢᠯᠠᠷ ᠬᠤᠲᠠᠨᠠ ᠪᠢᠴᠢᠪᠡᠢ ᠃
2017 ᠂11 ᠂19ᠡᠳᠦᠷ