 

ᠰᠢᠨ᠎ᠠ ᠲᠡᠤᠬᠡᠨ ᠠᠭᠤᠤ ᠤᠢᠢᠯᠡᠰ ᠢ ᠲᠠᠰᠤᠷᠠᠯᠳᠠ ᠦᠬᠡᠢ ᠡᠬᠦᠳᠦᠨ ᠪᠦᠳᠦᠭᠡᠰᠦᠭᠡᠢ

2019-10-08 19:05
  311
  0
     — ᠶᠠᠷᠤᠩᠬᠡᠢ ᠱᠦᠵᠢ ᠰᠢ ᠶᠢᠨ ᠫᠢᠩ ᠤᠨ ᠪᠦᠬᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠬᠳᠠᠬᠰᠠᠨ 70 ᠵᠢᠯ ᠤᠨ
       ᠤᠢ ᠶᠢ ᠪᠡᠯᠬᠡᠯᠡᠬᠦ ᠶᠡᠭᠡ ᠬᠤᠷᠠᠯ ᠲᠡᠭᠡᠷᠡᠬᠢ ᠶᠠᠷᠢᠶ᠎ᠠ ᠶᠢ ᠰᠤᠷᠤᠯᠴᠠᠨ ᠲᠤᠭᠤᠰᠢᠯᠠᠭᠤᠯᠬᠤ ᠲᠤᠬᠠᠢ ᠦᠬᠦᠯᠡᠬᠦ ᠨᠢ
                         ᠠᠷᠠᠳ ᠤᠨ ᠡᠳᠤᠷ ᠤᠨ ᠰᠤᠨᠢᠨ ᠤ ᠰᠢᠬᠦᠮᠵᠢᠯᠡᠭᠴᠢ
   ᠠᠯᠢᠪᠠ ᠠᠭᠤᠤ ᠶᠡᠭᠡ ᠠᠮᠵᠢᠯᠳᠠ ᠪᠦᠳᠤᠮᠵᠢ ᠴᠦᠮ ᠦᠷᠬᠦᠯᠵᠢᠯᠠᠨ ᠲᠡᠮᠡᠴᠡᠭᠰᠡᠨ ᠤ ᠦᠷ᠎ᠠ ᠳ᠋ᠦᠩ ᠮᠦᠨ᠂ ᠠᠯᠢᠪᠠ ᠠᠭᠤᠤ ᠶᠡᠭᠡ ᠤᠢᠢᠯᠡᠰ ᠢ ᠴᠦᠮ ᠤᠷᠢᠳᠤᠬᠢ ᠶᠢ ᠵᠠᠯᠭᠠᠮᠵᠢᠯᠠᠨ ᠬᠤᠶᠢᠰᠢᠬᠢ ᠶᠢ ᠨᠡᠬᠡᠬᠡᠬᠦ ᠶᠠᠪᠤᠴᠠ ᠳᠤ ᠠᠬᠢᠭᠤᠯᠬᠤ ᠴᠢᠬᠤᠯᠠᠳᠠᠢ ᠶᠤᠮ᠃
  ︽ᠤᠷᠤᠭᠰᠢᠯᠠᠯᠲᠠ ᠶᠢᠨ ᠵᠠᠮ ᠲᠠᠬᠡᠷ᠎ᠠ᠂ ᠪᠢᠳᠡ ᠳᠤᠮᠳᠠᠳᠤ ᠤᠯᠤᠰ ᠤᠨ ᠡᠪ ᠬᠠᠮᠲᠤ ᠨᠠᠮ ᠤᠨ ᠤᠳᠤᠷᠢᠳᠤᠯᠭ᠎ᠠ ᠶᠢ ᠪᠠᠷᠢᠮᠲᠠᠯᠠᠵᠤ᠂ ᠠᠷᠠᠳ ᠲᠦᠮᠡᠨ ᠤ ᠭᠤᠤᠯ ᠴᠣᠭᠴᠠ ᠶᠢᠨ ᠪᠠᠶᠢᠷᠢ ᠰᠠᠭᠤᠷᠢ ᠶᠢ ᠪᠠᠷᠢᠮᠲᠠᠯᠠᠨ᠂ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠵᠠᠮ ᠢ ᠪᠠᠷᠢᠮᠲᠠᠯᠠᠵᠤ᠂ ᠨᠠᠮ ᠤᠨ ᠦᠨᠳᠦᠰᠦᠨ ᠣᠨᠣᠯ᠂ ᠦᠨᠳᠦᠰᠦᠨ ᠱᠤᠭᠤᠮ᠂ ᠦᠨᠳᠦᠰᠦᠨ ᠠᠷᠭ᠎ᠠ ᠪᠣᠳᠣᠯᠭ᠎ᠠ ᠶᠢ ᠪᠦᠬᠦ ᠲᠠᠯ᠎ᠠ ᠪᠠᠷ ᠲᠤᠭᠤᠰᠢᠯᠠᠭᠤᠯᠤᠨ ᠬᠡᠷᠡᠭᠵᠢᠭᠦᠯᠵᠦ᠂ ᠠᠷᠠᠳ ᠲᠦᠮᠡᠨ ᠤ ᠰᠠᠶᠢᠨ ᠰᠠᠶᠢᠬᠠᠨ ᠠᠮᠢᠳᠤᠷᠠᠯ ᠤᠨ ᠲᠤᠬᠠᠶ ᠬᠦᠰᠡᠯ ᠡᠷᠡᠮᠡᠯᠵᠡᠯ ᠢ ᠲᠠᠰᠤᠷᠠᠯᠲᠠ ᠦᠭᠡᠢ ᠬᠠᠩᠭᠠᠵᠤ᠂ ᠰᠢᠨ᠎ᠡ ᠲᠡᠤᠬᠡᠨ ᠠᠭᠤᠤ ᠦᠢᠯᠡᠰ ᠢ ᠳᠠᠰᠤᠷᠠᠯᠳᠠ ᠦᠬᠡᠢ ᠡᠬᠦᠳᠦᠨ ᠪᠦᠲᠦᠬᠡᠬᠦ ᠬᠡᠷᠡᠭᠳᠠᠢ︾᠃ ᠶᠠᠷᠤᠩᠬᠡᠢ ᠱᠦᠵᠢ ᠰᠢ ᠶᠢᠨ ᠫᠢᠩ ᠤᠨ ᠪᠦᠬᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠬᠳᠠᠬᠰᠠᠨ 70 ᠵᠢᠯ ᠤᠨ ᠤᠢ ᠶᠢ ᠪᠡᠯᠬᠡᠯᠡᠬᠦ ᠶᠡᠭᠡ ᠬᠤᠷᠠᠯ ᠲᠡᠭᠡᠷᠡᠬᠢ ᠴᠢᠬᠤᠯᠠ ᠶᠠᠷᠢᠶ᠎ᠠ ᠨᠢ ᠪᠦᠬᠦ ᠨᠠᠮ ᠪᠦᠬᠦ ᠴᠡᠷᠢᠭ ᠪᠦᠬᠦ ᠤᠯᠤᠰ ᠤᠨ ᠦᠨᠳᠤᠰᠤᠳᠠᠨ ᠨᠦᠭᠦᠳ ᠤᠨ ᠠᠷᠠᠳ ᠲᠦᠮᠡᠨ ᠤ ᠪᠦᠬᠦᠳᠠ ᠨᠠᠶᠢᠷᠠᠮᠳᠠᠬᠤ ᠤᠯᠤᠰ ᠢᠶᠠᠨ ᠦᠷᠬᠦᠯᠵᠢᠯᠠᠨ ᠰᠠᠶᠢᠳᠤᠷ ᠪᠠᠬᠢᠵᠢᠬᠦᠯᠬᠦ᠂ ᠰᠠᠶᠢᠳᠤᠷ ᠬᠦᠭᠵᠢᠬᠦᠯᠬᠦ᠂ ︽ᠬᠤᠤᠰ ᠵᠠᠭᠤᠨ ᠵᠢᠯ︾ ᠤᠨ ᠲᠡᠮᠡᠴᠡᠬᠦ ᠬᠠᠷᠠᠯᠳᠠ ᠶᠢ ᠪᠡᠶᠡᠯᠡᠬᠦᠯᠬᠦ᠂ ᠳᠤᠮᠳᠠᠳᠤ ᠶᠢᠨ ᠦᠨᠳᠤᠰᠤᠳᠠᠨ ᠤ ᠠᠭᠤᠤ ᠶᠡᠭᠡ ᠰᠡᠷᠬᠦᠨ ᠮᠠᠨᠳᠤᠯᠳᠠ ᠶᠢᠨ ᠳᠤᠮᠳᠠᠳᠤ ᠶᠢᠨ ᠵᠡᠬᠦᠳᠤ ᠶᠢ ᠲᠡᠷᠬᠡᠯᠰᠢᠬᠦᠯᠬᠦ ᠶᠢᠨ ᠲᠦᠯᠤᠬᠡ ᠦᠷᠬᠦᠯᠵᠢᠯᠠᠨ ᠴᠢᠷᠮᠠᠶᠢᠨ ᠲᠡᠮᠡᠴᠡᠬᠦ ᠶᠢ ᠤᠷᠮᠠᠰᠢᠭᠤᠯᠤᠨ ᠵᠤᠷᠢᠬᠵᠢᠭᠤᠯᠪᠠ᠃
  70 ᠵᠢᠯ ᠤᠨ ᠬᠠᠳᠠᠭᠤᠵᠢᠯᠳᠠᠢ ᠴᠢᠷᠮᠠᠶᠢᠯᠭ᠎ᠠ᠂ ᠡᠷᠡᠮᠡᠬᠡᠢ ᠤᠷᠤᠬᠰᠢᠯᠠᠯᠳᠠ ᠪᠠᠷ ᠲᠠᠮᠵᠢᠵᠤ᠂ ᠦᠨᠤᠳᠤᠷ᠂ ᠠᠮᠢᠵᠢᠷᠠᠯ ᠤᠨ ᠬᠦᠴᠤᠨ ᠢᠶᠠᠷ ᠪᠢᠯᠬᠠᠬᠰᠠᠨ ᠳᠤᠮᠳᠠᠳᠤ ᠤᠯᠤᠰ᠂ ᠬᠦᠰᠡᠯ ᠡᠷᠡᠮᠡᠯᠵᠡᠯ ᠢᠶᠠᠷ ᠪᠢᠯᠬᠠᠬᠰᠠᠨ ᠳᠤᠮᠳᠠᠳᠤ ᠤᠯᠤᠰ ᠲᠡᠯᠡᠬᠡᠢ ᠶᠢᠨ ᠲᠤᠷᠤᠨᠠᠳᠠᠬᠢᠨ ᠳᠤ ᠰᠡᠬᠦ᠋ᠢᠨ
ᠰᠦᠨᠳᠡᠷᠯᠠᠪᠠ᠃ ᠢᠷᠡᠬᠡᠳᠤᠢ ᠪᠠᠨ ᠴᠢᠭᠯᠡᠵᠤ᠂ ᠮᠠᠨ ᠤ ᠠᠷᠠᠳ ᠤᠨ ᠪᠦᠬᠦᠳᠠ ᠨᠠᠶᠢᠷᠠᠮᠳᠠᠬᠤ ᠤᠯᠤᠰ ᠤᠨ ᠬᠦᠯᠬᠡ ᠤᠩᠭᠤᠴᠠ ᠰᠠᠯᠬᠢ ᠲᠠᠪᠠᠯᠭᠠᠨ ᠢ ᠰᠦᠷᠤᠨ ᠡᠷᠡᠯᠬᠡᠭᠯᠡᠨ ᠤᠷᠤᠬᠰᠢᠯᠠᠵᠤ ᠪᠤᠢ᠃ ᠡᠬᠡ ᠤᠯᠤᠰ ᠤᠨ 960 ᠭᠠᠷᠤᠢ ᠲᠦᠮᠡᠨ ᠲᠡᠭᠰᠢ ᠲᠦᠷᠪᠡᠯᠵᠢᠨ ᠺᠢᠯᠦᠮᠧᠲᠷ ᠪᠦ᠋ᠬᠦᠢ ᠦᠵᠡᠰᠬᠦᠯᠡᠩᠳᠤ ᠰᠠᠶᠢᠬᠠᠨ ᠠᠭᠤᠯᠠ ᠤᠰᠤ ᠨᠢ ᠪᠢᠳᠡᠨ ᠤ ᠠᠤᠭ᠎ᠠ ᠤᠢᠢᠯᠡᠰ ᠢ ᠴᠤᠬᠴᠠᠯᠠᠬᠤ ᠳᠤ ᠦᠷᠬᠡᠨ ᠠᠭᠤᠳᠠᠮ ᠲᠠᠪᠴᠠᠩ ᠢ ᠬᠠᠩᠭᠠᠵᠤ ᠦᠭᠴᠠᠢ᠃ ᠳᠤᠮᠳᠠᠳᠤ ᠶᠢᠨ ᠦᠨᠳᠤᠰᠤᠳᠠᠨ ᠤ 5000 ᠭᠠᠷᠤᠢ ᠵᠢᠯ ᠡᠬᠦᠳᠤᠨ ᠪᠠᠶᠢᠭᠤᠯᠤᠬᠰᠠᠨ ᠭᠡᠷᠡᠯ ᠰᠠᠴᠤᠷᠠᠩᠭᠤᠢ ᠪᠤᠯᠪᠠᠰᠤᠨ ᠨᠢ ᠪᠢᠳᠡᠨ ᠤ ᠡᠷᠡᠯᠭᠡᠭ ᠪᠠᠭᠠᠳᠤᠷᠯᠢᠬ ᠢᠶᠠᠷ ᠤᠷᠤᠬᠰᠢᠯᠠᠬᠤ ᠳᠤ ᠬᠦᠴᠦᠷᠭᠡᠭ ᠶᠡᠭᠡ ᠤᠶᠤᠨ ᠰᠠᠨᠠᠭᠠᠨ ᠤ ᠬᠦᠴᠤᠨ ᠴᠢᠳᠠᠯ ᠢ ᠬᠠᠩᠭᠠᠵᠤ ᠦᠭᠴᠠᠢ᠃ ᠰᠢᠨ᠎ᠠ ᠳᠤᠮᠳᠠᠳᠤ ᠤᠯᠤᠰ ᠪᠠᠶᠢᠭᠤᠯᠤᠬᠳᠠᠬᠰᠠᠨ 70 ᠵᠢᠯ ᠤᠨ ᠲᠤᠷᠰᠢ ᠤᠯᠤᠬᠰᠠᠨ ᠠᠭᠤᠤ ᠶᠡᠭᠡ ᠠᠮᠵᠢᠯᠳᠠ ᠪᠦᠳᠤᠮᠵᠢ ᠨᠢ ᠪᠢᠳᠡᠨ ᠤ ᠬᠡᠷᠡᠯ ᠰᠠᠴᠤᠷᠠᠩᠭᠤᠢ ᠦᠢᠯᠡᠰ ᠢ ᠲᠠᠬᠢᠨ ᠡᠬᠦᠳᠤᠨ ᠪᠦᠳᠦᠭᠡᠬᠦ ᠳᠤ ᠪᠠᠳᠤ ᠰᠠᠭᠤᠷᠢ ᠶᠢ ᠲᠠᠯᠪᠢᠵᠤ ᠦᠭᠴᠠᠢ᠃ ᠦᠡᠭᠭᠡᠷᠡᠭᠰᠡᠨ ᠲᠡᠤᠬᠡᠨ ᠳᠤ ᠡᠷᠬᠢᠮ ᠲᠡᠭᠡᠳᠦ ᠬᠦᠨᠳᠤᠳᠬᠡᠯ ᠢᠶᠠᠨ ᠲᠡᠪᠰᠢᠬᠦᠯᠵᠤ᠂ ᠡᠰᠡᠨᠢᠬᠦ ᠢᠷᠡᠬᠡᠳᠤᠢ ᠶᠢᠨ ᠲᠤᠬᠠᠢ ᠬᠠᠮᠤᠬ ᠤᠨ ᠰᠠᠶᠢᠨ ᠡᠵᠡᠮᠳᠡᠯ ᠪᠤᠯ᠂ ᠰᠢᠨ᠎ᠠ ᠲᠡᠦᠭᠡᠨ ᠠᠭᠤᠤ ᠤᠢᠢᠯᠡᠰ ᠢ ᠲᠠᠰᠤᠷᠠᠯᠳᠠ ᠦᠬᠡᠢ ᠡᠬᠦᠳᠦᠨ ᠪᠦᠳᠦᠭᠡᠵᠦ᠂ ᠮᠠᠨ ᠤ ᠠᠷᠠᠳ ᠤᠨ ᠪᠦᠬᠦᠳᠠ ᠨᠠᠶᠢᠷᠠᠮᠳᠠᠬᠤ ᠤᠯᠤᠰ ᠤᠨ ᠨᠡᠩ ᠶᠡᠭᠡ ᠰᠢᠨ᠎ᠠ ᠬᠡᠷᠡᠯ ᠰᠠᠴᠤᠷᠠᠩᠭᠤᠢ ‍ᠦ᠋ᠯᠡᠰ ᠢ ᠴᠤᠬᠴᠠᠯᠠᠬᠤ ᠶᠠᠪᠤᠳᠠᠯ ᠪᠤᠯᠤᠨ᠎ᠠ᠃
  ᠰᠢᠨ᠎ᠠ ᠲᠡᠦᠭᠡᠨ ᠠᠭᠤᠤ ᠤᠢᠢᠯᠡᠰ ᠢ ᠲᠠᠰᠤᠷᠠᠯᠳᠠ ᠦᠬᠡᠢ ᠡᠬᠦᠳᠦᠨ ᠪᠦᠳᠦᠭᠡᠬᠦ ᠳᠤ᠂ ᠳᠤᠮᠳᠠᠳᠤ ᠤᠯᠤᠰ ᠤᠨ ᠡᠪ ᠬᠠᠮᠳᠤ ᠨᠠᠮ ᠤᠨ ᠤᠳᠤᠷᠢᠳᠤᠯᠭ᠎ᠠ ᠶᠢ ᠪᠠᠷᠢᠮᠳᠠᠯᠠᠬᠤ ᠭᠡᠷᠡᠭᠳᠠᠢ᠃ ᠡᠪ ᠬᠠᠮᠳᠤ ᠨᠠᠮ ᠪᠠᠶᠢᠬᠤ ᠦᠬᠡᠢ ᠪᠤᠯ ᠰᠢᠨ᠎ᠠ ᠳᠤᠮᠳᠠᠳᠤ ᠤᠯᠤᠰ ᠪᠠᠶᠢᠵᠤ ᠴᠢᠳᠠᠬᠤ ᠦᠬᠡᠢ︔ ᠳᠤᠮᠳᠠᠳᠤ ᠤᠯᠤᠰ ᠤᠨ ᠤᠴᠢᠷ ᠶᠠᠪᠤᠳᠠᠯ ᠢ ᠰᠠᠶᠢᠳᠤᠷ ᠬᠢᠬᠦ ᠳᠤ᠂ ᠵᠠᠩᠬᠢᠯᠠᠭ᠎ᠠ ᠨᠢ ᠡᠪ ᠬᠠᠮᠳᠤ ᠨᠠᠮ ᠳᠤ ᠪᠠᠶᠢᠨ᠎ᠠ᠃ 70 ᠵᠢᠯ ᠤᠨ ᠲᠤᠷᠰᠢ᠂ ᠲᠦᠭᠵᠢᠮᠡᠯ ᠬᠤᠴᠤᠷᠤᠩᠭᠤᠢ ᠪᠠᠶᠢᠬᠰᠠᠨ ᠠᠴᠠ ᠨᠡᠬᠡᠬᠡᠯᠳᠠ ᠲᠡᠪᠰᠢᠯᠳᠠ ᠲᠠᠢ ᠪᠤᠯᠤᠬᠰᠠᠨ ᠬᠦᠷᠳᠡᠯ᠎ᠠ᠂ ᠢᠳᠡᠵᠤ ᠡᠮᠤᠰᠬᠦ ᠳᠡᠭᠡᠨ ᠵᠦᠪ ᠦᠬᠡᠢ ᠪᠠᠶᠢᠬᠰᠠᠨ ᠠᠴᠠ ᠪᠦᠬᠦ ᠲᠠᠯ᠎ᠠ ᠪᠠᠷ ᠴᠢᠨᠡᠭᠡᠯᠢᠭᠵᠢᠭᠰᠡᠨ ᠬᠦᠷᠳᠡᠯ᠎ᠠ᠂ ︽ᠨᠢᠬᠡ ᠳᠤ ᠶᠠᠳᠠᠭᠤ ᠬᠤᠶᠠᠷ ᠲᠤ ᠬᠤᠭᠤᠰᠤᠨ︾ ᠪᠠᠶᠢᠬᠰᠠᠨ ᠠᠴᠠ ᠪᠠᠶᠠᠵᠢᠨ ᠬᠦᠴᠦᠷᠭᠡᠭᠵᠢᠭᠰᠡᠨ ᠬᠦᠷᠳᠡᠯ᠎ᠠ᠂ ᠳᠤᠮᠳᠠᠳᠤ ᠤᠯᠤᠰ ᠤᠨ ᠠᠷᠠᠳ ᠲᠦᠮᠡᠨ ᠤ ᠬᠠᠮᠤᠬ ᠤᠨ ᠬᠦᠨ ᠲᠦᠷᠦᠭᠳᠡᠯ ᠭᠡᠪᠡᠯ᠂ ᠰᠢᠨ᠎ᠠ ᠳᠤᠮᠳᠠᠳᠤ ᠤᠯᠤᠰ ᠲᠡᠯᠡᠬᠡᠢ ᠳ᠋ᠠᠬᠢᠨ ᠤ ᠠᠩᠬᠠᠷᠤᠯ ᠢ ᠲᠠᠳᠠᠬᠰᠠᠨ ᠠᠮᠵᠢᠯᠳᠠ ᠪᠦᠳᠤᠮᠵᠢ ᠤᠯᠵᠤ ᠴᠢᠳᠠᠬᠰᠠᠨ ᠰᠢᠢᠳᠪᠤᠷᠢᠯᠡᠬᠦ ᠴᠢᠨᠠᠷᠳᠠᠢ ᠡᠯᠧᠮᠧᠨ᠋ᠲ ᠪᠤᠯ ᠲᠠᠷᠤᠢ ᠳᠤᠮᠳᠠᠳᠤ ᠤᠯᠤᠰ ᠤᠨ ᠡᠪ ᠬᠠᠮᠳᠤ ᠨᠠᠮ ᠤᠨ ᠤᠳᠤᠷᠢᠳᠤᠯᠭ᠎ᠠ ᠪᠤᠯᠤᠨ᠎ᠠ᠃ ᠤᠷᠤᠬᠰᠢᠯᠠᠯᠳᠠ ᠶᠢᠨ ᠵᠠᠮ ᠲᠡᠭᠡᠷ᠎ᠡ᠂ ᠪᠢᠳᠡ ᠳᠤᠮᠳᠠᠳᠤ ᠤᠯᠤᠰ ᠤᠨ ᠡᠪ ᠬᠠᠮᠳᠤ ᠨᠠᠮ ᠤᠨ ᠤᠳᠤᠷᠢᠳᠤᠯᠭ᠎ᠠ ᠭᠡᠬᠦ ᠡᠨᠡ ᠬᠦ ᠳᠤᠮᠳᠠᠳᠤ ᠤᠯᠤᠰ ᠤᠨ ᠤᠨᠴᠠᠯᠢᠬ ᠲᠠᠢ ᠨᠡᠶᠢᠬᠡᠮ ᠵᠢᠷᠤᠮ ᠤᠨ ᠬᠠᠮᠤᠬ ᠤᠨ ᠮᠦᠨ ᠴᠢᠨᠠᠷ ᠤᠨ ᠤᠨᠴᠠᠯᠢᠬ ᠢ ᠴᠢᠩᠭ᠎ᠠ ᠡᠵᠡᠮᠳᠠᠵᠤ᠂ ᠳᠤᠮᠳᠠᠳᠤ ᠤᠯᠤᠰ ᠤᠨ ᠡᠪ ᠬᠠᠮᠳᠤ ᠨᠠᠮ ᠤᠨ ᠤᠳᠤᠷᠢᠳᠤᠯᠭ᠎ᠠ ᠭᠡᠬᠦ ᠡᠨᠡ ᠬᠦ ᠳᠤᠮᠳᠠᠳᠤ ᠤᠯᠤᠰ ᠤᠨ ᠤᠨᠴᠠᠯᠢᠬ ᠲᠠᠢ ᠨᠡᠶᠢᠬᠡᠮ ᠵᠢᠷᠤᠮ ᠤᠨ ᠪᠠᠶᠢᠭᠤᠯᠤᠯ ᠤᠨ ᠬᠠᠮᠤᠬ ᠤᠨ ᠶᠡᠭᠡ ᠲᠠᠪᠠᠭᠤᠯᠢᠬ ᠢ ᠬᠦᠢᠴᠡᠳ ᠪᠠᠳᠠᠷᠠᠭᠤᠯᠵᠤ᠂ ᠨᠠᠮ ᠤᠨ ᠦᠨᠳᠤᠰᠤᠨ ᠤᠨᠤᠯ᠂ ᠦᠨᠳᠤᠰᠤᠨ ᠱᠤᠭᠤᠮ᠂ ᠦᠨᠳᠤᠰᠤᠨ ᠠᠷᠭ᠎ᠠ ᠪᠤᠳᠤᠯᠭ᠎ᠠ ᠶᠢ ᠪᠦᠬᠦ ᠲᠠᠯ᠎ᠠ ᠪᠠᠷ ᠲᠤᠭᠤᠰᠢᠯᠠᠭᠤᠯᠤᠨ ᠭᠡᠷᠡᠭᠵᠢᠬᠦᠯᠵᠤ᠂ ᠮᠠᠨ ᠤ ᠨᠠᠮ ᠢᠮᠠᠬᠳᠠ ᠳᠤᠮᠳᠠᠳᠤ ᠤᠯᠤᠰ ᠤᠨ ᠠᠷᠠᠳ ᠲᠦᠮᠡᠨ ᠪᠤᠯᠤᠨ ᠳᠤᠮᠳᠠᠳᠤ ᠶᠢᠨ ᠦᠨᠳᠤᠰᠤᠳᠠᠨ ᠤ ᠲᠦᠰᠢᠭ ᠲᠤᠯᠭᠠᠭᠤᠷᠢ᠂ ᠢᠮᠠᠬᠳᠠ ᠦᠨᠳᠤᠰᠤᠳᠠᠨ ᠤ ᠰᠡᠷᠬᠦᠨ ᠮᠠᠨᠳᠤᠯᠳᠠ ᠶᠢᠨ ᠠᠶᠠᠨ ᠵᠠᠮ ᠳᠠᠬᠢ ᠪᠠᠳᠤ ᠴᠢᠩᠭ᠎ᠠ ᠤᠳᠤᠷᠢᠳᠬᠤ ᠭᠤᠤᠯᠯᠠᠬᠴᠢ ᠪᠤᠯᠬᠤ ᠶᠢ ᠪᠠᠳᠤᠯᠠᠬᠤ ᠭᠡᠷᠡᠭᠳᠠᠢ᠃
  ᠰᠢᠨ᠎ᠠ ᠲᠡᠦᠭᠡᠨ ᠠᠭᠤᠤ ᠤᠢᠢᠯᠡᠰ ᠢ ᠲᠠᠰᠤᠷᠠᠯᠳᠠ ᠦᠬᠡᠢ ᠡᠬᠦᠳᠦᠨ ᠪᠦᠳᠦᠭᠡᠬᠦ ᠳᠤ᠂ ᠠᠷᠠᠳ ᠲᠦᠮᠡᠨ ᠤ ᠭᠤᠤᠯ ᠴᠤᠬᠴᠠ ᠶᠢᠨ ᠪᠠᠶᠢᠷᠢ ᠰᠠᠭᠤᠷᠢ ᠶᠢ ᠪᠠᠷᠢᠮᠲᠠᠯᠠᠬᠤ ᠬᠡᠷᠡᠭᠲᠡᠢ᠃ ᠠᠷᠠᠳ ᠲᠦᠮᠡᠨ ᠪᠤᠯ ᠲᠡᠦᠬᠡ ᠶᠢ ᠪᠦᠳᠦᠭᠡᠭᠴᠢ ᠮᠦᠨ᠂ ᠤᠯᠤᠰ ᠤᠨ ᠢᠷᠡᠭᠡᠳᠦᠢ ᠬᠤᠪᠢ ᠵᠠᠶᠠᠭ᠎ᠠ ᠶᠢ ᠲᠤᠬᠲᠠᠭᠠᠬᠤ ᠦᠨᠳᠦᠰᠦᠨ ᠬᠦᠴᠦᠨ ᠮᠦᠨ᠃ ᠰᠢᠨ᠎ᠠ ᠳᠤᠮᠳᠠᠳᠤ ᠤᠯᠤᠰ ︽ᠳᠠᠯᠡᠬᠡᠢ ᠳ᠋ᠠᠬᠢᠨ ᠢ ᠰᠤᠴᠢᠭᠠᠬᠰᠠᠨ︾ ᠬᠦᠭᠵᠢᠯᠲᠡ ᠶᠢᠨ ᠠᠮᠵᠢᠯᠲᠠ ᠪᠦᠲᠦᠮᠵᠢ ᠶᠢ ᠡᠭᠦᠳᠴᠤ ᠴᠢᠳᠠᠭᠰᠠᠨ ᠤ ᠰᠢᠯᠳᠠᠭᠠᠨ ᠨᠢ᠂ ᠪᠢᠳᠡ ᠠᠷᠠᠳ ᠲᠦᠮᠡᠨ ᠤ ᠭᠤᠤᠯ ᠴᠤᠬᠴᠠ ᠶᠢᠨ ᠪᠠᠶᠢᠷᠢ ᠰᠠᠭᠤᠷᠢ ᠶᠢ ᠢᠮᠠᠬᠲᠠ ᠪᠠᠷᠢᠮᠲᠠᠯᠠᠵᠤ᠂ ᠠᠷᠠᠳ ᠲᠦᠮᠡᠨ ᠤ ᠡᠭᠦᠳᠦᠨ ᠪᠦᠳᠦᠭᠡᠬᠦ ᠵᠤᠷᠢᠭ ᠰᠠᠨᠠᠭ᠎ᠠ ᠶᠢ ᠢᠮᠠᠬᠲᠠ ᠬᠦᠨᠳᠦᠳᠭᠡᠵᠦ᠂ ᠠᠷᠠᠳ ᠲᠦᠮᠡᠨ ᠤ ᠬᠦᠰᠡᠯ ᠪᠤᠳᠤᠯ ᠢ ᠢᠮᠠᠬᠲᠠ ᠰᠤᠨᠤᠰᠴᠤ᠂ ᠢᠮᠠᠬᠲᠠ ᠠᠷᠠᠳ ᠲᠦᠮᠡᠨ ᠳᠤ ᠲᠦᠰᠢᠭᠯᠡᠨ ᠲᠡᠦᠬᠡ ᠶᠢᠨ ᠠᠭᠤᠤ ᠦᠢᠯᠡᠰ ᠢ ᠡᠭᠦᠳᠦᠨ ᠪᠦᠲᠦᠭᠡᠭᠰᠡᠨ ᠠᠴᠠ ᠪᠤᠯᠤᠬᠰᠠᠨ ᠶᠤᠮ᠃ ︽ᠠᠷᠠᠳ ᠲᠦᠮᠡᠨ ᠪᠤᠯ ᠪᠦᠬᠦᠳᠡ ᠨᠠᠶᠢᠷᠠᠮᠳᠠᠬᠤ ᠤᠯᠤᠰ ᠤᠨ ᠪᠠᠲᠤ ᠴᠢᠩᠭ᠎ᠠ ᠦᠨᠳᠦᠰᠦ ᠰᠠᠭᠤᠷᠢ᠂ ᠠᠷᠠᠳ ᠲᠦᠮᠡᠨ ᠪᠤᠯ ᠪᠢᠳᠡᠨ ᠤ ᠲᠦᠷᠦ ᠪᠠᠷᠢᠬᠤ ᠬᠠᠮᠤᠭ ᠤᠨ ᠶᠡᠭᠡ ᠢᠳᠡᠭᠡᠯ ᠬᠦᠴᠦᠨ ᠮᠦᠨ︾᠃ ᠰᠢᠨ᠎ᠠ ᠴᠠᠭ ᠦᠶ᠎ᠠ ᠳᠤ ᠡᠷᠡᠮᠡᠭᠡᠶᠢᠯᠡᠨ ᠳᠠᠪᠰᠢᠬᠤ ᠳᠤ᠂ ᠳᠤᠮᠳᠠᠳᠤ ᠤᠯᠤᠰ ᠤᠨ ᠠᠷᠠᠳ ᠲᠦᠮᠡᠨ ᠤ ᠠᠭᠤᠤ ᠶᠡᠭᠡ ᠡᠭᠦᠳᠦᠨ ᠪᠦᠳᠦᠭᠡᠬᠦ ᠵᠤᠷᠢᠭ ᠰᠠᠨᠠᠭ᠎ᠠ᠂ ᠠᠭᠤᠤ ᠶᠡᠭᠡ ᠲᠡᠮᠡᠴᠡᠯ ᠤᠨ ᠵᠤᠷᠢᠭ ᠰᠠᠨᠠᠭ᠎ᠠ᠂ ᠠᠭᠤᠤ ᠶᠡᠭᠡ ᠪᠦᠯᠬᠦᠮᠳᠡᠯ ᠤᠨ ᠵᠤᠷᠢᠭ ᠰᠠᠨᠠᠭ᠎ᠠ᠂ ᠠᠭᠤᠤ ᠶᠡᠭᠡ ᠬᠦᠰᠡᠯ ᠵᠡᠭᠦᠳᠦ ᠶᠢᠨ ᠵᠤᠷᠢᠭ ᠰᠠᠨᠠᠭ᠎ᠠ ᠶᠢ ᠲᠠᠰᠤᠷᠠᠯᠲᠠ ᠦᠭᠡᠢ ᠪᠠᠳᠠᠷᠠᠭᠤᠯᠬᠤ ᠬᠡᠷᠡᠭᠲᠡᠢ᠃ ᠲᠦᠭ ᠲᠦᠮᠡᠨ ᠠᠷᠠᠳ ᠲᠦᠮᠡᠨ ᠬᠠᠨᠴᠤᠢ ᠰᠢᠮᠡᠯᠡᠨ ᠴᠢᠷᠮᠠᠶᠢᠨ ᠠᠵᠢᠯᠯᠠᠪᠠᠯ᠂ ᠪᠢᠳᠡ ᠯᠠᠪᠲᠠᠢ ᠰᠢᠨ᠎ᠠ ᠴᠠᠭ ᠦᠶ᠎ᠠ ᠶᠢᠨ ᠬᠡᠷᠡᠯ ᠰᠠᠴᠤᠷᠠᠩᠭᠤᠢ ᠠᠮᠵᠢᠯᠲᠠ ᠪᠦᠲᠦᠮᠵᠢ ᠶᠢ ᠡᠭᠦᠳᠦᠨ ᠪᠦᠲᠦᠭᠡᠵᠦ ᠴᠢᠳᠠᠨ᠎ᠠ᠃
  ᠰᠢᠨ᠎ᠠ ᠲᠡᠦᠬᠡᠨ ᠠᠭᠤᠤ ᠦᠢᠯᠡᠰ ᠢ ᠲᠠᠰᠤᠷᠠᠯᠲᠠ ᠦᠭᠡᠢ ᠡᠭᠦᠳᠦᠨ ᠪᠦᠲᠦᠭᠡᠬᠦ ᠳᠤ᠂ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠦᠮ ᠤᠨ ᠵᠠᠮ ᠢ ᠪᠠᠷᠢᠮᠲᠠᠯᠠᠬᠤ ᠬᠡᠷᠡᠭᠲᠡᠢ᠃ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠦᠮ ᠯᠡ ᠰᠠᠶᠢ ᠤᠳᠤ ᠦᠶ᠎ᠠ ᠶᠢᠨ ᠳᠤᠮᠳᠠᠳᠤ ᠤᠯᠤᠰ ᠤᠨ ᠬᠦᠭᠵᠢᠯᠲᠡ ᠲᠠᠪᠰᠢᠯᠲᠡ ᠶᠢᠨ ᠠᠰᠠᠭᠤᠳᠠᠯ ᠢ ᠰᠢᠢᠳᠪᠦᠷᠢᠯᠡᠵᠦ ᠴᠢᠳᠠᠨ᠎ᠠ᠂ ᠪᠤᠰᠤᠳ ᠶᠠᠮᠠᠷᠪᠠ ᠦᠵᠡᠯ ᠡᠨᠡ ᠠᠰᠠᠭᠤᠳᠠᠯ ᠢ ᠰᠢᠢᠳᠪᠤᠷᠢᠯᠡᠵᠤ ᠲᠡᠶᠢᠯᠬᠦ ᠦᠭᠡᠢ ᠭᠡᠳᠡᠭ ᠢ ᠰᠢᠨ᠎ᠠ ᠳᠤᠮᠳᠠᠳᠤ ᠤᠯᠤᠰ ᠤᠨ 70 ᠵᠢᠯ ᠢᠯᠠᠩᠭᠤᠶ᠎ᠠ ᠦᠭᠡᠷᠠᠴᠢᠯᠡᠯᠲᠡ ᠨᠡᠭᠡᠬᠡᠯᠲᠡ ᠬᠢᠭᠰᠡᠨ ᠠᠴᠠ ᠨᠠᠭᠠᠰᠢᠬᠢ ᠠᠭᠤᠤ ᠶᠡᠭᠡ ᠦᠢᠯᠡᠳᠦᠯᠭᠡ ᠮᠠᠷᠭᠤᠰᠢ ᠦᠭᠡᠢ ᠭᠡᠷᠡᠴᠢᠯᠡᠪᠡ᠂ ᠡᠨᠡ ᠪᠤᠯ ᠨᠠᠮ ᠪᠤᠯᠤᠨ ᠠᠷᠠᠳ ᠲᠦᠮᠡᠨ ᠤ ᠲᠡᠦᠬᠡ ᠪᠤᠯᠤᠨ ᠪᠤᠳᠠᠲᠤ ᠪᠠᠶᠢᠳᠠᠯ ᠠᠴᠠ ᠤᠯᠤᠬᠰᠠᠨ ᠭᠤᠶᠢᠪᠢᠰᠢ ᠦᠭᠡᠢ ᠳ᠋ᠦᠡᠭᠨᠡᠯᠲᠡ ᠶᠤᠮ᠃ ᠶᠡᠷᠦᠩᠬᠡᠢ ᠱᠦᠵᠢ ᠰᠢ ᠶᠢᠨ ᠫᠢᠩ᠄ ︽ᠰᠢᠨ᠎ᠠ ᠴᠠᠭ ᠦᠶ ᠎ᠠ ᠶᠢᠨ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠦᠮ ᠪᠤᠯ ᠮᠠᠨ ᠤ ᠨᠠᠮ ᠠᠷᠠᠳ ᠲᠦᠮᠡᠨ ᠢ ᠤᠳᠤᠷᠢᠳᠴᠤ ᠠᠭᠤᠤ ᠶᠡᠭᠡ ᠬᠤᠪᠢᠰᠬᠠᠯ ᠬᠢᠭᠰᠡᠨ ᠤ ᠦᠷ᠎ᠠ ᠪᠦᠲᠦᠭᠡᠯ ᠮᠦᠨ᠂ ᠪᠠᠰᠠ ᠴᠤ ᠮᠠᠨ ᠤ ᠨᠠᠮ ᠠᠷᠠᠳ ᠲᠦᠮᠡᠨ ᠢ ᠤᠳᠤᠷᠢᠳᠴᠤ ᠠᠭᠤᠤ ᠶᠡᠭᠡ ᠨᠡᠶᠢᠭᠡᠮ ᠤᠨ ᠬᠤᠪᠢᠰᠬᠠᠯ ᠢ ᠬᠢᠵᠤ ᠪᠠᠶᠢᠭ᠎ᠠ ᠦᠷᠬᠦᠯᠵᠢᠯᠡᠯ ᠪᠤᠯᠤᠨ᠎ᠠ᠂ ᠡᠷᠬᠡᠪᠰᠢ ᠦᠷᠬᠦᠯᠵᠢᠯᠡᠨ ᠪᠠᠷᠢᠮᠲᠠᠯᠠᠬᠤ ᠬᠡᠷᠡᠭᠲᠡᠢ︾ ᠭᠡᠵᠦ ᠴᠢᠬᠤᠯᠠᠴᠢᠯᠠᠪᠠ᠃ ᠦᠨᠦᠳᠦᠷ᠂ ᠪᠢᠳᠡᠨ ᠤ ᠵᠠᠮ ᠶᠠᠪᠤᠬᠤ ᠳᠤᠲᠤᠮ ᠦᠷᠭᠡᠨ ᠳᠠᠷᠳᠠᠩ ᠪᠤᠯᠵᠤ᠂ ᠮᠠᠨ ᠤ ᠤᠨᠤᠯ ᠲᠠᠰᠤᠷᠠᠯᠲᠠ ᠦᠭᠡᠢ ᠬᠦᠭᠵᠢᠵᠦ᠂ ᠮᠠᠨ ᠤ ᠪᠠᠶᠢᠭᠤᠯᠤᠯ ᠡᠳᠦᠷ ᠢᠷᠡᠬᠦᠶ᠎ᠠ ᠲᠡᠭᠦᠯᠳᠡᠷᠵᠢᠵᠦ᠂ ᠮᠠᠨ ᠤ ᠰᠤᠶᠤᠯ ᠦᠷᠬᠦᠯᠵᠢᠯᠡᠨ ᠴᠡᠴᠡᠭᠯᠡᠨ ᠬᠦᠭᠵᠢᠪᠡ᠃ ᠳᠤᠮᠳᠠᠳᠤ ᠤᠯᠤᠰ ᠤᠨ ᠡᠪ ᠬᠠᠮᠲᠤ ᠨᠠᠮ ᠳᠡᠭᠡᠳᠦ ᠬᠡᠮᠵᠢᠶᠡᠨ ᠤ ᠲᠡᠦᠬᠡ ᠶᠢᠨ ᠤᠬᠠᠮᠰᠠᠷ ᠲᠠᠢ ᠪᠠᠶᠢᠵᠤ᠂ ᠨᠠᠮ ᠤᠨ ᠦᠪᠡᠷ ᠪᠡᠶ᠎ᠠ ᠶᠢᠨ ᠬᠤᠪᠢᠰᠬᠠᠯ ᠢᠶᠠᠷ ᠳᠠᠮᠵᠢᠭᠤᠯᠤᠨ ᠨᠠᠮ ᠠᠴᠠ ᠠᠷᠠᠳ ᠲᠥᠮᠡᠨ ᠢ ᠤᠳᠤᠷᠢᠳᠴᠤ ᠠᠭᠤᠤ ᠶᠡᠭᠡ ᠬᠤᠪᠢᠰᠬᠠᠯ ᠬᠢᠬᠦ ᠶᠢ ᠠᠬᠢᠭᠤᠯᠵᠤ᠂ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠦᠮ ᠤᠨ ᠨᠡᠩ ᠬᠦᠴᠦᠷᠬᠡᠭ ᠶᠡᠭᠡ᠂ ᠨᠡᠩ ᠢᠲᠡᠭᠡᠭᠦᠯᠬᠦ ᠬᠦᠴᠦᠨ ᠲᠠᠢ ᠦᠨᠡᠨ ᠶᠤᠰᠤᠨ ᠤ ᠬᠦᠴᠦᠨ ᠴᠢᠳᠠᠯ ᠢ ᠴᠢᠷᠮᠠᠶᠢᠨ ᠢᠯᠡᠷᠡᠭᠦᠯᠪᠡ᠃
  ᠨᠢᠭᠡ ᠦᠶ᠎ᠠ ᠶᠢᠨ ᠬᠦᠮᠦᠰ ᠲᠤ ᠨᠢᠭᠡ ᠦᠶ᠎ᠡ ᠶᠢᠨ ᠬᠦᠮᠦᠰ ᠤᠨ ᠤᠷᠲᠤ ᠵᠠᠮ ᠤᠨ ᠠᠶᠠᠨ ᠳᠠᠶᠢᠨ ᠪᠤᠢ᠃ ᠪᠢᠳᠡ ᠨᠢᠭᠡᠨᠲᠡ ᠮᠢᠩᠭᠠᠨ ᠠᠭᠤᠯᠠ ᠲᠦᠮᠡᠨ ᠤᠰᠤ ᠶᠢ ᠳᠠᠪᠠᠭᠰᠠᠨ ᠪᠤᠯᠪᠠᠴᠤ᠂ ᠪᠠᠰᠠ ᠦᠨᠳᠦᠷ ᠠᠭᠤᠯᠠ ᠡᠭᠴᠡ ᠲᠠᠪᠠᠭ᠎ᠠ ᠶᠢ ᠲᠠᠪᠠᠭ᠋ᠤ ᠴᠢᠬᠤᠯᠠᠳᠠᠢ ᠪᠠᠶᠢᠨ᠎ᠠ᠃ 5000 ᠭᠠᠷᠤᠢ ᠵᠢᠯ ᠤᠨ ᠪᠤᠯᠪᠠᠰᠤᠨ ᠲᠡᠦᠬᠡ ᠲᠠᠢ᠂ ᠰᠢᠨ᠎ᠠ ᠳᠤᠮᠳᠠᠳᠤ ᠤᠯᠤᠰ ᠤᠨ 70 ᠵᠢᠯ ᠤᠨ ᠠᠭᠤᠤ ᠶᠡᠭᠡ ᠭᠠᠶᠢᠬᠠᠮᠰᠢᠬ ᠢ ᠡᠭᠦᠳᠦᠭᠰᠡᠨ ᠳᠤᠮᠳᠠᠳᠤ ᠤᠯᠤᠰ ᠤᠨ ᠠᠷᠠᠳ ᠲᠦᠮᠡᠨ ᠪᠤᠯᠤᠨ ᠳᠤᠮᠳᠠᠳᠤ ᠶᠢᠨ ᠦᠨᠳᠦᠰᠦᠲᠡᠨ ᠲᠠᠢ ᠪᠠᠶᠢᠬᠤ ᠶᠢᠨ ᠤᠴᠢᠷ᠂ ᠯᠠᠪᠲᠠᠢ ᠰᠢᠨ᠎ᠠ ᠲᠡᠦᠬᠡᠨ ᠠᠭᠤᠤ ᠦᠢᠯᠡᠰ ᠢ ᠡᠭᠦᠳᠦᠨ ᠪᠦᠳᠦᠭᠡᠵᠤ᠂ ᠨᠡᠩ ᠰᠢᠨ᠎ᠠ ᠨᠡᠩ ᠦᠵᠡᠰᠭᠦᠯᠡᠩᠲᠦ ᠰᠠᠶᠢᠬᠠᠨ ᠴᠠᠭ ᠦᠶ᠎ᠠ ᠶᠢᠨ ᠬᠠᠭᠤᠳᠠᠰᠤ ᠶᠢ ᠪᠢᠴᠢᠭᠯᠡᠬᠦ ᠪᠤᠯᠤᠨ᠎ᠠ ᠭᠡᠳᠡᠭ ᠢ ᠪᠢᠳᠡ ᠪᠠᠲᠤ ᠢᠲᠡᠭᠡᠵᠦ ᠪᠠᠶᠢᠨ᠎ᠠ︕
              ︵ᠰᠢᠨᠬᠤᠸᠠ ᠬᠤᠷᠢᠶᠠᠨ ᠤ ᠪᠡᠬᠡᠵᠢᠩ ᠤᠨ 10 ᠰᠠᠷ᠎ᠠ ᠶᠢᠨ 4 ᠤ ᠴᠠᠬᠢᠯᠭᠠᠨ ᠮᠡᠳᠡᠭᠡ︶



  
     
     