

ᠡᠷᠡᠯᠭᠡᠭ ᠲᠡᠮᠡᠴᠡᠯ ᠤᠨ ᠡᠷᠡᠮᠡᠭᠡᠢ ᠲᠠᠭᠤᠯᠠᠯ

2019-09-16 17:39
  1266
  0

  8 ᠰᠠᠷ᠎ᠠ ᠶᠢᠨ 25 ᠤ ᠡᠳᠦᠷ᠂ ᠲᠦᠡᠭᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠠᠴᠠ ᠢᠷᠡᠭᠰᠡᠨ ᠮᠡᠷᠭᠡᠨᠭᠤᠸ᠎ᠠ ᠶᠢᠨ ᠬᠢᠨ ᠪᠠ ᠰᠢᠯᠢ ᠶᠢᠨ ᠭᠤᠤᠯ ᠠᠶᠢᠮᠠᠬ ᠤᠨ ᠠᠪᠠᠭ᠎ᠠ ᠬᠤᠰᠢᠭᠤᠨ ᠳᠤ ᠨᠤᠳᠤᠭᠳᠠᠢ ᠬᠦᠭᠵᠢᠯ ᠤᠨ ᠬᠢᠨ ᠲᠡᠯᠡᠭᠡᠢ ᠶᠢᠨ ᠹᠠᠱᠢᠰ ᠢ ᠡᠰᠡᠷᠭᠦᠴᠡᠭᠦ ᠲᠠᠶᠢᠨ ᠤ ᠬᠠᠶᠢᠯᠠᠷ ᠲᠠᠬᠢ ᠲᠤᠷᠠᠰᠬᠠᠯ ᠤᠨ ᠤᠷᠳᠤᠨ ᠳᠤ ᠬᠠᠷᠭᠤᠪᠠ᠃ ᠲᠡᠳᠡ ᠠᠳᠠᠯᠢ ᠪᠤᠰᠤ ᠶᠢᠨ ᠨᠤᠳᠤᠭ ᠤᠷᠤᠨ ᠠᠴᠠ ᠠᠳᠠᠯᠢ ᠨᠢᠭᠡ ᠵᠤᠷᠢᠯᠳᠠ ᠶᠢ ᠡᠪᠤᠷᠯᠡᠨ ᠠᠳᠡ ᠢᠷᠡᠵᠦ ᠪᠠᠶᠢᠭ᠎ᠠ ᠠᠵᠢ᠃ ᠠᠵᠢᠯ ᠠᠴᠠ ᠪᠠᠨ ᠠᠮᠠᠷᠠᠬᠰᠠᠨ ᠺᠠᠳ᠋ᠷ ᠮᠡᠷᠭᠡᠨᠭᠤᠸ᠎ᠠ ᠤᠮᠪᠤᠯᠤ ᠦᠭᠢᠨ ᠢᠶᠠᠨ ᠲᠠᠭᠠᠭᠤᠯᠵᠦ᠂ ᠮᠠᠯᠴᠢᠨ ᠵᠠᠯᠠᠭᠤ ᠬᠦᠭᠵᠢᠯ ᠡᠨᠡ ᠵᠢᠯ ᠶᠡᠭᠡ ᠰᠤᠷᠭᠠᠭᠤᠯᠢ ᠳᠤ ᠰᠢᠯᠭᠠᠭᠤᠯᠤᠨ ᠤᠷᠤᠬᠰᠠᠨ ᠶᠡᠭᠡ ᠬᠦᠤ ᠪᠠᠨ ᠲᠠᠭᠠᠭᠤᠯᠵᠦ ᠤᠯᠤᠰ ᠢᠶᠠᠨ ᠬᠠᠶᠢᠷᠠᠯᠠᠬᠤ ᠬᠦᠮᠦᠵᠢᠯ ᠬᠦᠷᠳᠡᠭᠡᠭᠦ ᠪᠠᠷ ᠲᠤᠷᠠᠰᠬᠠᠯ ᠤᠨ ᠤᠷᠳᠤᠨ ᠳᠤ ᠢᠷᠡᠭᠰᠡᠨ ᠨᠢ ᠡᠨᠡ ᠪᠠᠶᠢᠵᠠᠢ᠃
  ᠲᠠᠩᠺ ᠤᠨ ᠦᠵᠡᠭᠦᠯᠭᠡ᠂ ᠲᠤᠷᠠᠰᠬᠠᠯ ᠤᠨ ᠠᠭᠤᠳᠠᠮ ᠲᠠᠯᠠᠪᠠᠢ᠂ ᠪᠤᠰᠤᠭ᠎ᠠ ᠱᠤᠭᠤᠮᠠᠯ᠂ ᠬᠠᠶᠢᠯᠠᠷ ᠤᠨ ᠴᠠᠶᠢᠵᠠ ᠶᠢᠨ ᠪᠠᠭᠤᠷᠢ ᠶᠢᠨ ᠮᠦᠽᠸᠢ ᠁ ᠡᠨᠡ ᠪᠦᠭᠦᠨ ᠲᠡᠳᠡᠨᠡᠷ ᠤᠨ ᠠᠩᠬᠠᠷᠤᠯ ᠢ ᠨᠢ ᠲᠠᠳᠠᠨ᠎ᠠ᠂ ᠪᠤᠳᠤᠯᠭᠠᠰᠢᠷᠠᠯ ᠢ ᠨᠢ ᠴᠤ ᠬᠦᠨᠳᠤᠷᠡᠭᠦᠯᠤᠨ᠎ᠠ᠃ ᠲᠡᠳᠡ ᠲᠠᠶᠢᠯᠪᠤᠷᠢᠯᠠᠬᠴᠢ ᠶᠢᠨ ᠶᠠᠷᠢᠬᠤ ᠶᠢ ᠬᠢᠨᠠᠮᠠᠭᠠᠢ ᠰᠤᠨᠤᠰᠴᠤ᠂ ᠰᠤᠨᠢᠷᠬᠠᠯ ᠲᠦᠷᠦᠭᠳᠡᠭᠰᠡᠨ ᠢᠶᠠᠨ ᠠᠰᠠᠭᠤᠨ ᠯᠠᠪᠯᠠᠨ᠎ᠠ᠃ ᠶᠠᠫᠤᠨ ᠡᠵᠡᠷᠬᠡᠭ ᠲᠦᠷᠢᠮᠡᠬᠡᠶᠢᠳᠡᠨ ᠤ ᠲᠤᠮᠳᠠᠳᠤ ᠤᠯᠤᠰ ᠢ ᠲᠦᠷᠢᠮᠡᠭᠡᠶᠢᠯᠡᠨ ᠡᠵᠡᠯᠡᠭᠰᠡᠨ ᠵᠢᠷᠤᠬ ᠰᠡᠭᠦᠳᠡᠷ᠂ ᠲᠤᠮᠳᠠᠳᠤ ᠤᠯᠤᠰ ᠤᠨ ᠠᠷᠠᠳ ᠲᠦᠮᠡᠨ ᠤ ᠡᠷᠡᠯᠭᠡᠭᠯᠡᠨ ᠲᠡᠮᠡᠴᠡᠭᠰᠡᠨ ᠸᠢᠳᠢᠣ᠋ ᠹᠢᠯᠢᠮ ᠵᠡᠷᠭᠡ ᠨᠢ ᠶᠠᠫᠤᠨ ᠢ ᠡᠰᠡᠷᠭᠦᠴᠡᠭᠦ ᠲᠠᠶᠢᠨ ᠤ ᠬᠠᠳᠠᠭᠤ ᠪᠡᠷᠭᠡ ᠤᠨ ᠰᠠᠷ᠎ᠠ ᠶᠢ ᠬᠠᠷᠠᠭᠤᠯᠵᠦ᠂ ᠲᠤᠭᠤᠷᠢᠨ ᠵᠢᠭᠤᠯᠴᠢᠯᠠᠬᠰᠠᠳ ᠤᠨ ᠰᠡᠳᠭᠢᠯ ᠤᠨ ᠬᠦᠪᠴᠢ ᠶᠢ ᠲᠤᠷᠬᠢᠭᠤᠯᠵᠦ᠂ ᠤᠬᠠᠭᠠᠨ ᠪᠤᠳᠤᠯ ᠳᠤᠨᠢ ᠶᠠᠭᠤ ᠨᠢᠭᠡ ᠶᠢ ᠰᠠᠨᠠᠬᠳᠠᠭᠤᠯᠤᠨ᠎ᠠ᠃
  ᠲᠡᠯᠡᠭᠡᠢ ᠶᠢᠨ ᠹᠠᠱᠢᠰ ᠢ ᠡᠰᠡᠷᠭᠦᠴᠡᠭᠦ ᠲᠠᠶᠢᠨ ᠤ ᠬᠠᠶᠢᠯᠠᠷ ᠲᠠᠬᠢ ᠲᠤᠷᠠᠰᠬᠠᠯ ᠤᠨ ᠤᠷᠳᠤᠨ ᠪᠤᠯ ᠲᠤᠮᠳᠠᠳᠤ᠂ ᠵᠦᠪᠯᠡᠯᠳᠤ᠂ ᠮᠤᠩᠭᠤᠯ ᠭᠤᠷᠪᠠᠨ ᠤᠯᠤᠰ ᠬᠤᠯᠪᠤᠭᠠᠯᠠᠨ ᠲᠡᠯᠡᠭᠡᠢ ᠶᠢᠨ ᠬᠤᠶᠠᠳᠤᠭᠠᠷ ᠲᠠᠶᠢᠨ ᠤ ᠲᠤᠮᠳᠡ ᠶᠠᠫᠤᠨ ᠤ ᠹᠠᠱᠢᠰ ᠢ ᠡᠰᠡᠷᠭᠦᠴᠡᠭᠰᠡᠨ ᠰᠦᠷ ᠵᠢᠪᠬᠤᠭ᠎ᠠ ᠶᠢ ᠢᠯᠡᠷᠡᠭᠦᠯᠵᠦ᠂ ᠲᠡᠤᠭᠡ ᠪᠠᠨ ᠦᠯᠦ ᠮᠠᠷᠳᠠᠵᠦ᠂ ᠡᠩᠭᠡ ᠲᠠᠶᠢᠪᠤᠡᠭ ᠢ ᠬᠠᠮᠠᠭᠠᠯᠠᠬᠤ ᠭᠤᠤᠯ ᠰᠡᠳᠦᠪ ᠢ ᠲᠤᠪᠤᠶᠢᠯᠭᠠᠬᠰᠠᠨ᠂ ᠤᠯᠤᠰ ᠤᠨ ᠲᠤᠳᠤᠭᠠᠳᠤ ᠳᠤ ᠴᠤᠷ ᠤᠨ ᠭᠠᠭᠴᠠ ᠤᠯᠠᠨ ᠤᠯᠤᠰ ᠤᠷᠤᠯᠴᠠᠵᠦ᠂ ︽ᠤᠯᠤᠰ ᠢᠶᠠᠨ ᠬᠠᠶᠢᠷᠠᠯᠠᠬᠤ ᠦᠵᠡᠯ᠂ ᠢᠨᠲᠧᠷᠨᠠᠼᠢᠤᠨᠠᠯ ᠤᠨ ᠦᠵᠡᠯ᠂ ᠬᠤᠪᠢᠰᠬᠠᠯᠳᠤ ᠪᠠᠭᠠᠳᠤᠷᠯᠢᠭ ᠦᠵᠡᠯ︾ ᠢ ᠲᠤᠰᠬᠠᠬᠰᠠᠨ ᠵᠢᠭᠤᠯᠴᠢᠯᠠᠯ ᠤᠨ ᠦᠵᠡᠮᠵᠢ ᠶᠢᠨ ᠤᠷᠤᠨ ᠪᠤᠯᠤᠨ᠎ᠠ᠃
  ᠬᠠᠶᠢᠯᠠᠷ ᠤᠨ ᠴᠠᠶᠢᠵᠠ ᠶᠢᠨ ᠪᠠᠭᠤᠷᠢ ᠶᠢᠨ ᠮᠦᠽᠸᠢ ᠳᠤ᠂ ︽ᠦᠯᠦ ᠮᠠᠷᠳᠠ︾ ᠭᠡᠭᠦ ᠬᠤᠶᠠᠷ ᠦᠰᠦᠭ ᠲᠠᠢ ᠲᠡᠤᠭᠡ ᠶᠢᠨ ᠨᠤᠮ ᠤᠨ ᠱᠤᠭᠤᠮᠠᠯ ᠪᠤᠰᠬᠠᠵᠦ᠂ ᠱᠤᠭᠤᠮᠠᠯ ᠤᠨ ᠲᠤᠤᠷ᠎ᠠ 1931 ᠤᠨ ᠪᠠ 1945 ᠤᠨ ᠢ ᠲᠡᠮᠳᠡᠭᠯᠡᠵᠦ᠂ ᠶᠠᠫᠤᠨ ᠡᠵᠡᠷᠭᠡᠭ ᠲᠦᠷᠢᠮᠡᠭᠡᠶᠢᠳᠡᠨ ᠤ ᠲᠤᠮᠳᠠᠳᠤ ᠤᠯᠤᠰ ᠢ ᠲᠦᠷᠢᠮᠡᠭᠡᠶᠢᠯᠡᠭᠰᠡᠨ 14 ᠵᠢᠯ ᠤᠨ ᠴᠠᠬ ᠬᠤᠭᠤᠴᠠᠭ᠎ᠠ ᠶᠢ ᠬᠠᠷᠠᠭᠤᠯᠵᠠᠢ᠃ ᠲᠡᠯᠭᠡᠨ ᠦᠵᠡᠭᠦᠯᠭᠡ ᠶᠢᠨ ᠲᠢᠩᠭᠢᠮ ᠳᠤ᠂ ᠶᠡᠭᠡ ᠬᠡᠮᠵᠢᠶᠡᠨ ᠤ ᠬᠡᠷᠡᠯ ᠵᠢᠷᠤᠬ᠂ ᠡᠳ᠋ ᠪᠤᠳᠠᠰ᠂ ᠦᠰᠦᠭ ᠪᠢᠴᠢᠭ ᠢᠶᠠᠷ ᠶᠠᠫᠤᠨ ᠡᠵᠡᠷᠭᠡᠭ ᠲᠦᠷᠢᠮᠡᠭᠡᠶᠢᠳᠡᠨ ᠤ ᠶᠠᠯ᠎ᠠ ᠬᠢᠯᠢᠨᠴᠡᠳᠦ ᠠᠵᠢᠯᠯᠠᠭ᠎ᠠ ᠶᠢ ᠲᠤᠭᠠᠴᠢᠵᠦ᠂ ᠳᠣᠮᠳᠠᠳᠣ ᠣᠯᠣᠰ ᠤᠨ ᠡᠪ ᠬᠠᠮᠳᠤ ᠨᠠᠮ ᠤᠨ ᠤᠳᠤᠷᠢᠳᠤᠯᠭ᠎ᠠ ᠲᠤᠤᠷᠠᠬᠢ ᠶᠠᠫᠤᠨ ᠢ ᠡᠰᠡᠷᠭᠦᠴᠡᠭᠦ ᠬᠤᠯᠪᠤᠭᠠᠳᠤ ᠴᠡᠷᠢᠭ ᠤᠨ ᠡᠷᠡᠯᠭᠡᠭ ᠪᠠᠭᠠᠳᠤᠷᠯᠢᠭ ᠢᠶᠠᠷ ᠡᠰᠡᠷᠭᠦᠴᠡᠨ ᠲᠡᠮᠡᠴᠡᠭᠰᠡᠨ ᠤᠯᠤᠰ ᠢᠶᠠᠨ ᠬᠠᠶᠢᠷᠠᠯᠠᠬᠤ ᠦᠵᠡᠯ ᠤᠨ ᠵᠤᠷᠢᠭ ᠰᠠᠨᠠᠭ᠎ᠠ ᠶᠢ ᠬᠠᠷᠠᠭᠤᠯᠵᠦ᠂ ᠲᠤᠮᠳᠠᠳᠤ ᠵᠦᠪᠯᠡᠯᠳᠤ ᠮᠤᠩᠭᠤᠯ ᠭᠤᠷᠪᠠᠨ ᠤᠯᠤᠰ ᠤᠨ ᠹᠠᠱᠢᠰ ᠢ ᠡᠰᠡᠷᠭᠦᠴᠡᠭᠰᠡᠨ ᠢᠨᠲ᠋ᠧᠷᠨᠠᠼᠢᠤᠨᠠᠯ ᠤᠨ ᠦᠵᠡᠯ ᠤᠨ ᠵᠤᠷᠢᠭ ᠰᠠᠨᠠᠭ᠎ᠠ ᠶᠢ ᠮᠠᠬᠳᠠᠨ ᠲᠠᠭᠤᠯᠠᠪᠠ᠃
  ︽ᠵᠢᠯ ᠪᠦᠷᠢ ᠶᠢᠨ ᠪᠠᠶᠠᠷ ᠳᠣᠷᠠᠰᠬᠠᠯ ᠤᠨ ᠡᠳᠦᠷ᠂ ᠠᠵᠦ ᠠᠬᠤᠢᠢᠯᠠᠯ ᠠᠵᠢᠯ ᠦᠢᠯᠡᠰ ᠤᠨ ᠨᠢᠭᠡᠴᠢ᠂ ᠪᠠᠶᠢᠭᠤᠯᠭ᠎ᠠ ᠪᠦᠯᠭᠦᠮ ᠨᠢᠭᠡᠴᠢ᠂ ᠴᠡᠷᠢᠭ ᠴᠠᠬᠳᠠᠭ᠎ᠠ ᠵᠢᠴᠢ ᠰᠤᠷᠭᠠᠭᠤᠯᠢ ᠶᠢᠨ ᠬᠢᠨ ᠠᠳᠡ ᠢᠷᠡᠵᠦ ᠢᠳᠡᠭᠡᠯ ᠪᠢᠰᠢᠷᠡᠯ ᠤᠨ ᠬᠦᠮᠦᠵᠢᠯ ᠤᠨ ᠠᠵᠢᠯᠯᠠᠭ᠎ᠠ᠂ ᠭᠤᠤᠯ ᠰᠡᠳᠦᠪᠳᠤ ᠨᠠᠮ ᠤᠨ ᠡᠳᠦᠷ ᠤᠨ ᠠᠵᠢᠯᠯᠠᠭ᠎ᠠ᠂ ᠬᠠᠨᠭ᠍ᠰᠢ ᠶᠢᠨ ᠡᠳᠦᠷ ᠪᠠᠭᠠᠳᠤᠷᠴᠤᠳ ᠢ ᠲᠠᠬᠢᠬᠤ ᠵᠡᠷᠭᠡ ᠠᠵᠢᠯᠯᠠᠭ᠎ᠠ ᠦᠷᠨᠢᠭᠦᠯᠳᠡᠭ᠃ ᠪᠦᠭᠦ ᠤᠯᠤᠰ ᠤᠨ ᠡᠯ᠎ᠠ ᠭᠠᠵᠠᠷ ᠤᠨ ᠵᠢᠭᠤᠯᠴᠢᠯᠠᠬᠰᠠᠳ ᠢᠷᠡᠭᠦ ᠪᠠᠷ ᠪᠠᠷᠠᠬᠤ ᠦᠭᠡᠢ᠂ ᠤᠷᠤᠰ᠂ ᠮᠤᠩᠭᠤᠯ᠂ ᠶᠠᠫᠤᠨ ᠵᠡᠷᠭᠡ ᠤᠯᠤᠰ ᠤᠨ ᠵᠢᠭᠤᠯᠴᠢᠯᠠᠬᠰᠠᠳ ᠴᠤ ᠢᠷᠡᠵᠦ ᠬᠦᠮᠦᠵᠢᠯ ᠬᠦᠷᠳᠡᠳᠡᠭ᠃ ᠲᠤᠷᠠᠰᠬᠠᠯ ᠤᠨ ᠤᠷᠳᠤᠨ ᠢ 2008 ᠤᠨ ᠳᠤ ᠨᠡᠭᠡᠭᠡᠭᠰᠡᠨ ᠠᠴᠠ ᠤᠳᠤ ᠪᠤᠯᠳᠠᠯ᠎ᠠ ᠰᠤᠷᠤᠬᠴᠢ᠂ ᠴᠡᠷᠢᠭ ᠴᠠᠬᠳᠠᠭ᠎ᠠ᠂ ᠠᠵᠦ ᠠᠬᠤᠢᠢᠯᠠᠯ ᠠᠵᠢᠯ ᠦᠢᠯᠡᠰ ᠤᠨ ᠨᠢᠭᠡᠴᠢ ᠶᠢᠨ ᠬᠢᠨ ᠢᠶᠠᠷ ᠭᠤᠤᠯᠯᠠᠭᠤᠯᠤᠬᠰᠠᠨ 230 ᠲᠦᠮᠡᠨ ᠬᠦᠮᠦᠨ ᠤᠳᠠᠭ᠎ᠠ ᠶᠢᠨ ᠵᠢᠭᠤᠯᠴᠢᠯᠠᠬᠰᠠᠳ ᠢ ᠬᠦᠯᠢᠶᠠᠨ ᠠᠪᠴᠤ ᠪᠤᠢ︾ ᠭᠡᠵᠦ ᠲᠡᠯᠡᠭᠡᠢ ᠶᠢᠨ ᠹᠠᠱᠢᠰ ᠢ ᠡᠰᠡᠷᠭᠦᠴᠡᠭᠦ ᠲᠠᠶᠢᠨ ᠤ ᠬᠠᠶᠢᠯᠠᠷ ᠲᠠᠬᠢ ᠲᠤᠷᠠᠰᠬᠠᠯ ᠤᠨ ᠤᠷᠳᠤᠨ ᠤ ᠲᠡᠳ᠋ ᠡᠷᠬᠢᠯᠡᠭᠴᠢ ᠨᠢᠤ ᠯᠢ ᠵᠢᠤᠸᠠᠨ ᠲᠠᠨᠢᠯᠴᠠᠭᠤᠯᠤᠨ᠎ᠠ᠃
  ᠲᠡᠯᠡᠭᠡᠢ ᠶᠢᠨ ᠹᠠᠱᠢᠰ ᠢ ᠡᠰᠡᠷᠭᠦᠴᠡᠭᠦ ᠲᠠᠶᠢᠨ ᠤ ᠬᠠᠶᠢᠯᠠᠷ ᠲᠠᠬᠢ ᠲᠤᠷᠠᠰᠬᠠᠯ ᠤᠨ ᠤᠷᠳᠤᠨ 2011 ᠤᠨ ᠳᠤ ᠬᠤᠶᠠᠳᠤᠭᠠᠷ ᠪᠦᠯᠦᠭ ᠤᠨ ᠪᠦᠭᠦ ᠤᠯᠤᠰ ᠤᠨ ᠬᠤᠪᠢᠰᠬᠠᠯ ᠤᠨ ᠵᠢᠭᠤᠯᠴᠢᠯᠠᠯ ᠤᠨ ᠰᠤᠩᠭᠤᠳᠠᠬ ᠦᠵᠡᠮᠵᠢ ᠶᠢᠨ ᠤᠷᠤᠨ ᠢᠶᠠᠷ ᠰᠤᠩᠭᠤᠬᠳᠠᠵᠦ᠂ 2014 ᠤᠨ ᠳᠤ ᠲᠦᠷᠦ ᠶᠢᠨ ᠶᠠᠪᠤᠳᠠᠯ ᠤᠨ ᠬᠤᠷᠢᠶ᠎ᠠ ᠳᠤ ᠲᠦᠷᠦᠭᠦᠦ ᠪᠦᠯᠦᠭ ᠤᠨ ᠤᠯᠤᠰ ᠤᠨ ᠲᠡᠰ ᠤᠨ ᠶᠠᠫᠤᠨ ᠢ ᠡᠰᠡᠷᠭᠦᠴᠡᠭᠦ ᠲᠠᠶᠢᠨ ᠤ ᠲᠦᠭᠦᠭᠡᠷᠦᠮᠵᠢ᠂ ᠪᠠᠭᠤᠷᠢ ᠪᠠᠷ ᠵᠢᠬᠰᠠᠭᠠᠬᠳᠠᠪᠠ᠃
  ᠶᠠᠫᠤᠨ ᠢ ᠡᠰᠡᠷᠭᠦᠴᠡᠭᠦ ᠲᠠᠶᠢᠨ ᠤ ᠬᠤᠭᠤᠴᠠᠭᠠᠨ ᠳᠤ᠂ ᠠᠷᠤᠨ ᠬᠤᠰᠢᠭᠤ ᠪᠤᠯ ᠵᠡᠭᠦᠨ ᠬᠤᠶᠢᠳᠤ ᠶᠢᠨ ᠶᠠᠫᠤᠨ ᠢ ᠡᠰᠡᠷᠭᠦᠴᠡᠭᠦ ᠬᠤᠯᠪᠤᠭᠠᠳᠤ ᠴᠡᠷᠢᠭ ᠤᠨ ᠭᠤᠷᠪᠠᠨᠳᠡ ᠬᠦᠯᠦᠨ ᠪᠤᠶᠢᠷ ᠲᠤ ᠤᠷᠤᠵᠦ ᠶᠠᠫᠤᠨ ᠡᠵᠡᠷᠭᠡᠭ ᠲᠦᠷᠢᠮᠡᠭᠡᠶᠢᠳᠡᠨ ᠢ ᠡᠰᠡᠷᠭᠦᠴᠡᠭᠰᠡᠨ ᠭᠤᠤᠯ ᠲᠠᠶᠢᠨ ᠤ ᠲᠠᠯᠠᠪᠤᠷ ᠪᠤᠯᠤᠨ᠎ᠠ᠃ ᠶᠠᠫᠤᠨ ᠢ ᠡᠰᠡᠷᠭᠦᠴᠡᠭᠦ ᠬᠤᠯᠪᠤᠭᠠᠳᠤ ᠴᠡᠷᠢᠭ ᠤᠨ ᠪᠠᠭᠠᠳᠤᠷ ᠹᠸᠡᠭ ᡁᠢ ᠭᠠᠨᠭ᠌᠂ ᠭᠤᠤ ᠢᠤᠢ ᠮᠢᠨ ᠵᠡᠷᠭᠡ ᠦᠢ ᠤᠯᠠᠨ ᠠᠬᠠᠮᠠᠳ ᠬᠤᠪᠢᠰᠬᠠᠯᠴᠢᠳ ᠦᠭᠦᠵᠦ ᠰᠡᠭᠡᠭᠦ ᠶᠢ ᠬᠠᠶᠢᠬᠤᠷᠤᠯ ᠦᠭᠡᠢ᠂ ᠡᠵᠡᠷᠭᠡᠭ ᠲᠦᠷᠢᠮᠡᠭᠡᠶᠢᠳᠡᠨ ᠢ ᠡᠷᠡᠯᠭᠡᠭᠯᠡᠨ ᠡᠰᠡᠷᠭᠦᠴᠡᠵᠦ᠂ ᠭᠤᠶᠢᠪᠢᠰᠢ ᠦᠭᠡᠢ ᠢᠳᠡᠭᠡᠯ ᠪᠢᠰᠢᠷᠡᠯ ᠪᠠ ᠡᠮᠢᠶᠡᠵᠦ ᠰᠦᠷᠳᠡᠰᠢ ᠦᠭᠡᠢ ᠵᠤᠷᠢᠭ ᠰᠠᠨᠠᠭ᠎ᠠ ᠪᠠᠷ ᠶᠠᠫᠤᠨ ᠢ ᠡᠰᠡᠷᠭᠦᠴᠡᠭᠦ ᠲᠠᠶᠢᠨ ᠤ ᠠᠭᠤᠤ ᠶᠡᠭᠡ ᠢᠯᠡᠯᠳᠡ ᠪᠠ ᠠᠷᠠᠳ ᠲᠦᠮᠡᠨ ᠤ ᠵᠢᠷᠭᠠᠯᠳᠤ ᠠᠮᠢᠳᠤᠷᠠᠯ ᠢ ᠰᠤᠯᠢᠨ ᠠᠪᠴᠢᠷᠠᠬᠰᠠᠨ ᠪᠠᠶᠢᠨ᠎ᠠ᠃
  ᠵᠡᠭᠦᠨ ᠬᠤᠶᠢᠳᠤ ᠶᠢᠨ ᠶᠠᠫᠤᠨ ᠢ ᠡᠰᠡᠷᠭᠦᠴᠡᠭᠦ ᠬᠤᠯᠪᠤᠭᠠᠳᠤ ᠴᠡᠷᠢᠭ ᠭᠤᠷᠪᠠᠨᠳᠡ ᠬᠦᠯᠦᠨ ᠪᠤᠶᠢᠷ ᠲᠤ ᠤᠷᠤᠵᠦ᠂ ᠲᠦᠮᠡᠨ ᠪᠡᠷᠭᠡ ᠮᠢᠩᠭᠠᠨ ᠪᠡᠷᠭᠡᠰᠢᠶᠡᠯ ᠢ ᠲᠠᠪᠠᠵᠦ᠂ ᠴᠦᠭᠡᠨ ᠲᠤᠭᠠᠳᠤ ᠦᠨᠳᠦᠰᠦᠳᠡᠨ ᠤ ᠤᠯᠠᠨ ᠲᠦᠮᠡᠨ ᠢ ᠲᠠᠶᠢᠴᠢᠯᠠᠨ ᠬᠠᠮᠳᠤ ᠪᠠᠷ ᠶᠠᠫᠤᠨ ᠢ ᠡᠰᠡᠷᠭᠦᠴᠡᠵᠦ᠂ ᠲᠠᠶᠢᠰᠤᠨ ᠤ ᠤᠯᠠᠨ ᠤᠳᠠᠭ᠎ᠠ ᠶᠢᠨ ᠪᠦᠰᠡᠯᠡᠯᠳᠡ ᠶᠢ ᠰᠦᠢᠷᠡᠭᠦᠯᠵᠦ᠂ ᠡᠯ᠎ᠠ ᠦᠨᠳᠦᠰᠦᠳᠡᠨ ᠤ ᠤᠯᠠᠨ ᠲᠦᠮᠡᠨ ᠤ ᠲᠡᠮᠵᠢᠯᠭᠡ ᠶᠢ ᠣᠯᠪᠠ᠃ ᠶᠠᠫᠤᠨ ᠢ ᠡᠰᠡᠷᠭᠦᠴᠡᠭᠦ ᠬᠤᠯᠪᠤᠭᠠᠳᠤ ᠴᠡᠷᠢᠭ ᠤᠨ ᠴᠡᠷᠢᠭ ᠠᠩᠭᠢ ᠶᠠᠫᠤᠨ ᠤ ᠬᠠᠭᠤᠷᠮᠠᠬ ᠴᠡᠷᠢᠭ ᠲᠠᠢ ᠰᠢᠷᠦᠭᠦᠨ ᠲᠤᠯᠤᠯᠳᠤᠬᠤ ᠲᠤᠮᠳᠡ ᠮᠠᠰᠢ ᠶᠡᠭᠡ ᠦᠷᠡᠭᠳᠡᠯ ᠭᠠᠷᠭᠠᠵᠦ᠂ 200 ᠭᠠᠷᠤᠢ ᠬᠤᠯᠪᠤᠭᠠᠳᠤ ᠴᠡᠷᠢᠭ ᠤᠨ ᠳᠠᠷᠤᠭ᠎ᠠ ᠪᠠᠶᠢᠯᠳᠤᠬᠴᠢ ᠬᠦᠯᠦᠨ ᠪᠤᠶᠢᠷ ᠤᠨ ᠬᠦᠷᠦᠰᠦᠨ ᠳᠤ ᠦᠨᠢᠳᠡ ᠨᠦᠢᠷᠰᠤᠵᠠᠢ᠃
  ᠡᠨᠡᠭᠦ ᠴᠢᠰᠦ ᠨᠢᠯᠪᠤᠰᠤᠳᠤ᠂ ᠰᠦᠷ ᠵᠢᠪᠬᠤᠭᠠᠳᠤ ᠲᠡᠮᠡᠴᠡᠯ ᠤᠨ ᠲᠡᠤᠭᠡ ᠶᠢ ᠠᠷᠤᠨ ᠬᠤᠰᠢᠭᠤᠨ ᠳᠠᠬᠢ ᠬᠦᠯᠦᠨ ᠪᠤᠶᠢᠷ ᠤᠨ ᠵᠡᠭᠦᠨ ᠬᠤᠶᠢᠳᠤ ᠶᠢᠨ ᠶᠠᠫᠤᠨ ᠢ ᠡᠰᠡᠷᠭᠦᠴᠡᠭᠦ ᠬᠤᠯᠪᠤᠭᠠᠳᠤ ᠴᠡᠷᠢᠭ ᠤᠨ ᠲᠤᠷᠠᠰᠬᠠᠯ ᠤᠨ ᠤᠷᠳᠤᠨ ᠳᠤ ᠲᠡᠯᠭᠡᠨ ᠦᠵᠡᠭᠦᠯᠵᠦ᠂ ᠬᠦᠯᠦᠨ ᠪᠤᠶᠢᠷ ᠢ ᠭᠤᠷᠪᠠᠨᠳᠠ ᠲᠠᠭᠠᠷᠢᠬᠰᠠᠨ ᠪᠠᠭᠠᠳᠤᠷᠯᠢᠭ ᠠᠵᠢᠯᠯᠠᠭ᠎ᠠ ᠶᠢ ᠲᠡᠯᠭᠡᠨ ᠦᠵᠡᠭᠦᠯᠵᠦ ᠪᠣᠢ᠃ ᠴᠢᠯᠦᠭᠡᠯᠡᠭᠳᠡᠭᠦ ᠠᠴᠠ ᠡᠮᠦᠨ᠎ᠠ᠂ ᠠᠷᠤᠨ ᠬᠤᠰᠢᠭᠤᠨ ᠤ ᠤᠯᠠᠨ ᠲᠦᠮᠡᠨ ᠶᠠᠫᠤᠨ ᠡᠵᠡᠷᠭᠡᠭ ᠲᠦᠷᠢᠮᠡᠭᠡᠶᠢᠳᠡᠨ ᠤ ᠬᠠᠷᠬᠢᠰ ᠨᠤᠶᠠᠷᠬᠠᠯ ᠲᠤᠤᠷ᠎ᠠ ᠤᠷᠤᠭ᠎ᠠ ᠪᠤᠰᠬᠠᠭ᠎ᠠ ᠤᠨ ᠵᠢᠯ ᠢ ᠦᠡᠭᠭᠡᠷᠡᠭᠦᠯᠵᠦ᠂ ᠭᠠᠴᠢᠭ ᠪᠡᠷᠭᠡ ᠲᠠᠢ ᠠᠮᠢᠳᠤᠷᠠᠵᠦ ᠪᠠᠶᠢᠬᠰᠠᠨ ᠴᠤ᠂ ᠡᠯ᠎ᠠ ᠦᠨᠳᠦᠰᠦᠳᠡᠨ ᠤ ᠠᠷᠠᠳ ᠲᠦᠮᠡᠨ ᠬᠠᠷᠭᠢᠰ ᠨᠤᠶᠠᠷᠬᠠᠯ ᠳᠤ ᠲᠤᠯᠤᠭᠠᠢ ᠪᠦᠭᠦ᠋ᠢᠵᠦ ᠡᠪᠦᠳᠦᠭ ᠨᠤᠭᠤᠷᠠᠯ ᠦᠭᠡᠢ᠂ ᠬᠦᠴᠦᠨ ᠢᠶᠠᠨ ᠬᠠᠮᠳᠤᠳᠬᠠᠵᠦ ᠰᠡᠳᠭᠢᠯ ᠢᠶᠠᠨ ᠨᠢᠭᠡᠳᠭᠡᠨ ᠲᠠᠶᠢᠰᠤᠨ ᠡᠳᠡᠭᠡᠳ ᠲᠠᠢ ᠡᠷᠡᠯᠭᠡᠭ ᠢᠶᠠᠷ ᠲᠡᠮᠡᠴᠡᠯ ᠶᠠᠪᠤᠭᠤᠯᠪᠠ᠃ ᠲᠤᠷᠠᠰᠬᠠᠯ ᠤᠨ ᠤᠷᠳᠤᠨ ᠳᠠᠬᠢ ᠮᠠᠲ᠋ᠧᠷᠢᠶᠠᠯ ᠳᠤ ᠲᠡᠮᠳᠡᠭᠯᠡᠭᠰᠡᠨ ᠢᠶᠠᠷ᠂ 1939 ᠤᠨ ᠤ 12 ᠰᠠᠷ᠎ᠠ ᠠᠴᠠ 1941 ᠤᠨ ᠤ 7 ᠰᠠᠷ᠎ᠠ ᠶᠢᠨ ᠬᠤᠭᠤᠷᠤᠨᠳᠤ᠂ ᠵᠡᠭᠦᠨ ᠬᠤᠶᠢᠳᠤ ᠶᠢᠨ ᠶᠠᠫᠤᠨ ᠢ ᠡᠰᠡᠷᠭᠦᠴᠡᠭᠦ ᠬᠤᠯᠪᠤᠭᠠᠳᠤ ᠴᠡᠷᠢᠭ ᠭᠤᠷᠪᠠᠨᠳᠡ ᠬᠦᠯᠦᠨ ᠪᠤᠶᠢᠷ ᠲᠤ ᠤᠷᠤᠵᠦ᠂ ᠶᠠᠫᠤᠨ ᠡᠵᠡᠷᠭᠡᠭ ᠲᠦᠷᠢᠮᠡᠭᠡᠶᠢᠳᠡᠨ ᠲᠠᠢ ᠶᠡᠭᠡ ᠪᠠᠭ᠎ᠠ ᠲᠠᠶᠢᠨ ᠢ ᠤᠯᠠᠨᠳᠠ ᠬᠢᠵᠦ᠂ ᠶᠠᠫᠤᠨ ᠢ ᠡᠰᠡᠷᠭᠦᠴᠡᠭᠦ ᠬᠤᠯᠪᠤᠭᠠᠳᠤ ᠴᠡᠷᠢᠭ ᠤᠨ ᠠᠵᠢᠯᠯᠠᠭ᠎ᠠ ᠶᠢᠨ ᠬᠡᠪᠴᠢᠶ᠎ᠠ ᠶᠢ ᠦᠷᠭᠡᠳᠭᠡᠭᠰᠡᠨ ᠢᠶᠠᠷ ᠪᠠᠷᠠᠬᠤ ᠦᠭᠡᠢ᠂ ᠦᠪᠤᠷ ᠮᠤᠩᠭᠤᠯ ᠤᠨ ᠵᠡᠭᠦᠨ ᠬᠡᠰᠡᠭ ᠤᠨ ᠭᠠᠵᠠᠷ ᠤᠷᠤᠨ ᠤ ᠶᠠᠫᠤᠨ ᠢ ᠡᠰᠡᠷᠭᠦᠴᠡᠭᠦ ᠲᠡᠮᠡᠴᠡᠯ ᠢ ᠠᠬᠢᠭᠤᠯᠤᠬᠰᠠᠨ ᠪᠠᠶᠢᠨ᠎ᠠ᠃
  ᠶᠠᠫᠤᠨ ᠢ ᠡᠰᠡᠷᠭᠦᠴᠡᠭᠦ ᠬᠤᠯᠪᠤᠭᠠᠳᠤ ᠴᠡᠷᠢᠭ ᠤᠨ ᠪᠠᠭᠠᠳᠤᠷᠴᠤᠳ ᠠᠯᠢ ᠤᠯᠠᠨ ᠪᠠᠭᠠᠳᠤᠷᠯᠢᠭ ᠦᠢᠯᠡ ᠶᠠᠪᠤᠳᠠᠯ ᠢ ᠪᠢᠴᠢᠭᠯᠡᠵᠦ᠂ ᠬᠤᠪᠢᠰᠬᠠᠯ ᠤᠨ ᠦᠢᠯᠡᠰ ᠲᠤ ᠠᠤᠭ᠎ᠠ ᠶᠡᠭᠡ ᠬᠤᠪᠢ ᠨᠡᠮᠡᠷᠢ ᠦᠵᠡᠭᠦᠯᠵᠦ᠂ ᠦᠨᠤᠳᠤᠷ ᠤᠨ ᠬᠦᠯᠦᠨ ᠪᠤᠶᠢᠷ ᠤᠨ ᠠᠷᠠᠳ ᠲᠦᠮᠡᠨ ᠤ ᠵᠤᠯ ᠵᠢᠷᠭᠠᠯᠳᠤ ᠠᠮᠢᠳᠤᠷᠠᠯ ᠢ ᠠᠷᠢᠭᠤᠨ ᠴᠢᠰᠦ ᠪᠠᠷ ᠢᠶᠠᠨ ᠰᠤᠯᠢᠨ ᠠᠪᠴᠢᠷᠠᠵᠦ᠂ ᠬᠤᠶᠢᠴᠢ ᠦᠶ᠎ᠠ ᠶᠢᠨ ᠬᠢᠨ ᠤ ᠦᠨᠢᠳᠡ ᠪᠢᠰᠢᠷᠡᠨ ᠰᠤᠷᠤᠯᠴᠠᠬᠤ ᠲᠠᠭᠤᠷᠢᠶᠠᠯ ᠪᠤᠯᠵᠠᠢ᠃ ᠪᠠᠭᠠᠳᠤᠷᠴᠤᠳ ᠤᠨ ᠨᠡᠷ᠎ᠠ ᠠᠯᠳᠠᠷ ᠲᠡᠤᠭᠡ ᠶᠢᠨ ᠬᠠᠭᠤᠳᠠᠰᠦᠨ ᠳᠤ ᠨᠠᠷᠠᠨ ᠰᠠᠷᠠᠨ ᠰᠢᠬ ᠬᠡᠷᠡᠯᠳᠤᠵᠦ ᠦᠨᠢ ᠤᠳᠠᠭᠠᠨ ᠠᠯᠳᠠᠷᠰᠢᠬᠤ ᠨᠢ ᠯᠠᠪᠳᠠᠢ︕
ᠵᠣᠬᠢᠶᠠᠭᠴᠢ᠄  ᠰᠠᠷᠠᠨᠲᠣᠶᠠᠭ᠎ᠠ 



  
     
     