 

ᠪᠦᠬᠡᠴᠤᠤᠯ ᠪᠤᠶᠤ ᠪᠠᠷᠭᠤ ᠪᠦᠬᠡᠴᠦᠦᠯ

2018-08-23 09:04
  183
  0
ᠪᠦᠬᠡᠴᠤᠤᠯ ᠪᠤᠶᠤ ᠪᠠᠷᠭᠤ ᠪᠦᠬᠡᠴᠦᠦᠯ
ᠨᠡᠶᠢᠲᠡᠯᠡᠭᠰᠡᠨ ᠴᠠᠭ᠄ 2018-03-16
  
            — ᠬᠠ᠊ · ᠠᠮᠤᠷᠵᠢᠷᠭᠠᠯ ᠤᠨ ︽ᠰᠢᠨ᠎ᠡ ᠪᠠᠷᠭᠤ ᠪᠠᠷᠠᠭᠤᠨ ᠬᠤᠰᠢᠭᠤᠨ ᠤ             ᠪᠦᠬᠡᠴᠤᠤᠯ ᠤᠨ ᠲᠡᠥᠬᠡ ᠲᠡᠮᠳᠡᠭᠯᠡᠯ︾᠎ ᠢ ᠤᠡᠭᠰᠢᠭᠰᠡᠨ ᠲᠦᠷᠦᠭᠳᠡᠯ
       ᠪᠦ᠋ᠬᠡᠴᠤᠤᠯ ᠪᠤᠶᠤ ᠪᠦᠬᠡ ᠶᠢᠨ ᠤᠷᠤᠯᠳᠤᠭᠠᠨ ᠨᠠᠭᠠᠳᠤᠮ ᠭᠡᠪᠡᠯ ᠮᠤᠩᠭᠤᠯᠴᠤᠳ ᠤᠨ ᠡᠷ᠎ᠡ ᠶᠢᠨ ᠭᠤᠷᠪᠠᠨ ᠨᠠᠭᠠᠳᠤᠮ ᠤᠨ ᠲᠤᠳᠠᠭᠳᠠᠵᠦ ᠪᠤᠯᠤᠰᠢ ᠦᠭᠡᠢ ᠨᠢᠭᠡᠨ ᠲᠦᠷᠦᠯ ᠵᠦᠢᠯ ᠪᠤᠯᠬᠤ ᠮᠤᠩᠭᠤᠯ ᠦᠨᠳᠦᠰᠦᠲᠡᠨ ᠤ ᠢᠵᠠᠭᠤᠷ ᠰᠤᠶᠤᠯ ᠪᠠᠶᠢᠵᠦ᠂ ᠡᠷᠲᠡ ᠳᠡᠭᠡᠷ᠎ᠡ ᠦᠶ᠎ᠡ ᠠᠴᠠ ᠤᠳᠤ ᠪᠤᠯᠲᠠᠯ᠎ᠠ ᠦᠨᠳᠦᠰᠦ ᠤᠳᠤᠮ ᠵᠠᠯᠭᠠᠨ᠂ ᠦᠵᠡᠭᠴᠢᠳ ᠲᠦᠮᠡᠨ ᠤ ᠪᠠᠨ ᠨᠢᠳᠤᠨ ᠤ ᠴᠢᠮᠡᠭ ᠰᠡᠳᠬᠢᠯ ᠤᠨ ᠪᠠᠭ᠋ᠠᠷᠬᠠᠯ ᠪᠤᠯᠤᠭᠰᠠᠭᠠᠷ ᠢᠷᠡᠭᠰᠡᠨ ᠶᠤᠮ᠃ ᠠᠳᠡ ᠪᠢ ᠬᠠ᠊ · ᠠᠮᠤᠷᠵᠢᠷᠭᠠᠯ ᠤᠨ ᠨᠠᠶᠢᠷᠠᠭᠤᠯᠤᠨ ᠪᠢᠴᠢᠭᠰᠡᠨ ︽ᠰᠢᠨ᠎ᠠ ᠪᠠᠷᠭᠤ ᠪᠠᠷᠠᠭᠤᠨ ᠬᠤᠰᠢᠭᠤᠨ ᠤ ᠪᠦᠬᠡᠴᠤᠤᠯ ᠤᠨ ᠲᠡᠤᠭᠡ ᠲᠡᠮᠳᠡᠭᠯᠡᠯ︾ ᠤᠡᠭᠰᠢᠭᠰᠡᠨ ᠲᠦᠷᠦᠭᠳᠡᠯ ᠢᠶᠠᠨ ᠲᠤᠤᠷᠠᠬᠢ ᠬᠡᠳᠦᠨ ᠲᠠᠯ᠎ᠠ ᠪᠠᠷ ᠬᠤᠷᠢᠶᠠᠩᠭᠤᠢᠢᠯᠠᠨ ᠲᠡᠮᠳᠡᠭᠯᠡᠪᠡ᠃         
ᠨᠢᠭᠡ᠂ ᠪᠠᠷᠭᠤ ᠪᠦᠬᠡ ᠶᠢᠨ ᠲᠦᠢᠮᠦ ᠪᠠᠶᠢᠳᠠᠯ        ᠨᠤᠮ ᠳᠤ᠂ 18 ᠳ᠋ᠤᠭᠠᠷ ᠵᠠᠭᠤᠨ ᠤ ᠰᠡᠭᠦᠯᠴᠢ ᠶᠢᠨ ᠦᠶ᠎ᠡ ᠠᠴᠠ ᠤᠳᠤ ᠪᠤᠯᠲᠠᠯᠠᠬᠢ ᠬᠤᠶᠠᠷ ᠵᠠᠭᠤᠭᠠᠳ ᠵᠢᠯ ᠤᠨ ᠲᠤᠷᠰᠢᠬᠢ ᠪᠠᠷᠭᠤ ᠪᠦᠬᠡᠴᠤᠤᠯ ᠤᠨ ᠲᠤᠬᠠᠢ ᠪᠢᠴᠢᠵᠡᠢ᠃ ᠲᠤᠬᠠᠢᠢᠯᠠᠪᠠᠯ ᠪᠠᠷᠭᠤ ᠪᠦᠬᠡ ᠶᠢᠨ ᠲᠡᠥᠬᠡᠨ ᠶᠠᠪᠤᠴᠠ᠂ ᠪᠠᠷᠢᠯᠳᠤᠭᠠᠨ ᠤ ᠤᠨᠴᠠᠯᠢᠭ᠂ ᠤᠷ᠎ᠠ ᠮᠡᠷᠭᠡᠵᠢᠯ᠂ ᠵᠤᠬᠢᠶᠠᠨ ᠪᠠᠶᠢᠭᠤᠯᠤᠯᠲᠠ᠂ ᠲᠦᠷᠢᠮ ᠭᠤᠷᠢᠮ᠂ ᠡᠮᠦᠰᠭᠡᠯ ᠵᠠᠰᠠᠯ᠂ ᠰᠦᠷ ᠵᠢᠪᠬᠤᠭ᠎ᠠ᠂ ᠰᠤᠶᠤᠯ ᠤᠨ ᠠᠭᠤᠯᠬᠤᠨ ᠵᠡᠷᠭᠡ ᠦᠨᠳᠦᠰᠦᠨ ᠡᠯᠧᠮᠧᠨ᠋ᠲ ᠤᠳ ᠢ ᠠᠩᠭᠢᠯᠠᠨ ᠪᠠᠭᠳᠠᠭᠠᠵᠦ᠂ 130 ᠭᠠᠷᠤᠢ ᠪᠦᠬᠡᠴᠤᠳ ᠤᠨ ᠨᠠᠮᠲᠠᠷ ᠢ ᠲᠠᠨᠢᠯᠴᠠᠭᠤᠯᠵᠦ᠂ ᠭᠡᠷᠡᠯ ᠵᠢᠷᠤᠭ ᠢ ᠨᠢ ᠬᠠᠪᠰᠤᠷᠭᠠᠵᠠᠢ᠃  ᠨᠡᠩ ᠴᠦ ᠲᠤᠮᠤᠭᠲᠦ ᠪᠦᠬᠡ ᠢᠰᠢᠭᠡᠨ ᠪᠦᠬᠡ ᠠᠴᠠ ᠡᠬᠢᠯᠡᠭᠡᠳ ᠲᠡᠭᠦᠨ ᠠᠴᠠ ᠨᠠᠰᠢᠬᠢ ᠦᠶ᠎ᠡ ᠦᠶ᠎ᠡ ᠶᠢᠨ ᠪᠦᠬᠡᠴᠤᠤᠯ ᠤᠨ ᠲᠤᠬᠠᠢ ᠲᠠᠨᠢᠯᠴᠠᠭᠤᠯᠵᠠᠢ᠃ ᠵᠤᠬᠢᠶᠠᠭᠴᠢ ᠠᠴᠠ ᠪᠦᠬᠡ ᠪᠤᠯ ᠬᠦᠴᠦ ᠲᠠᠮᠢᠷ ᠤᠨ ᠲᠡᠮᠡᠴᠡᠭᠡᠨ ᠪᠤᠯᠬᠤ ᠪᠦᠭᠡᠳ ᠪᠠᠰᠠ ᠴᠦ ᠤᠷ᠎ᠠ ᠤᠬᠠᠭᠠᠨ᠂ ᠮᠡᠭᠡ ᠮᠡᠷᠭᠡᠵᠢᠯ ᠤᠨ ᠦᠷᠢᠰᠦᠯᠳᠦᠭᠡᠨ ᠪᠤᠯᠬᠤ ᠤᠴᠢᠷ ᠠᠴᠠ ᠪᠦᠬᠡ ᠪᠠᠷᠢᠯᠳᠤᠬᠤ ᠨᠢ ᠵᠦᠪᠬᠡᠨ ᠪᠦᠬᠡᠴᠤᠳ ᠤᠨ ᠲᠤᠷᠪᠢ ᠲᠡᠩᠭᠡᠬᠡᠨ ᠳᠤ ᠯᠡ ᠪᠠᠶᠢᠬᠤ ᠪᠢᠰᠢ᠂ ᠨᠡᠩ ᠴᠢᠬᠤᠯᠠ ᠨᠢ ᠳᠡᠳᠡ ᠨᠠᠷ ᠤᠨ ᠤᠢ ᠪᠢᠯᠢᠭ ᠲᠤᠨᠢ ᠪᠠᠶᠢᠳᠠᠭ ᠭᠡᠰᠡᠨ ᠢ ᠲᠤᠪᠤᠶᠢᠯᠭᠠᠵᠦ᠂ ᠪᠦᠬᠡ ᠶᠢᠨ ᠪᠠᠷᠢᠯᠳᠤᠭᠠᠨ ᠪᠤᠯ ᠡᠷᠡᠰ ᠰᠢᠭᠤᠳᠤᠮᠠᠭᠠᠢ ᠰᠦᠰᠦ ᠵᠤᠷᠢᠭ᠂ ᠬᠤᠷᠴᠠ ᠰᠡᠷᠭᠡᠭ ᠮᠡᠳᠡᠷᠡᠮᠵᠢ᠂ ᠬᠤᠷᠳᠤᠨ ᠭᠠᠪᠰᠢᠭᠠᠢ᠂ ᠠᠮᠢᠲᠦ ᠴᠤᠪᠤᠭᠤᠯᠢᠭ᠂ ᠤᠶᠠᠨ ᠬᠠᠳᠠᠨ ᠪᠠᠷᠢᠯᠳᠤᠬᠤ ᠠᠷᠭ᠎ᠠ᠂ ᠲᠡᠰᠪᠦᠷᠢ ᠳᠠᠭᠠᠭᠠᠮᠠᠭᠠᠢ ᠰᠡᠳᠬᠢᠴᠡ ᠶᠢᠨ ᠲᠦᠪᠯᠡᠷᠡᠩᠭᠦᠢ ᠲᠤᠰᠬᠠᠯ ᠮᠦᠨ  ᠭᠡᠳᠡᠭ ᠢ ᠬᠤᠷᠢᠶᠠᠩᠭᠤᠢᠢᠯᠠᠨ ᠦᠭᠦᠯᠡᠪᠡ᠃        ᠲᠤᠰ ᠨᠤᠮ ᠢ ᠲᠤᠰᠬᠠᠢ ᠮᠡᠷᠭᠡᠵᠢᠯ ᠤᠨ ᠲᠠᠶᠢᠯᠪᠤᠷᠢ ᠶᠢᠨ ᠰᠢᠨᠵᠢ᠂ ᠯᠠᠪᠯᠠᠯᠲᠠ ᠶᠢᠨ ᠮᠠᠲ᠋ᠧᠷᠢᠶᠠᠯ ᠤᠨ ᠰᠤᠳᠤᠯᠭᠠᠨ ᠤ ᠰᠢᠨᠵᠢ᠂ ᠰᠤᠨᠢᠷᠬᠠᠯ ᠳᠠᠭᠠᠰᠢᠶᠠᠯ ᠤᠨ ᠰᠢᠨᠵᠢ ᠶᠢ ᠪᠠᠭᠳᠠᠭᠠᠭᠰᠠᠨ ᠪᠦᠲᠦᠭᠡᠯ ᠭᠡᠬᠦ ᠳᠤ ᠪᠤᠯᠤᠨ᠎ᠠ᠃         
ᠬᠤᠶᠠᠷ᠂ ᠪᠠᠷᠭᠤ ᠪᠦᠬᠡᠴᠤᠤᠯ        ᠲᠤᠰ ᠨᠤᠮ ᠳᠤ ᠵᠦᠪᠬᠡᠨ ᠪᠠᠷᠭᠤ ᠪᠦᠬᠡᠴᠤᠤᠯ ᠤᠨ ᠨᠠᠮᠲᠠᠷ ᠲᠡᠥᠬᠡ ᠶᠢ ᠨᠢ ᠲᠠᠨᠢᠯᠴᠠᠭᠤᠯᠤᠭᠰᠠᠨ ᠲᠡᠳᠦᠢ ᠪᠢᠰᠢ᠂ ᠬᠠᠷᠢᠨ ᠪᠦᠬᠡᠴᠤᠤᠯ ᠲᠠᠢ ᠬᠤᠯᠪᠤᠭᠳᠠᠬᠤ ᠨᠡᠯᠢᠶᠡᠳ ᠦᠷᠭᠡᠨ ᠬᠡᠪᠴᠢᠶᠡᠨ ᠤ ᠤᠯᠠᠨ ᠠᠭᠤᠯᠭ᠎ᠠ ᠶᠢ ᠪᠠᠭᠳᠠᠭᠠᠵᠦ ᠪᠤᠢ᠃ ᠵᠢᠱᠢᠶᠡᠯᠡᠪᠡᠯ ᠶᠠᠫᠤᠨ ᠤ ᠦᠶ᠎ᠡ ᠶᠢᠨ ᠨᠠᠢᠮᠠᠨ ᠪᠦᠬᠡ᠂ ᠤᠤᠯ ᠤᠨ ᠰᠢᠨ᠎ᠡ ᠪᠠᠷᠭᠤ ᠪᠠᠷᠠᠭᠤᠨ ᠬᠤᠰᠢᠭᠤᠨ ᠤ ᠡᠷᠳᠡᠨᠢᠠᠠᠭᠤᠯᠠ ᠰᠤᠮᠤ ᠶᠢᠨ ᠨᠠᠢᠮᠠᠨ ᠴᠡᠩᠬᠡᠷ ᠦᠮᠦᠳᠦᠳᠦ᠂ ᠡᠴᠢᠬᠡ ᠶᠢᠨ ᠭᠤᠷᠪᠠᠨ ᠬᠦᠪᠡᠭᠦᠳ ᠨᠢᠭᠡᠯᠡ ᠡᠳᠦᠷ ᠲᠤ ᠭᠤᠷᠪᠠᠨ ᠦᠵᠦᠭᠦᠷ ᠠᠪᠤᠭᠰᠠᠨ᠂ ᠪᠦᠬᠡ ᠠᠳᠢᠶ᠎ᠠ ᠶᠢᠰᠦᠨ ᠨᠠᠰᠤᠲᠠᠢ ᠪᠤᠷᠤᠯᠠᠭ ᠮᠤᠷᠢ ᠪᠠᠨ ᠦᠨᠳᠦᠷ ᠬᠡᠷᠡᠮ ᠳᠡᠭᠡᠭᠦᠷ ᠡᠷᠬᠦᠵᠦ ᠤᠷᠤᠭᠤᠯᠤᠭᠰᠠᠨ ᠵᠡᠷᠭᠡ ᠰᠤᠨᠢᠷᠬᠠᠯᠲᠠᠢ ᠤᠴᠢᠷ ᠤᠳ ᠢ ᠪᠢᠴᠢᠵᠡᠢ᠃ ᠡᠳᠡᠭᠡᠷ ᠢ ᠨᠢ ᠪᠢ ᠦᠡᠭᠭᠡᠷᠡᠭᠰᠡᠨ ᠳᠤ ᠵᠠᠬ᠎ᠠ ᠵᠤᠭ᠎ᠠ ᠠᠴᠠ ᠨᠢ ᠰᠤᠨᠤᠰᠤᠭᠰᠠᠨ ᠪᠤᠶᠤ ᠰᠡᠭᠦᠯ‌‍ᠤᠨ ᠦᠶ᠎ᠡ ᠳᠤ ᠨᠢᠲᠦ ᠪᠠᠷ ᠢᠶᠠᠨ ᠦᠵᠡᠵᠦ ᠰᠤᠨᠢᠷᠬᠠᠭᠰᠠᠨ ᠴᠦ ᠪᠤᠢ᠃ ᠬᠠᠷᠢᠨ ᠤᠳᠤ ᠶᠢᠨ ᠬᠡᠥᠬᠡᠳ ᠪᠠᠭᠠᠴᠤᠳ ᠲᠤ ᠪᠤᠯ ᠦᠯᠢᠭᠡᠷ ᠲᠤᠮᠤᠭ ᠰᠢᠭ᠋ ᠰᠠᠨᠠᠭᠳᠠᠬᠤ ᠪᠠᠶᠢᠬ᠎ᠠ᠃
      ᠵᠤᠬᠢᠶᠠᠭᠴᠢ ᠠᠴᠠ ᠲᠤᠰ ᠨᠤᠮ ᠳᠤ ᠡᠮᠡᠭᠳᠡᠢ ᠪᠦᠬᠡ ᠶᠢᠨ ᠲᠤᠬᠠᠢ ᠪᠢᠴᠢᠬᠦ ᠪᠠᠨ ᠴᠤ ᠤᠮᠳᠤᠭᠠᠢᠢᠯᠠᠭᠰᠠᠨ ᠦᠭᠡᠢ᠃ ᠡᠭᠦᠨ ᠳᠤ ᠡᠮᠡᠭᠲᠡᠢ ᠪᠦᠬᠡ ᠶᠢ ᠲᠠᠨᠢᠯᠴᠠᠭᠤᠯᠬᠤ ᠶᠢᠨ ᠬᠠᠮᠲᠦ ᠡᠮᠡᠭᠳᠡᠢ ᠪᠦᠬᠡ ᠶᠢᠨ ᠪᠠᠷᠢᠯᠳᠤᠭᠠᠨ ᠤ ᠡᠮᠤᠰᠭᠡᠯ ᠵᠡᠭᠦᠳᠡᠯ᠂ ᠡᠮᠡᠭᠳᠡᠢ ᠪᠦᠬᠡ ᠶᠢᠨ ᠪᠠᠷᠢᠯᠳᠤᠭᠠᠨ ᠤ ᠳᠦᠷᠢᠮ ᠵᠡᠷᠭᠡ ᠨᠠᠷᠢᠨ ᠠᠭᠤᠯᠭ᠎ᠠ ᠶᠢ ᠴᠦ ᠲᠠᠨᠢᠯᠴᠠᠭᠤᠯᠵᠠᠢ᠃ ᠡᠮᠡᠭᠳᠡᠢ ᠪᠦᠬᠡ ᠪᠤᠯ ᠡᠮᠦᠨ᠎ᠠ ᠨᠢ ᠪᠠᠶᠢᠭ᠎ᠠ ᠦᠭᠡᠢ᠃ ᠦᠭᠡᠷᠡᠴᠢᠯᠡᠯᠳᠡ ᠬᠢᠵᠦ ᠴᠢᠯᠦᠭᠡᠳᠠᠢ ᠶᠠᠪᠤᠯᠴᠠᠭᠰᠠᠨ ᠦᠶ᠎ᠠ ᠠᠴᠠ ᠨᠠᠰᠢ ᠯᠡ ᠪᠤᠢ ᠪᠤᠯᠤᠭᠰᠠᠨ ︽ᠰᠢᠨ᠎ᠠ ᠬᠡᠷᠡᠭ ᠪᠤᠳᠠᠰ︾ ᠪᠤᠯᠤᠨ᠎ᠠ᠃ ᠡᠮᠡᠭᠳᠡᠢ ᠪᠦᠬᠡ ᠶᠢᠨ ᠤᠷᠤᠯᠳᠤᠭᠠᠨ ᠠᠩᠬ᠎ᠠ 1987 ᠤᠨ ᠤ 6 ᠰᠠᠷ᠎ᠠ ᠶᠢᠨ 2᠎ ᠤᠨ ᠡᠳᠦᠷ ᠬᠦᠯᠦᠨ ᠪᠤᠶᠢᠷ ᠠᠶᠢᠮᠠᠭ ᠤᠨ ︽ ᠮᠠᠯᠵᠢᠬᠤ ᠳᠦᠷᠪᠡᠨ ᠬᠤᠰᠢᠭᠤᠨ ᠤ ᠡᠮᠡᠭᠲᠡᠢ ᠮᠤᠩᠭᠤᠯ ᠪᠦᠬᠡ ᠶᠢᠨ ᠠᠯᠳ᠋ᠬᠠᠮᠡᠭᠡᠯ ᠬᠤᠨᠳᠠᠭᠠᠲᠦ ᠤᠷᠢᠯᠭ᠎ᠠ ᠶᠢᠨ ᠤᠷᠤᠯᠳᠤᠭᠠᠨ︾ ᠰᠢᠨ᠎ᠠ ᠪᠠᠷᠭᠤ ᠪᠠᠷᠠᠭᠤᠨ ᠬᠤᠰᠢᠭᠤᠨ ᠳᠤ ᠦᠪᠡᠳᠡᠭᠰᠢ ᠶᠡᠬᠡᠪᠡᠷ ᠶᠠᠪᠤᠭᠳᠠᠭᠰᠠᠨ ᠲᠤᠬᠠᠢ ᠠᠳᠡ ᠪᠠᠰᠠ ᠳᠤᠷᠠᠳᠤᠭᠰᠠᠨ ᠪᠠᠶᠢᠨ᠎ᠠ᠃       
ᠳᠠᠬᠢᠪᠡᠯ ᠪᠠᠰᠠ ᠰᠢᠨ᠎ᠠ ᠪᠠᠷᠭᠤ ᠪᠠᠷᠠᠭᠤᠨ ᠬᠤᠰᠢᠭᠤᠨ ᠤ ᠪᠠᠷᠭᠤ ᠪᠦᠬᠡ ᠶᠢᠨ ᠨᠡᠶᠢᠭᠡᠮᠯᠢᠭ ᠤᠨ ᠳᠦᠷᠢᠮ᠂ ᠮᠤᠩᠭᠤᠯ ᠪᠦᠬᠡ ᠶᠢᠨ ᠪᠠᠷᠢᠯᠳᠤᠭᠠᠨ ᠤ ᠳᠦᠷᠢᠮ᠂ ᠪᠦᠬᠡ ᠶᠢᠨ ᠤᠷᠢᠶ᠎ᠠ᠂ ᠳᠠᠭᠤᠤ᠂ ᠳᠠᠭᠤᠳᠠᠯᠭ᠎ᠠ ᠵᠢᠴᠢ ᠬᠡᠰᠡᠭ ᠪᠦᠬᠡᠴᠤᠳ ᠤᠨ ᠲᠤᠬᠠᠢ ᠳᠤᠷᠠᠳᠬᠠᠯ ᠵᠡᠷᠭᠡ ᠶᠢ ᠴᠤ ᠪᠠᠭᠳᠠᠭᠠᠨ ᠤᠷᠤᠭᠤᠯᠵᠦ᠂ ᠮᠤᠩᠭᠤᠯ ᠪᠦᠬᠡ ᠪᠤᠯ ᠮᠤᠩᠭᠤᠯ ᠦᠨᠳᠦᠰᠦᠲᠡᠨ ᠤ ᠢᠵᠠᠭᠤᠷ ᠰᠤᠶᠤᠯ ᠮᠦᠨ ᠭᠡᠳᠡᠭ ᠢ ᠤᠨᠴᠠᠯᠠᠨ ᠳᠤᠷᠠᠳᠴᠠᠢ᠃         ᠪᠦᠬᠡ ᠶᠢᠨ ᠲᠤᠬᠠᠢ ᠢᠷᠦᠭᠡᠯ ᠮᠠᠭᠲᠠᠭᠠᠯ᠂ ᠳᠠᠭᠤᠤ ᠶᠢᠨ ᠦᠭᠡ ᠴᠤ ᠴᠦᠬᠡᠨ ᠦᠭᠡᠢ ᠶᠤᠮ᠃ ᠡᠳᠡᠭᠡᠷ ᠨᠢ ᠪᠦᠬᠡ ᠶᠢᠨ ᠲᠤᠬᠠᠢ ᠨᠤᠮ ᠤᠨ ᠦᠭᠡᠷ᠎ᠠ ᠪᠤᠰᠤᠳ ᠠᠴᠠ ᠢᠯᠠᠭᠠᠭᠳᠠᠬᠤ ᠦᠪᠡᠷᠮᠢᠴᠡ ᠤᠨᠴᠠᠯᠢᠭ ᠪᠤᠯᠤᠨ᠎ᠠ᠃ ᠠᠮᠤᠷᠵᠢᠷᠭᠠᠯ ᠵᠦᠪᠬᠡᠨ ᠲᠡᠤᠬᠡ ᠨᠠᠮᠲᠠᠷ ᠤᠷᠤᠯᠳᠤᠬᠤ ᠪᠠᠷ ᠪᠠᠷᠠᠬᠤ ᠦᠭᠡᠢ ᠤᠷᠠᠨ ᠪᠦᠲᠦᠭᠡᠯ ᠴᠤ ᠪᠢᠴᠢᠵᠦ ᠤᠷᠤᠯᠳᠤᠭᠰᠠᠨ ᠦᠡᠭᠭᠡᠷᠡᠯᠲᠡ ᠲᠠᠢ ᠪᠤᠯᠬᠤᠷ ᠡᠨᠡ ᠬᠦ ᠲᠡᠤᠬᠡ ᠲᠡᠮᠳᠡᠭᠯᠡᠯ ᠤᠨ ᠢᠶᠠᠨ ᠳᠤᠲᠤᠷ᠎ᠠ ᠵᠠᠷᠢᠮ ᠠᠬᠠᠮᠠᠳ ᠦᠶ᠎ᠠ ᠶᠢᠨ ᠪᠦᠬᠡᠴᠤᠤᠯ‌‍ᠤᠨ ᠨᠠᠮᠲᠠᠷ ᠲᠡᠤᠬᠡᠨ ᠳᠤ ᠵᠤᠷᠢᠭᠤᠯᠵᠦ ᠠᠷᠤ ᠳᠤᠨᠢ ᠰᠢᠯᠦᠭ ᠬᠠᠪᠰᠤᠷᠭᠠᠨ ᠳᠠᠭᠠᠯᠳᠤᠭᠤᠯᠤᠭᠰᠠᠨ ᠨᠢ ᠴᠤ ᠪᠤᠢ᠃ ᠡᠭᠦᠨ ᠳᠤ ᠵᠠᠷᠢᠮ ᠨᠢᠭᠡ ᠠᠴᠠ ᠨᠢ ᠵᠢᠱᠢᠶᠡᠯᠡᠪᠡᠯ᠄  ᠪᠦᠳᠦᠭᠦᠨ ᠬᠠᠨᠳᠠ ᠢᠰᠢᠭᠡᠨ ᠪᠦᠬᠡ ᠶᠢᠨ ᠨᠤᠲᠤᠭ ᠲᠤ ᠡᠯᠢᠭᠡᠨ ᠤ ᠬᠠᠨᠳᠠ ᠭᠡᠮᠡᠬᠦ ᠡᠨᠡ ᠨᠤᠲᠤᠭ ᠤᠨ ᠠᠯᠳᠠᠷ ᠢ ᠡᠷᠭᠦᠭᠰᠡᠨ ᠦᠯᠢᠭᠡᠷ ᠳᠤᠮᠤᠭᠲᠤ ᠪᠦᠬᠡ ᠪᠠᠶᠢᠭᠰᠠᠨ ᠬᠠᠨᠭ᠍ᠭᠠᠢ ᠲᠠᠯ᠎ᠠ ᠰᠢᠭ᠋ ᠢᠶᠠᠨ ᠬᠠᠨᠠᠭᠠᠷ ᠦᠷᠭᠡᠨ ᠴᠡᠭᠡᠵᠢ ᠲᠠᠢ ᠬᠠᠳᠠᠨ ᠴᠢᠬᠢᠷᠠᠭ ᠪᠡᠶ᠎ᠠ ᠳᠡᠭᠡᠨ ᠬᠠᠨ ᠭᠠᠷᠤᠳᠢ ᠶᠢᠨ ᠳᠤᠷᠪᠢ ᠲᠠᠢ ᠠᠭᠲᠠ ᠶᠢᠨ ᠨᠢᠷᠤᠭᠤᠨ ᠳᠤ ᠰᠡᠭᠦ᠋ᠢᠭᠰᠡᠨ ᠠᠪᠤᠷᠭᠤ ᠲᠤᠮᠤ ᠮᠠᠯᠴᠢᠨ ᠬᠦᠮᠦᠨ ᠡᠮᠨᠢᠭ ᠳᠤᠭᠰᠢᠨ ᠤ ᠲᠦᠢᠯᠠᠭᠠᠨ ᠳᠤ ᠡᠵᠡᠨ ᠨᠢ ᠪᠤᠯᠤᠭᠰᠠᠨ ᠠᠳᠤᠭᠤᠴᠢᠨ ᠬᠦᠮᠦᠨ  ᠮ᠊ᠵᠨᠦ ᠠᠪᠤ ᠪᠦᠭᠡ ᠬᠦᠮᠦᠨ ᠵᠠᠩᠬᠢᠷᠠᠭᠰᠠᠨ ᠪᠤᠰᠤᠭ᠎ᠠ ᠬᠦᠮᠦᠰᠭᠡᠨ ᠳᠡᠭᠡᠨ ᠵᠤᠯᠪᠤᠭ᠎ᠠ ᠬᠡᠶᠢᠮᠦᠷᠢ ᠪᠠᠨ ᠭᠠᠶᠢᠬᠠᠭᠤᠯᠤᠭᠰᠠᠨ ᠵᠢᠷᠪᠢᠭᠰᠡᠨ ᠨᠢᠳᠦᠨ ᠤ ᠰᠢᠷᠦᠬᠦᠨ ᠬᠠᠷᠠᠴᠠ ᠳᠠᠭᠠᠨ ᠵᠠᠯᠠᠭᠤ ᠨᠠᠰᠤᠨ ᠤ ᠤᠮᠤᠭ ᠲᠦᠷᠡᠯᠵᠢᠬᠦᠯᠦᠭᠰᠡᠨ ᠮᠢᠨᠦ ᠠᠪᠤ ᠪᠦᠭᠡ ᠬᠦᠮᠦᠨ ᠪᠤᠯᠴᠢᠩ ᠵᠠᠩᠬᠢᠷᠠᠭᠰᠠᠨ ᠰᠢᠷᠡᠮᠦᠨ ᠮᠦᠷᠦᠨ ᠳᠡᠭᠡᠨ ᠪᠤᠯᠢᠭᠠᠷᠢᠨ ᠵᠤᠳᠤᠭ ᠢ ᠰᠢᠪ ᠬᠡᠳᠦᠷᠦᠭᠰᠡᠡ ᠪᠤᠰᠢᠭᠤ ᠬᠤᠷᠳᠤᠨ ᠰᠢᠷᠪᠤᠰᠦᠯᠢᠭ ᠬᠦᠯ ᠳᠡᠭᠡᠨ ᠪᠤᠭ ᠤᠨ ᠲᠠᠷᠤᠯᠭ᠎ᠠ ᠲᠠᠢ ᠲᠤᠯᠢᠶ᠎ᠠ ᠲᠠᠷᠤᠭᠰᠠᠨ ᠮᠢᠨᠦ ᠠᠪᠤ ᠪᠦᠭᠡ ᠬᠦᠮᠦᠨ ᠬᠠᠷᠠᠭᠠᠨ ᠤ ᠪᠠᠶᠢᠷᠢ ᠠᠴᠠ ᠬᠦᠮᠦᠭᠡᠢ ᠪᠠᠨ ᠵᠠᠭᠤᠵᠦ ᠭᠠᠵᠠᠷ ᠬᠤᠳᠤᠯᠵᠠᠭᠤᠯᠤᠨ ᠲᠡᠪᠢᠭᠰᠡᠭᠡᠷ ᠭᠠᠷ ᠲᠤ ᠬᠠᠷᠠᠭᠤᠭᠰᠠᠨ ᠪᠦᠬᠦᠨ ᠢᠶᠠᠨ ᠭᠠᠶᠢᠬᠠᠮᠠᠷ ᠨᠢᠭᠡ ᠯᠡ ᠲᠠᠭᠠᠷᠢᠭᠠᠳ ᠪᠠᠶᠢᠳᠠᠭ ᠮᠢᠨᠦ ᠠᠪᠤ ᠪᠦᠭᠡ ᠬᠦᠮᠦᠨ  ᠪᠠᠳᠠᠢ ᠶᠢᠨ ᠨᠠᠮᠪᠤ ᠬᠦᠯᠦ ᠤᠯᠠᠭᠠᠨ ᠬᠤᠰᠢᠭᠤᠨ ᠤ ᠪᠤᠶᠢᠭᠠᠨ ᠳᠤ ᠭᠡᠨᠡᠨ ᠪᠤᠬᠠᠯᠭᠠᠳᠦ ᠪᠠᠳᠠᠢ ᠶᠢᠨ ᠨᠠᠮᠪᠤ ᠬᠡᠮᠡᠬᠦ ᠪᠠᠷᠭᠤ ᠨᠠᠢᠮᠠᠨ ᠬᠤᠰᠢᠭᠤᠨ ᠤ ᠲᠡᠤᠭᠡᠨ ᠳᠤ ᠬᠡᠷᠡᠯᠳᠦᠬᠦᠯᠵᠦ ᠶᠠᠪᠤᠭᠰᠠᠨ ᠪᠦᠭᠡ ᠬᠡᠨ᠎ᠠ ᠬᠡᠷᠦᠯᠦᠨ ᠤ ᠲᠠᠨᠵᠢᠨ ᠳᠤ ᠲᠦᠷᠦᠭᠰᠡᠨ ᠬᠤᠨᠳᠤᠨ ᠬᠠᠯᠠ ᠶᠢᠨ ᠪᠦᠭᠡ ᠨᠠᠮᠪᠤ ᠬᠤᠷᠳᠤᠨ ᠲᠤᠭᠰᠢᠨ ᠪᠠᠷᠢᠯᠳᠤᠭᠠᠨ ᠢᠶᠠᠷ ᠢᠶᠠᠨ ᠬᠤᠯᠠ ᠤᠢᠢᠷ᠎ᠠ ᠳᠠᠭᠠᠨ ᠠᠯᠳᠠᠷᠳᠠᠢ ᠨᠠᠶᠢᠷ ᠤᠨ ᠲᠠᠯᠠᠪᠠᠢ ᠶᠢ ᠲᠤᠷᠬᠢᠭᠤᠯᠤᠨ ᠨᠠᠴᠢᠨ ᠱᠤᠩᠬᠤᠷ ᠰᠢᠬ ᠲᠤᠭᠯᠠᠨ ᠲᠡᠪᠢᠵᠦ ᠨᠠᠭᠠᠳᠤᠮᠴᠢᠨ ᠲᠦᠮᠡᠨ ᠢ ᠱᠠᠭᠠᠬᠢᠭᠤᠯᠤᠨ ᠨᠠᠶᠢᠷ ᠤᠨ ᠬᠦᠷᠢᠶ᠎ᠠ ᠶᠢ ᠰᠡᠳᠡᠷᠡᠳᠡᠯ᠎ᠠ ᠪᠤᠬᠠᠳᠠᠭ ᠭᠡᠰᠡᠨ᠃ ᠪᠦᠭᠡ ᠴᠦᠯᠳᠦᠮ ᠪᠡᠶ᠎ᠠ ᠭᠠᠳᠠᠷ ᠲᠡᠩᠴᠡᠭᠰᠡᠨ ᠪᠢᠯᠢᠭ ᠤᠬᠠᠭᠠᠨ ᠬᠤᠤᠰᠯᠠᠭᠰᠠᠨ ᠪᠠᠷᠭᠤ ᠶᠢᠨ ᠪᠦᠭᠡ ᠴᠦᠯᠳᠦᠮ ᠳᠤ ᠪᠢᠰᠢᠷᠡᠯ ᠤᠨ ᠬᠠᠳᠠᠮ ᠡᠷᠬᠦᠨᠡᠮ ᠢᠳᠡᠷ ᠬᠠᠨᠭ᠍ᠭᠠᠢ ᠨᠠᠰᠤᠨ ᠳᠠᠭᠠᠨ ᠡᠷᠡᠮᠡᠭᠡᠢ ᠰᠠᠶᠢᠬᠠᠨ ᠪᠠᠷᠢᠯᠳᠤᠭᠠᠨ ᠢᠶᠠᠷ ᠢᠶᠠᠨ ᠦᠪᠦᠷ ᠮᠤᠩᠭᠤᠯ ᠤᠨ ᠪᠦᠭᠡ ᠶᠢᠨ ᠲᠡᠪᠴᠡᠩ ᠳᠤ ᠦᠵᠦᠬᠦᠷᠯᠡᠵᠦ ᠶᠠᠪᠤᠭᠰᠠᠨ ᠲᠡᠤᠭᠡ ᠲᠠᠢ᠃         ᠭᠤᠷᠪᠠ᠂ ᠲᠤᠯᠢᠶᠠᠳᠦ ᠪᠦᠭᠡ ᠶᠢᠨ ᠲᠤᠬᠠᠢ        ᠡᠬᠦᠨ ᠳᠤ ᠪᠠᠷᠭᠤ ᠪᠦᠭᠡ ᠶᠢᠨ ᠲᠤᠯᠢᠶᠠᠨ ᠤ ᠡᠬᠦᠰᠦᠯᠳᠡ ᠬᠦᠭᠵᠢᠯᠳᠡ ᠶᠢᠨ ᠲᠤᠬᠠᠢ ᠨᠡᠯᠢᠶᠡᠳ ᠨᠠᠷᠢᠯᠢᠭ ᠦᠬᠦᠯᠡᠵᠠᠢ᠃ ᠪᠠᠷᠭᠤ ᠶᠢᠨ ᠪᠦᠭᠡ ᠰᠤᠳᠤᠯᠤᠭᠴᠢᠳ ᠤᠨ ᠠᠬᠠᠮᠠᠳ ᠦᠶ᠎ᠠ ᠶᠢᠨ ᠬᠢᠨ ᠤ ᠶᠠᠷᠢᠶ᠎ᠠ ᠶᠢ ᠦᠨᠳᠦᠰᠦᠯᠡᠭᠡᠳ ᠪᠠᠷᠭᠤ ᠪᠦᠭᠡ ᠶᠢᠨ ᠲᠤᠯᠢᠶ᠎ᠠ ᠨᠢ ᠬᠤᠶᠠᠷ ᠵᠠᠭᠤᠭᠠᠳ ᠵᠢᠯ ᠤᠨ ᠲᠡᠤᠭᠡ ᠲᠠᠢ ᠪᠤᠯᠪᠠ ᠬᠡᠳᠡᠭ ᠠᠩᠬᠠᠨ ᠤ ᠨᠤᠳᠠᠯᠠᠯᠳᠠ ᠶᠢ ᠭᠠᠷᠭᠠᠪᠠ᠃
      ᠲᠤᠯᠢᠶ᠎ᠠ ᠶᠢᠨ ᠨᠡᠷᠡᠶᠢᠳᠦᠯ ᠪᠤᠯᠤᠨ ᠪᠦᠳᠦᠴᠡ ᠶᠢᠨ ᠲᠤᠬᠠᠢ ᠲᠤᠳᠤᠷᠬᠠᠢᠢᠯᠠᠬᠤ ᠳᠠᠭᠠᠨ ︽ᠲᠤᠯᠢᠶᠠᠳᠦ ᠪᠦᠭᠡ ︾ ᠬᠡᠳᠡᠭ ᠨᠢ ᠭᠠᠭᠴᠠ ᠬᠦᠯᠦᠨ ᠪᠤᠶᠢᠷ ᠲᠤ ᠯᠡ ᠪᠠᠶᠢᠳᠠᠭ ᠤᠨᠴᠠᠭᠠᠢ ᠪᠦᠭᠡ ᠶᠢᠨ ᠨᠡᠷᠡᠶᠢᠳᠦᠯ ᠪᠤᠯᠤᠨ᠎ᠠ᠃ ᠲᠡᠯᠡᠭᠡᠢ ᠲᠡᠭᠡᠷ᠎ᠠ ᠦᠭᠡᠷ᠎ᠠ ᠭᠠᠵᠠᠷ ᠤᠷᠤᠨ ᠳᠤ ᠪᠠᠶᠢᠳᠠᠭ ᠦᠭᠡᠢ᠃ ᠪᠦᠭᠡ ᠰᠤᠳᠤᠯᠤᠭᠴᠢᠳ ᠠᠴᠠ ᠲᠤᠯᠢᠶ᠎ᠠ ᠭᠡᠳᠡᠭ ᠨᠢ ᠡᠷᠳᠡᠨ ᠤ ᠪᠠᠶᠢᠯᠳᠤᠭᠠᠨ ᠤ ᠪᠠᠭᠠᠳᠤᠷᠴᠤᠳ ᠤᠨ ᠴᠡᠭᠡᠵᠢᠨ ᠪᠡᠶ᠎ᠠ ᠳᠡᠭᠡᠨ ᠵᠡᠬᠦᠳᠡᠭ ︽ᠲᠤᠯᠢ︾᠎ ᠠᠴᠠ ᠢᠷᠡᠯᠳᠠᠢ ᠭᠡᠵᠦ ᠦᠵᠡᠵᠦ ᠪᠤᠢ᠃ ᠲᠡᠷᠡ ᠨᠢ ᠨᠡᠬᠦᠳᠡᠯᠴᠢᠳ ᠦᠨᠳᠦᠰᠦᠳᠡᠨ ᠤ ᠠᠵᠦ ᠠᠮᠢᠳᠤᠷᠠᠯ ᠪᠡ ᠲᠠᠶᠢᠨ ᠪᠠᠶᠢᠯᠳᠤᠭᠠᠨ ᠤ ᠱᠠᠭᠠᠷᠳᠠᠯᠭ᠎ᠠ ᠠᠴᠠ ᠪᠤᠯᠤᠭᠰᠠᠨ ᠪᠦᠭᠡ ᠶᠢᠨ ᠡᠮᠦᠰᠭᠡᠯ ᠵᠡᠬᠦᠳᠡᠯ ᠪᠤᠯᠤᠨ᠎ᠠ᠃ ᠲᠤᠯᠢᠶ᠎ᠠ ᠪᠤᠯ ᠵᠢᠬᠢᠷᠢᠭ ᠲᠠᠢ ᠠᠳᠠᠯᠢ ᠦᠭᠡᠢ᠂ ᠤᠳᠦ ᠵᠠᠷᠢᠮ ᠬᠦᠮᠦᠰ ᠵᠢᠬᠢᠷᠢᠭ ᠢ ᠲᠤᠯᠢᠶ᠎ᠠ ᠭᠡᠵᠦ ᠪᠤᠷᠤᠭᠤ ᠪᠠᠷ ᠤᠢᠢᠯᠠᠭᠠᠨ ᠬᠤᠳᠬᠤᠯᠳᠤᠭᠤᠯᠤᠨ ᠶᠠᠷᠢᠵᠦ ᠪᠤᠢ᠃ ᠵᠢᠬᠢᠷᠢᠭ ᠨᠢ ᠬᠡᠷᠡᠭ ᠲᠡᠭᠡᠷ᠎ᠠ ᠪᠠᠨ ᠲᠤᠯᠢᠶᠠᠨ ᠤ ᠲᠠᠭᠠᠯᠳᠠ ᠪᠠᠶᠢᠵᠦ᠂ ᠶᠠᠷᠦ ᠶᠢᠨ ᠪᠠᠶᠢᠳᠠᠯ ᠲᠤᠤᠷ᠎ᠠ ᠲᠠᠷᠠᠰᠦ ᠪᠤᠶᠤ ᠨᠢᠮᠭᠡᠨ ᠬᠤᠯᠤᠰᠦ ᠪᠠᠷ ᠬᠢᠵᠦ ᠲᠤᠯᠢᠶᠠᠨ ᠤ ᠲᠤᠳᠤᠷ᠎ᠠ ᠵᠡᠬᠦᠳᠡᠭ ᠶᠤᠮ᠃ ᠡᠬᠦᠨ ᠳᠤ ᠵᠢᠬᠢᠷᠢᠭ ᠵᠡᠬᠦᠵᠦ ᠪᠠᠶᠢᠭ᠎ᠠ‌‍ᠶᠢᠨ ᠵᠤᠷᠢᠯᠭ᠎ᠠ ᠨᠢ ᠭᠤᠳᠤᠯ ᠢᠶᠠᠨ ᠤᠯᠠᠮ ᠪᠠᠬᠢᠯᠢᠭ᠌ ᠴᠢᠩᠭ᠎ᠠ ᠪᠤᠯᠭᠠᠬᠤ ᠶᠢᠨ ᠲᠦᠯᠦᠭᠡ ᠪᠠᠶᠢᠳᠠᠭ᠃ ᠬᠠᠷᠢᠨ ᠲᠤᠯᠢᠶ᠎ᠠ ᠪᠤᠯ ᠪᠡᠶ᠎ᠠ ᠪᠠᠨ ᠲᠠᠭᠠᠭᠠᠭᠰᠠᠨ ᠦᠪᠡᠷᠮᠢᠴᠡ ᠤᠨᠴᠠᠯᠢᠭ ᠲᠠᠢ᠂ ᠪᠦᠭᠡ ᠶᠢᠨ ᠮᠡᠭᠡ ᠮᠡᠷᠭᠡᠵᠢᠯ ᠢᠶᠠᠨ ᠬᠢᠬᠦ ᠶᠢᠨ ᠱᠠᠭᠠᠷᠳᠠᠯᠭ᠎ᠠ ᠠᠴᠠ ᠡᠬᠦᠰᠦᠭᠰᠡᠨ ᠡᠮᠦᠰᠭᠡᠯ ᠵᠡᠬᠦᠳᠡᠯ ᠪᠤᠯᠤᠨ᠎ᠠ᠃        ᠲᠡᠭᠡᠷᠡᠬᠢ ᠪᠤᠯ ᠬᠠ᠊ · ᠠᠮᠤᠷᠵᠢᠷᠭᠠᠯ ᠤᠨ ᠨᠠᠶᠢᠷᠠᠭᠤᠯᠤᠨ ᠵᠤᠬᠢᠶᠠᠭᠰᠠᠨ ︽ᠰᠢᠨ᠎ᠠ ᠪᠠᠷᠭᠤ ᠪᠠᠷᠠᠭᠤᠨ ᠬᠤᠰᠢᠭᠤᠨ ᠤ ᠪᠦᠭᠡᠴᠤᠤᠯ ᠤᠨ ᠲᠡᠤᠭᠡ ᠲᠡᠮᠳᠡᠭᠯᠡᠯ︾᠎ ᠤᠨ ᠲᠤᠬᠠᠢ ᠮᠢᠨᠦ ᠤᠡᠭᠰᠢᠬᠰᠠᠨ ᠲᠤᠪᠴᠢᠬᠠᠨ ᠲᠦᠷᠦᠭᠳᠡᠯ ᠪᠤᠯᠤᠨ᠎ᠠ᠃ ᠤᠡᠭᠰᠢᠬᠰᠠᠨ ᠡᠨᠡ ᠬᠦ ᠲᠦᠷᠦᠭᠳᠡᠯ ᠢᠶᠠᠨ ᠪᠢ ᠮ᠊ · ᠤᠶᠤᠨ ᠤ ᠲᠤᠰ ᠨᠤᠮ ᠤᠨ ᠤᠷᠤᠰᠢᠯ ᠤᠨ ᠤᠷᠤᠨ ᠳᠤ ᠪᠢᠴᠢᠭᠰᠡᠨ ᠵᠠᠷᠢᠮ ᠦᠭᠡ ᠦᠬᠦᠯᠡᠪᠦᠷᠢ ᠪᠠᠷ ᠲᠡᠬᠦᠰᠭᠡᠯ ᠪᠤᠯᠭᠠᠶ᠎ᠠ᠃        ᠵᠤᠬᠢᠶᠠᠭᠴᠢ ᠠᠴᠠ ᠪᠦᠭᠡ ᠶᠢᠨ ᠦᠢᠯᠡᠰ ᠢᠶᠠᠨ ᠬᠡᠷᠬᠢᠨ ᠵᠠᠬ᠎ᠠ ᠲᠡᠯᠬᠡᠬᠦᠷ ᠤᠨ ᠠᠵᠦ ᠠᠬᠤᠢ ᠶᠢᠨ ᠪᠠᠶᠢᠳᠠᠯ ᠲᠠᠢ ᠵᠤᠬᠢᠴᠠᠭᠤᠯᠬᠤ᠂ ᠶᠠᠭᠠᠬᠢᠪᠠᠯ ᠰᠠᠶ᠋ᠢ ᠲᠤᠯᠢᠶᠠᠳᠦ ᠪᠦᠭᠡ ᠪᠠᠨ ᠲᠠᠯᠡᠭᠡᠢ ᠶᠢᠨ ᠬᠠᠷᠠᠭ᠎ᠠ᠂ ᠲᠠᠶᠠᠭᠠᠷ ᠤᠨ ᠰᠤᠨᠤᠷ ᠲᠤ ᠬᠦᠷᠭᠡᠬᠦ ᠲᠤᠬᠠᠢ ᠲᠤᠩᠭᠠᠨ ᠪᠤᠳᠤᠯᠬᠢᠯᠠᠵᠦ᠂ ᠪᠦᠭᠡ ᠶᠢᠨ ᠦᠢᠯᠡᠰ ᠤᠨ ᠢᠷᠡᠭᠡᠳᠦᠢ ᠶᠢᠨ ᠬᠠᠨᠳᠤᠰᠢ ᠶᠢ ᠡᠷᠢᠯᠬᠢᠯᠡᠨ᠂ ᠤᠯᠠᠮᠵᠢᠯᠠᠯ ᠰᠢᠨᠡᠴᠢᠯᠡᠯ ᠢ ᠤᠷᠭᠠᠨᠢᠭ ᠢᠶᠠᠷ ᠤᠶᠠᠯᠳᠤᠭᠤᠯᠤᠨ᠂ ᠪᠦᠭᠡ ᠶᠢᠨ ᠤᠯᠠᠮᠵᠢᠯᠠᠯᠳᠦ ᠶᠤᠰᠦ ᠭᠤᠷᠢᠮ ᠢᠶᠠᠨ ᠬᠠᠳᠠᠭᠠᠯᠠᠬᠤ ᠶᠢᠨ ᠰᠠᠴᠠᠭᠤ ᠪᠦᠭᠡ ᠶᠢᠨ ᠨᠡᠶᠢᠭᠡᠮᠯᠢᠭ ᠵᠡᠷᠭᠡ ᠴᠠᠭ ᠡᠷᠡᠨ ᠤ ᠠᠶᠢᠵᠠᠮ ᠴᠤᠬᠢᠯᠭ᠎ᠠ ᠲᠠᠢ  ᠨᠡᠶᠢᠴᠡᠭᠰᠡᠨ ᠤᠳᠦ ᠦᠶ᠎ᠠ ᠶᠢᠨ ᠲᠦᠷᠢᠮᠵᠢᠭᠰᠡᠨ ᠬᠠᠮᠢᠶᠠᠷᠤᠯᠳᠠ ᠶᠢᠨ ᠰᠢᠰᠲ᠋ᠧᠮ ᠢ ᠪᠠᠶᠢᠭᠤᠯᠤᠨ ᠲᠡᠬᠦᠯᠳᠡᠷᠵᠢᠬᠦᠯᠵᠦ  ᠪᠦᠭᠡ ᠶᠢᠨ ᠡᠮᠦᠰᠭᠡᠯ ᠵᠠᠰᠠᠯ᠂ ᠲᠠᠭᠤᠳᠠᠯᠭ᠎ᠠ ᠤᠷᠢᠶ᠎ᠠ᠂ ᠲᠠᠭᠤᠤ ᠢᠷᠦᠭᠡᠯ᠂ ᠬᠦᠨᠳᠦᠳᠭᠡᠯ ᠶᠤᠰᠦ᠂ ᠪᠠᠷᠢᠯᠳᠤᠭᠠᠨ ᠤ ᠲᠦᠷᠢᠮ᠂ ᠬᠤᠷᠢᠭ᠎ᠠ ᠴᠡᠭᠡᠷ ᠵᠡᠷᠭᠡ ᠶᠢ ᠲᠤᠳᠤᠷᠬᠠᠢ ᠲᠤᠭᠳᠠᠭᠠᠨ᠂ ᠱᠠᠭᠠᠷᠳᠠᠨ ᠬᠡᠷᠡᠭᠵᠢᠬᠦᠯᠵᠦ᠂ ᠲᠤᠭᠳᠠᠮᠠᠯ ᠬᠤᠭᠤᠴᠠᠭᠠᠳᠦ ᠨᠠᠶᠢᠷ ᠨᠠᠭᠠᠳᠤᠮ ᠢ ᠵᠤᠬᠢᠶᠠᠨ ᠪᠠᠶᠢᠭᠤᠯᠤᠨ ᠡᠷᠬᠢᠯᠡᠵᠦ᠂ ᠠᠵᠦ ᠠᠬᠤᠢ ᠨᠡᠶᠢᠭᠡᠮ ᠤᠨ ᠦᠷ᠎ᠠ ᠠᠰᠢᠭ ᠢ ᠤᠯᠬᠤ ᠲᠤᠬᠠᠢ ᠰᠦᠪᠡᠭᠴᠢᠯᠡᠯᠳᠡ ᠬᠢᠬᠦ ᠶᠢ ᠰᠠᠨᠠᠭᠠᠴᠢᠯᠠᠭᠰᠠᠨ ᠪᠠᠶᠢᠨ᠎ᠠ᠃                        ᠵᠣᠬᠢᠶᠠᠭᠴᠢ᠄  ᠳ᠋ᠤ᠋ · ᠴᠢᠯᠠᠭᠤᠨ 
  
ᠢᠷᠡᠯᠲᠡ᠄  ᠬᠦᠯᠦᠨ ᠪᠤᠶᠢᠷ ᠮᠤᠩᠭᠤᠯ ᠰᠦᠯᠵᠢᠶ᠎ᠡ
  
 



  
     
     