-
25571
ᠬᠣᠨᠤᠭ ᠦᠩᠭᠡᠷᠭᠡᠬᠦ ᠳᠤ ᠪᠠᠨ ᠬᠣᠯᠪᠤᠭᠰᠠᠨ ᠪᠠᠳᠠᠭ
2022-11-14 08:59
92
0
ᠬᠣᠨᠤᠭ ᠦᠩᠭᠡᠷᠭᠡᠬᠦ ᠳᠤ ᠪᠠᠨ ᠬᠣᠯᠪᠤᠭᠰᠠᠨ ᠪᠠᠳᠠᠭ
ᠪᠣ ᠴᠡᠭ
2022.10.25
ᠦᠦᠷ ᠢᠶᠡᠷ ᠪᠣᠰᠴᠤ ᠭᠡᠭᠡᠪᠴᠢ ᠪᠠᠨ ᠳᠠᠳᠠᠯ᠎ᠠ
ᠦᠬᠦᠴᠢᠬᠡᠭᠰᠡᠨ ᠶᠤᠮ ᠰᠢᠭ ᠭᠠᠳᠠᠨ᠎ᠠ ᠨᠠᠮ ᠵᠢᠮ
ᠬᠠᠭᠠᠯᠭ᠎ᠠ ᠪᠠᠨ ᠳᠤᠳᠤᠷ᠎ᠠ ᠡᠴᠡ ᠪᠠᠨ ᠲᠣᠭᠰᠢᠪᠠ
ᠬᠠᠮᠤᠭ ᠶᠠᠭᠤᠮ᠎ᠠ ᠬᠠᠷ᠎ᠠ ᠪᠠᠷᠠᠭᠠᠨ ᠲᠦᠭᠵᠢᠭᠡᠰᠦᠲᠠᠢ
ᠥᠩᠭᠡᠷᠡᠭᠰᠡᠨ ᠳᠤ ᠬᠥᠮᠦᠷᠭᠡᠨ ᠭᠡᠷ ᠢ ᠪᠢᠲᠡᠭᠦᠮᠵᠢ ᠨᠠᠭᠠᠳᠠᠭ
ᠣᠳᠤ ᠪᠣᠯᠬᠤ ᠳᠤ ᠬᠥᠮᠦᠨ ᠲᠠᠢ ᠭᠡᠷ ᠢ ᠪᠢᠲᠡᠭᠦᠮᠵᠢ ᠨᠠᠭᠠᠳᠠᠭ
ᠤᠷᠢᠳ ᠳᠤ ᠤᠭᠴᠠᠷᠠᠭᠰᠠᠳ ᠢ ᠪᠢᠳᠡᠭᠦᠮᠵᠢ ᠨᠠᠭᠠᠳᠠᠭ
ᠣᠳᠤ ᠪᠣᠯᠬᠤ ᠳᠤ ᠦᠭᠡ ᠰᠣᠨᠤᠰᠳᠠᠭ ᠢ ᠪᠢᠳᠡᠭᠦᠮᠵᠢ ᠨᠠᠭᠠᠳᠠᠭ
ᠭᠠᠢᠬᠠᠯ ᠲᠥᠷᠦᠵᠦ ᠭᠠᠳᠠᠨ᠎ᠠ ᠡᠴᠡ ᠤᠳᠠᠰᠤ ᠢᠷᠡᠵᠦ ᠪᠤᠢ
ᠭᠠᠢᠭᠤᠢ ᠭᠡᠵᠦ ᠬᠡᠷᠡᠭ ᠨᠦᠮᠦᠷᠡᠵᠦ ᠬᠤᠳᠠᠯ ᠥᠴᠢᠨᠡ
ᠲᠦᠴᠢᠨ ᠭᠡᠤᠭᠡᠳ ᠮᠢᠨᠢ ᠭᠡᠷ ᠲᠤ ᠪᠠᠨ ᠬᠠᠷᠢᠯ᠎ᠠ
ᠲᠦᠩᠭᠡᠵᠢ ᠲᠦᠷᠪᠡᠨ ᠬᠣᠨᠤᠭ ᠪᠣᠯᠤᠭᠠᠳ ᠪᠤᠴᠠᠯ᠎ᠠ
ᠲᠦᠷᠪᠡᠭᠰᠡᠨ ᠪᠠᠭᠰᠢ ᠲᠦᠴᠢᠭᠡᠳ ᠬᠥᠮᠦᠰ ᠪᠠᠢᠪᠠ
ᠲᠦᠷᠬᠢᠭᠦᠯ ᠦᠭᠡᠢ ᠬᠣᠷᠢᠭᠳᠠᠯ ᠰᠢᠭ ᠪᠣᠯᠪᠠ
ᠬᠢᠵᠢᠭ᠌ ᠤᠨ ᠨᠠᠮᠤᠷ ᠬᠢᠳᠡᠯ ᠯᠠᠪ ᠠᠯᠳᠠᠭᠤᠯᠬᠤ ᠦᠭᠡᠢ
ᠬᠢᠷᠢᠴᠡᠯᠡᠭᠰᠡᠨ ᠬᠥᠮᠦᠰ ᠭᠠᠳᠠᠭᠤᠷ ᠯᠠᠪ ᠵᠦᠭᠡᠷ ᠦᠬᠡᠷ
ᠬᠢᠷᠢ ᠪᠠᠨ ᠮᠡᠳᠡᠵᠦ ᠨᠣᠮᠤᠬᠠᠨ ᠰᠠᠭᠤᠬᠤ ᠭᠡᠵᠦ
ᠬᠡᠴᠡᠭᠦᠤ ᠴᠠᠭ ᠤᠨ ᠮᠡᠷᠭᠡᠨ ᠠᠵᠦ ᠪᠠᠢᠨ᠎ᠠ
ᠠᠷᠪᠠᠨ ᠴᠠᠭ ᠤᠨ ᠦᠶ᠎ᠡ ᠪᠡᠷ ︽ ᠠ ︾ ᠭᠡᠯᠡ
ᠠᠮᠠ ᠪᠠᠨ ᠴᠢᠴᠢᠭᠦᠯᠵᠦ ︽ ᠡ ︾ ᠭᠡᠯᠡ
ᠠᠬᠢᠭᠠᠳ ᠬᠥᠮᠦᠨ ᠤ ᠪᠠᠷ᠎ᠠ ᠦᠭᠡᠢ ᠪᠣᠯᠤᠯ᠎ᠠ
ᠠᠰᠠᠷ ᠤᠨ ᠴᠣᠩᠬᠤ ᠪᠡᠷ ᠭᠠᠳᠠᠭᠰᠢ ᠬᠠᠷᠠᠯ᠎ᠠ
ᠵᠡᠷᠭᠡᠯᠡᠳᠡᠭᠡ ᠭᠡᠷ ᠤᠨ ᠵᠠᠯᠠᠭᠤ ᠲᠠᠢ ᠥᠴᠦᠭᠡᠳᠦᠷ ᠬᠠᠷᠭᠤᠭᠰᠠᠨ ᠶᠤᠮ
ᠵᠡᠷᠭᠡᠴᠡᠵᠦ ᠵᠣᠭᠰᠤᠭᠠᠳ ᠬᠡᠳᠦᠨ ᠵᠣᠭᠤᠭ ᠶᠠᠷᠢᠭᠰᠠᠨ ᠶᠤᠮ
ᠵᠦᠢᠵᠦ ᠨᠠᠭᠠᠭᠰᠠᠨ ᠡᠭᠦᠳᠡᠨ ᠪᠢᠲᠡᠭᠦᠮᠵᠢ ᠵᠢ ᠦᠵᠡᠭᠡᠳ
ᠵᠦᠭ ᠦᠭᠡᠢ ᠠᠶᠤᠭᠠᠳ ᠳᠤᠲᠠᠭᠠᠭᠰᠠᠨ ᠪᠠᠢᠬᠤ ᠦᠨᠤ ᠵᠠᠯᠠᠭᠤ
ᠵᠡᠭᠦᠨ ᠭᠡᠷ ᠤᠨ ᠬᠢ ᠤᠳᠠᠰᠤ ᠢᠷᠡᠵᠦ ᠪᠠᠢᠨ᠎ᠠ
ᠵᠦᠭᠡᠷ ᠪᠡ ᠴᠢ ᠭᠡᠵᠦ ᠤᠯᠠᠨ ᠶᠠᠭᠤᠮ᠎ᠠ ᠠᠰᠠᠭᠤᠨ᠎ᠠ
ᠵᠦᠭᠡᠷ ᠦᠭᠡᠢ ᠶᠠᠭᠠᠬᠢᠬᠤ ᠪᠤᠢ ᠭᠡᠵᠦ ᠪᠢ ᠬᠠᠷᠢᠭᠤᠯᠤᠨ᠎ᠠ
ᠵᠥᠭᠡᠭᠡᠵᠦ ᠠᠪᠬᠤ ᠶᠠᠭᠤᠮ᠎ᠠ ᠪᠠᠢᠪᠠᠯ ᠠᠪᠴᠢᠷᠡᠵᠦ ᠥᠭᠭᠦᠶ᠎ᠡ ᠭᠡᠨ᠎ᠡ ᠲᠡᠷᠡ
ᠬᠠᠯᠠᠭᠤᠨ ᠤ ᠬᠡᠮᠵᠢᠶ᠎ᠡ ᠵᠢ ᠠᠪᠴᠦ ᠯᠠ ᠪᠠᠢᠨ᠎ᠠ
ᠬᠠᠷᠢᠨ ᠪᠢ ᠦᠪᠡᠷᠳᠡᠭᠡᠨ ᠬᠡᠮᠵᠢᠬᠦ ᠶᠤᠮ ᠪᠠᠢᠨ᠎ᠠ
ᠬᠠᠯᠭᠤ ᠡᠨᠳᠡᠭᠦᠤ ᠪᠠᠢᠵᠦ ᠪᠣᠯᠬᠤ ᠦᠭᠡᠢ ᠭᠡᠨ᠎ᠡ
ᠬᠠᠮᠤᠭ ᠶᠠᠪᠤᠳᠠᠯ ᠢ ᠥᠪᠡᠷᠲᠡᠭᠡᠨ ᠬᠠᠷᠢᠭᠤᠴᠠᠨ᠎ᠠ ᠭᠡᠨ᠎ᠡ
ᠡᠭᠦᠳᠠ ᠬᠠᠷᠠᠭᠴᠢ ᠡᠪᠤᠭᠡᠨ ᠤᠳᠠᠰᠤ ᠢᠷᠡᠵᠦ ᠪᠠᠢᠨ᠎ᠠ
ᠥᠩᠭᠡᠷᠡᠭᠰᠡᠨ ᠡᠳᠦᠷ ᠤᠨ ᠬᠣᠭ ᠢ ᠬᠠᠶᠠᠬᠤ ᠶᠤᠮ ᠭᠡᠨ᠎ᠡ
ᠡᠳᠦᠷᠵᠢᠨ ᠢᠩᠭᠢᠵᠦ ᠵᠦᠭᠡᠷ ᠰᠠᠭᠤᠭᠴᠢᠳ ᠢ
ᠦᠩᠭᠡᠷᠡᠤ ᠬᠡᠳᠦᠷᠡᠲᠡᠯ᠎ᠡ ᠨᠢ ᠬᠠᠷᠠᠭᠠᠯᠴᠠᠬᠤ ᠶᠤᠮ ᠪᠠᠢᠨ᠎ᠠ
ᠠᠷᠤ ᠬᠣᠷᠴᠢᠨ ᠳᠤ ᠬᠢᠵᠢᠭ᠌ ᠠᠬᠠᠳᠠᠵᠦ ᠪᠠᠢᠨ᠎ᠠ ᠭᠡᠨ᠎ᠡ
ᠠᠷᠤ ᠦᠪᠤᠷ ᠤᠨ ᠬᠢᠨ ᠬᠥᠮᠦᠰ ᠦᠢᠮᠡᠯᠳᠤᠵᠦ ᠪᠠᠢᠨ᠎ᠠ
ᠠᠷᠬᠠᠭ ᠬᠢᠵᠢᠭ᠌ ᠲᠤᠭᠤᠷᠢᠵᠦ ᠪᠠᠢᠨ᠎ᠠ ᠭᠡᠨ᠎ᠡ
ᠠᠷᠤ ᠭᠡᠷ ᠲᠤ ᠨᠣᠮᠤᠬᠠᠨ ᠰᠠᠭᠤᠭᠠᠴᠢ ᠬᠥᠮᠦᠰ ᠡ
ᠰᠡᠷᠭᠡᠢᠯᠡᠬᠦ ᠠᠵᠢᠯ ᠢ ᠨᠢ ᠰᠠᠢᠨ ᠭᠢ
ᠰᠡᠬᠡᠭᠡᠷᠡᠵᠦ ᠤᠬᠠᠭᠠᠨ ᠪᠣᠳᠤᠯ ᠳᠤ ᠪᠠᠨ ᠵᠥᠪ ᠬᠢ
ᠴᠠᠭ ᠴᠠᠭ ᠲᠤ ᠨᠢ ᠴᠢᠬᠤᠯᠠᠴᠢᠯᠠᠵᠤ ᠪᠠᠢ
ᠴᠠᠭ ᠢᠶᠡᠨ ᠥᠩᠭᠡᠷᠡᠪᠡᠯ ᠤᠷᠰᠢᠭ ᠪᠣᠯᠤᠨ᠎ᠠ
ᠶᠠᠪᠤᠴᠠ ᠬᠡᠯᠪᠡᠷᠢ ᠵᠢ ᠨᠢ ᠲᠤᠳᠠᠭᠤ ᠠᠪ
ᠶᠠᠭ ᠴᠢᠬᠤᠯᠠ ᠵᠢ ᠨᠢ ᠭᠤᠤᠯᠳᠠᠭᠤᠯᠵᠦ ᠦᠵᠡ
ᠬᠡᠷᠡᠭ ᠲᠠᠢ ᠤᠴᠢᠷ ᠢ ᠨᠢ ᠲᠤᠩᠭ᠋ᠠᠵᠦ ᠦᠵᠡ
ᠬᠡᠷᠡᠭ ᠦᠭᠡᠢ ᠶᠠᠭᠤᠮ᠎ᠠ ᠵᠢ ᠨᠢ ᠳᠤᠲᠠᠭᠤ ᠴᠤᠭᠯᠠᠭᠤᠯ ᠡ
ᠬᠡᠷᠡᠭ ᠤᠨ ᠡᠵᠡᠨ ᠨᠢ ᠬᠡᠨ ᠪᠣᠯᠬᠤ ᠵᠢ ᠡᠷᠢᠬᠦ ᠡᠴᠡ ᠡᠮᠦᠨ᠎ᠡ
ᠬᠡᠷᠡᠭ ᠭᠠᠷᠴᠦ ᠮᠡᠳᠡᠬᠦ ᠵᠢ ᠨᠢ ᠬᠡᠷᠰᠡᠤᠯᠡ ᠠᠩᠬᠠᠷ
ᠨᠠᠮᠤᠷ ᠤᠨ ᠰᠥᠨᠢ ᠵᠢᠬᠡᠭᠦᠨ ᠭᠡᠯᠡ
ᠨᠠᠩᠵᠢᠳ ᠵᠠᠯᠭᠢᠭᠰᠡᠨ ᠪᠡᠶ᠎ᠡ ᠬᠠᠯᠠᠭᠤᠬᠠᠨ ᠭᠡᠯᠡ
ᠨᠠᠷᠠᠲᠦ ᠶᠢᠨ ᠠᠶᠠᠰ ᠢᠶᠡᠷ ᠥᠲᠡᠯᠦᠭᠰᠡᠨ ᠭᠡᠯᠡ
ᠨᠠᠯᠠᠭᠠᠷ ᠬᠣᠷᠸ᠎ᠠ ᠶᠢᠨ ᠵᠢᠮ᠎ᠡ ᠭᠡᠯᠡ
ᠬᠤᠪᠢᠨ ᠤ ᠪᠡᠶ᠎ᠡ ᠪᠠᠨ ᠠᠩᠬᠠᠷᠤᠯ᠎ᠠ ᠪᠢ
ᠬᠠᠭᠤᠴᠢᠨ ᠰᠤᠷᠳᠠᠯ ᠢᠶᠡᠨ ᠬᠠᠯᠠᠯ᠎ᠠ ᠪᠢ
ᠬᠣᠷᠢᠳᠤᠭᠠᠷ ᠬᠤᠷᠠᠯ ᠢᠶᠡᠨ ᠦᠵᠡᠯ᠎ᠡ ᠪᠢ
ᠬᠤᠷᠠᠯ ᠰᠤᠷᠤᠯᠴᠠᠯᠭ᠎ᠠ ᠵᠢ ᠡᠷᠬᠢᠮᠯᠡᠯᠡ ᠪᠢ
ᠲᠠᠪᠤᠨ ᠡᠳᠦᠷ ᠤᠨ ᠬᠤᠭᠤᠴᠠᠭ᠎ᠠ ᠳᠠᠭᠤᠰᠬᠤ ᠪᠡᠷ
ᠲᠠᠯ᠎ᠠ ᠳᠡᠬᠢ ᠬᠢᠵᠢᠭ᠌ ᠪᠦᠷᠢᠨ ᠠᠷᠢᠯᠬᠤ ᠪᠡᠷ
ᠲᠠᠨ ᠤ ᠮᠠᠨ ᠤ ᠦᠭᠡᠢ ᠶᠠᠪᠤᠯᠴᠠᠵᠦ ᠢᠷᠡᠬᠦ ᠪᠷ
ᠲᠠᠷᠬᠠᠯᠲᠠ ᠠᠮᠠᠷᠠᠯᠲᠠ ᠶᠢᠨ ᠡᠳᠦᠷ ᠪᠣᠯᠬᠤ ᠦᠶ᠎ᠡ ᠪᠡᠷ
ᠠᠵᠢᠯ ᠤᠨ ᠬᠠᠨᠢᠲᠠᠨ ᠢᠶᠡᠨ ᠡᠷᠢᠶ᠎ᠡ ᠭᠡᠵᠦ
ᠠᠮᠠᠨ ᠵᠣᠭᠤᠭ ᠢᠶᠡᠨ ᠳᠡᠯᠭᠡᠶ᠎ᠡ ᠭᠡᠵᠦ
ᠠᠬᠤ ᠳᠤᠳᠤᠷ᠎ᠠ ᠪᠠᠨ ᠬᠥᠭᠰᠡᠭᠦ ᠪᠣᠯᠵᠦ
ᠠᠮᠤᠷ ᠳᠠᠢᠪᠤᠩ ᠢᠶᠡᠨ ᠡᠪᠳᠡᠵᠦ ᠰᠠᠭᠤᠨ᠎ᠠ
ᠰᠥᠨᠢ ᠨᠢ ᠬᠡᠳᠦ ᠰᠡᠷᠡᠬᠦ ᠪᠣᠯᠵᠦ
ᠡᠳᠦᠷ ᠨᠢ ᠢᠯᠡᠭᠦᠤ ᠤᠨᠳᠠᠬᠤ ᠪᠤᠯᠵᠦ
ᠵᠡᠭᠦᠳᠦ ᠨᠢ ᠳᠠᠩᠳᠠ ᠤᠯᠠᠨ ᠪᠣᠯᠵᠦ
ᠵᠢᠷᠦᠬᠡ ᠰᠡᠳᠭᠢᠯ ᠮᠠᠨᠢ ᠳᠣᠭᠳᠤᠯᠬᠤ ᠪᠣᠯᠤᠯ᠎ᠠ
ᠬᠤᠷᠳᠤᠨ ᠭᠠᠷ ᠢ ᠰᠣᠨᠢᠷᠠᠬᠠᠬᠤ ᠪᠤᠯᠵᠦ
ᠬᠤᠳᠤᠤ ᠮᠠᠳᠤᠤ ᠦᠭᠡ ᠶᠠᠷᠢᠬᠤ ᠪᠣᠯᠵᠦ
ᠬᠡᠳᠡᠷ ᠶᠠᠳᠠᠷ ᠡᠨᠡ ᠲᠡᠷᠡ ᠬᠡᠯᠡᠬᠦ ᠪᠣᠯᠵᠦ
ᠬᠡᠨ ᠡᠴᠡ ᠴᠤ ᠢᠯᠡᠬᠦᠤ ᠮᠡᠷᠭᠡᠨ ᠪᠣᠯᠵᠦ
ᠴᠠᠭ ᠤᠨ ᠬᠣᠭᠤᠯᠠᠨ ᠳᠤ ᠪᠡᠨ ᠳᠤᠷ᠎ᠠ ᠦᠭᠡᠢ ᠪᠣᠯᠵᠦ
ᠴᠠᠭᠠᠨ᠎ᠠ ᠨᠠᠭᠠᠨ᠎ᠠ ᠬᠢ ᠵᠢ ᠰᠤᠨᠢᠴᠢᠭᠤᠯᠬᠤ ᠪᠤᠯᠵᠦ
ᠦᠩᠭᠡᠷᠡᠰᠡᠨ ᠣᠳᠤ ᠵᠢ ᠡᠷᠭᠢᠴᠡᠭᠦᠯᠬᠦ ᠪᠣᠯᠵᠦ
ᠦᠨᠡᠨ ᠬᠤᠳᠠᠯ ᠳᠤ ᠲᠥᠭᠡᠷᠢᠭᠳᠡᠭᠦ ᠪᠣᠯᠤᠯ᠎ᠠ᠃
ᠬᠤᠨᠳᠠᠭᠠᠳᠤ ᠳᠠᠷᠠᠰᠤᠨ ᠳᠤ ᠰᠢᠨᠤᠬᠤ ᠪᠣᠯᠵᠦ
ᠬᠤᠷᠤᠭᠤ ᠬᠢᠮᠦᠰᠤ ᠪᠠᠨ ᠲᠣᠭᠠᠯᠠᠬᠤ ᠪᠣᠯᠵᠦ
ᠬᠣᠷᠢᠭ᠎ᠠ ᠴᠠᠭᠠᠵᠠᠨ ᠳᠤ ᠰᠡᠷᠭᠡᠭ ᠪᠣᠯᠵᠦ
ᠬᠣᠷᠤᠮᠠᠬᠠᠨ ᠵᠠᠭᠤᠷ᠎ᠠ ᠳᠤ ᠭᠣᠮᠤᠳᠠᠬᠤ ᠪᠣᠯᠤᠯ᠎ᠠ
ᠳᠡᠰ ᠳᠡᠰ ᠢᠶᠡᠷ ᠢᠶᠡᠨ ᠳᠡᠩᠰᠡᠯᠭᠡᠵᠦ ᠪᠠᠢᠨ᠎ᠠ
ᠳᠡᠷᠭᠡᠳᠡ ᠨᠢ ᠪᠠᠢᠬᠤ ᠵᠢ ᠨᠢ ᠬᠠᠮᠳᠤ ᠪᠣᠯᠭᠠᠵᠦ ᠪᠠᠢᠨ᠎ᠠ
ᠳᠡᠮᠡᠢ ᠶᠠᠭᠤᠮ᠎ᠠ ᠬᠠᠮᠢᠶᠠᠷᠤᠯ ᠦᠭᠡᠢ ᠳᠤᠩᠬᠤᠯᠵᠠᠵᠦ ᠪᠠᠢᠨ᠎ᠠ
ᠳᠡᠭᠡᠭᠦᠷ ᠬᠠᠷᠠᠵᠦ ᠶᠡᠬᠡ ᠯᠠ ᠰᠤᠷᠳᠤᠭᠤᠯᠵᠦ ᠪᠠᠢᠨ᠎ᠠ ᠵᠠᠷᠢᠮ ᠨᠢ
ᠵᠠ ᠶᠠᠭᠠᠬᠢᠪ᠂ ᠤᠷᠤᠰᠭᠠᠯ ᠶᠤᠮ ᠪᠠᠢᠨ᠎ᠠ
ᠡᠢᠮᠦ ᠯᠡ ᠪᠠᠢᠵᠦ ᠲᠡᠢᠮᠦ ᠯᠡ ᠪᠣᠯᠬᠤ ᠪᠠᠢᠬᠤ ᠳ᠋ᠠ︕
ᠬᠠᠭᠠᠯᠭ᠎ᠠ ᠲᠣᠭᠰᠢᠵᠦ ᠡᠮᠴᠢ ᠢᠷᠡᠪᠡ
ᠬᠠᠷᠮᠠᠨ ᠢᠶᠡᠨ ᠠᠭᠤᠳᠠᠯᠠᠵᠦ ᠪᠠᠭᠠᠵᠢ ᠪᠠᠨ ᠭᠠᠷᠭᠠᠪᠠ
ᠬᠠᠬᠠᠭᠠᠵᠦ ᠣᠭᠰᠢᠲᠠᠯᠠ ᠨᠢ ᠬᠣᠭᠤᠯᠠᠢ ᠪᠠᠨ ᠴᠢᠴᠢᠭᠦᠯᠪᠡ
ᠬᠠᠮᠤᠭ ᠰᠡᠭᠦᠯᠴᠢ ᠶᠢᠨ ᠡᠳᠦᠷ ᠬᠠᠷ᠎ᠠ ᠲᠠᠢ ᠭᠡᠭᠴᠢ ᠨᠢ ᠡᠨᠡ
ᠰᠤᠷᠭᠠᠭᠤᠯᠢ ᠦᠨᠦᠳᠤᠷ ᠴᠤᠭᠯᠠᠭᠰᠠᠨ ᠪᠠᠢᠪᠠ
ᠰᠤᠷᠤᠭᠴᠢᠳ ᠡᠬᠢᠯᠡᠭᠡᠳ ᠬᠢᠴᠢᠶᠡᠯᠯᠡᠭᠰᠡᠨ ᠪᠠᠢᠪᠠ
ᠰᠤᠷᠭᠠᠬᠤ ᠤᠢᠯᠡᠰ ᠮᠢᠨᠢ ᠬᠣᠵᠢᠭᠳᠠᠬᠤ ᠨᠢ ᠭᠡᠳ ᠪᠢ
ᠰᠠᠭᠤᠵᠦ ᠳᠤᠭᠲᠠᠯ ᠦᠭᠡᠢ ᠭᠠᠴᠢᠭᠳᠠᠭᠰᠠᠨ ᠪᠠᠢᠪᠠ
ᠬᠢᠵᠢᠭ᠌ ᠤᠨ ᠡᠲᠡᠭᠡᠳ ᠲᠠᠢ ᠨᠢᠭᠲᠠ ᠣᠢᠷᠡᠳᠤᠭᠰᠠᠨ ᠦᠭᠡᠢ
ᠬᠢᠳᠠᠯ ᠠᠳᠠᠯ ᠳᠤ ᠪᠠᠨ ᠶᠠᠭᠠᠷᠠᠭᠰᠠᠨ ᠯᠠ ᠲᠡᠳᠦᠢ
ᠬᠢᠷᠢ ᠬᠡᠮ ᠤᠨ ᠳᠤᠳᠤᠯᠠᠯᠲᠠ ᠪᠠᠢᠴᠠᠭᠠᠯᠲᠠ ᠬᠢᠭᠰᠡᠨ ᠦᠭᠡᠢ
ᠬᠡᠯᠡᠭᠰᠡᠨ ᠶᠣᠰᠤᠭᠠᠷ ᠨᠢ ᠵᠦᠭᠡᠷ ᠯᠡ ᠨᠣᠮᠤᠬᠠᠨ ᠰᠠᠭᠤᠵᠦ ᠥᠭᠭᠦᠯ᠎ᠡ
ᠰᠠᠭᠤᠭᠠᠯᠢ ᠲᠣᠭᠤᠷᠢᠭ ᠬᠣᠭᠤᠷᠤᠨᠳᠤ ᠪᠠᠨ ᠠᠳᠠᠯᠢ ᠦᠭᠡᠢ ᠭᠡᠨ᠎ᠡ
ᠰᠤᠷᠲᠠᠯ ᠤᠬᠠᠭᠤᠯᠭ᠎ᠠ ᠨᠢ ᠥᠪᠡᠷᠮᠢᠴᠡ ᠲᠡᠭᠰᠢ ᠦᠭᠡᠢ ᠭᠡᠨ᠎ᠡ
ᠰᠠᠭᠤᠭᠰᠠᠨ ᠭᠡᠷ ᠢ ᠨᠢ ᠪᠢᠲᠡᠭᠦᠮᠵᠢᠯᠡᠭᠰᠡᠨ ᠨᠢ ᠠᠰᠳᠠᠭᠠᠨ ᠭᠡᠨ᠎ᠡ
ᠰᠣᠷᠢᠨᠵᠢᠨ ᠪᠦᠰᠡ ᠲᠠᠢ ᠳᠠᠭᠠᠭᠤᠯᠵᠦ ᠨᠠᠭᠠᠭᠠᠰᠠᠨ ᠨᠢ ᠴᠦ᠋ᠬᠡᠨ ᠭᠡᠨ᠎ᠡ
ᠲᠣᠭᠳᠠᠭᠠᠯ ᠲᠦᠷᠢᠮ ᠶᠠᠪᠤᠭᠤᠯᠤᠭᠰᠠᠨ ᠨᠢ ᠠᠷᠪᠢᠨ ᠭᠡᠳᠡᠭ ᠨᠢ
ᠲᠣᠭᠠᠨ ᠳᠤ ᠣᠷᠤᠭᠤᠯᠬᠤ ᠡᠴᠡ ᠲᠠᠪᠤᠨ ᠪᠠᠲᠤᠯᠠᠭ᠎ᠠ ᠲᠠᠢ
ᠳᠣᠬᠢᠨᠠᠭᠤᠯᠵᠦ ᠥᠭᠦᠯᠡᠬᠦ ᠡᠴᠡ ᠰᠡᠳᠭᠢᠴᠡ ᠶᠢᠨ ᠡᠮᠴᠢ ᠲᠠᠢ
ᠲᠣᠮᠤᠷᠠᠭᠤᠯᠵᠦ ᠶᠠᠷᠢᠬᠤ ᠡᠴᠡ ᠵᠠᠷᠯᠢᠭ ᠵᠢᠭᠠᠪᠤᠷᠢ ᠲᠠᠢ
ᠠᠭᠠᠰᠢ ᠶᠠᠩᠵᠦ ᠭᠠᠷᠭᠠᠪᠠᠯ ᠠᠪᠤᠨ᠎ᠠ ᠭᠡᠰᠡᠨ ᠮᠠᠶᠢᠭ ᠲᠠᠢ
ᠠᠯᠳᠠᠭ᠎ᠠ ᠳᠤᠳᠠᠭᠳᠠᠯ ᠪᠣᠯᠭᠠᠵᠦ ᠬᠡᠯᠡᠯᠴᠡᠨ᠎ᠡ ᠭᠡᠰᠡᠨ ᠮᠠᠶᠢᠭ ᠲᠠᠢ
ᠠᠷᠤ ᠭᠡᠷ ᠲᠠᠢ ᠪᠠᠨ ᠰᠠᠭᠤᠵᠦ ᠯᠠ ᠪᠠᠢᠪᠠᠯ ᠵᠢᠳᠭᠦᠯ ᠭᠡᠰᠡᠨ ᠮᠠᠶᠢᠭ ᠲᠠᠢ
ᠠᠳᠭᠤᠭᠰᠠᠨ ᠡᠷᠬᠡ ᠶᠢᠨ ᠴᠢᠨᠡᠭᠡ ᠪᠡᠷ ᠠᠭᠠᠰᠢᠯᠠᠵᠦ ᠪᠠᠢᠬᠤ ᠲᠥᠯᠦᠪ ᠲᠠᠢ
ᠳᠠᠪᠤᠳᠠᠬᠢ ᠡᠳᠦᠷ ᠤᠨ ᠣᠷᠤᠢ ᠶᠢᠨ ᠲᠠᠪᠤᠨ ᠴᠠᠭ ᠲᠤ
ᠲᠠᠯᠪᠢᠭᠳᠠᠬᠤ ᠴᠢᠮᠡᠭᠡ ᠣᠯᠤᠭᠠᠳ ᠪᠠᠶᠠᠷᠯᠠᠭᠰᠠᠨ ᠭᠡᠵᠦ ᠬᠡᠴᠡᠬᠦᠤ
ᠲᠠᠭᠯᠠᠭᠠᠰᠤ ᠵᠢ ᠨᠢ ᠱᠠᠭᠠᠯᠠᠵᠦ ᠪᠦᠭᠯᠡᠭᠡᠰᠦ ᠵᠢ ᠨᠢ ᠠᠪᠴᠦ
ᠲᠠᠨᠢᠯ ᠪᠤᠰᠤ ᠨᠢᠭᠡ ᠡᠮᠡᠭᠲᠡᠢ ᠡᠭᠦᠳᠡ ᠨᠡᠭᠡᠭᠡᠵᠦ ᠥᠭᠭᠦᠯ᠎ᠡ
ᠲᠠ ᠣᠳᠤ ᠬᠠᠮᠢᠭ᠎ᠠ ᠶᠠᠪᠤᠭᠰᠠᠨ ᠴᠦ ᠪᠣᠯᠤᠨ᠎ᠠ ᠭᠡᠨ᠎ᠡ
ᠲᠠᠪᠬᠢᠵᠦ ᠭᠠᠷᠤᠭᠠᠳ ᠪᠢ ᠭᠦᠶᠦᠮᠡᠷ ᠰᠠᠨᠠᠭᠳᠠᠯ᠎ᠠ
ᠲᠡᠷᠭᠡ ᠪᠠᠨ ᠪᠠᠷᠢᠭᠠᠳ ᠲᠣᠰᠤ ᠨᠡᠮᠡᠭᠡᠳ ᠲᠣᠭᠤᠷᠢᠭᠠᠳ ᠢᠷᠡᠯ᠎ᠡ
ᠲᠡᠪᠡᠷᠡ ᠳᠦᠭᠦᠷᠡᠩ ᠬᠣᠷᠰᠢᠶᠠᠨ ᠤ ᠶᠠᠭᠤᠮ᠎ᠠ ᠠᠪᠤᠭᠠᠳ ᠢᠷᠡᠯ᠎ᠡ
ᠭᠠᠳᠠᠨ᠎ᠠ ᠶᠠᠮᠠᠷ ᠰᠠᠢᠬᠠᠨ ᠪᠠᠢᠳᠠᠭ ᠢ ᠭᠠᠢᠬᠠᠵᠦ ᠮᠡᠳᠡᠯ᠎ᠡ
ᠭᠠᠩᠭᠠᠷ ᠠᠭᠠᠷ ᠠᠮᠢᠰᠬᠤᠵᠦ ᠪᠢ ᠳᠤᠳᠤᠷ᠎ᠠ ᠣᠩᠭᠤᠢᠯᠠ
ᠭᠠᠳᠠᠨᠠᠬᠢ ᠬᠥᠮᠦᠰ ᠤᠨ ᠪᠡᠷ᠎ᠡ ᠵᠢ ᠦᠵᠡᠵᠦ ᠰᠡᠳᠭᠢᠯ ᠰᠡᠷᠭᠦᠯ᠎ᠡ
ᠭᠠᠷ ᠤᠳᠠᠰᠤ ᠪᠠᠨ ᠭᠠᠷᠭᠠᠨ ᠪᠢ ᠰᠡᠭᠦᠳᠡᠷ ᠵᠢᠷᠤᠭ ᠳᠠᠲᠠᠯ᠎ᠠ
ᠮᠠᠷᠭᠠᠰᠢ ᠰᠠᠶᠢ ᠰᠤᠷᠭᠠᠭᠤᠯᠢ ᠳᠤ ᠣᠴᠢᠵᠦ ᠪᠣᠯᠤᠨ᠎ᠠ ᠭᠡᠨ᠎ᠡ
ᠮᠠᠨ ᠤ ᠬᠢᠨ ᠤ ᠵᠢᠭᠠᠪᠤᠷᠢ ᠲᠡᠭᠡᠵᠦ ᠪᠠᠭᠤᠵᠦ ᠯᠠ ᠪᠠᠢᠨ᠎ᠠ
ᠮᠠᠨ ᠤ ᠬᠥᠮᠦᠨ ᠮᠠᠷᠭᠠᠰᠢ ᠪᠠᠰᠠ ᠠᠵᠢᠯᠯᠠᠵᠦ ᠪᠣᠯᠬᠤ ᠦᠭᠡᠢ ᠭᠡᠨ᠎ᠡ
ᠮᠠᠩᠭᠠᠷ ᠶᠡᠬᠡ ᠳᠡᠪᠵᠢᠶᠡᠷᠡᠵᠦ ᠪᠠᠢᠨ᠎ᠠ ᠲᠡᠳᠡᠨ ᠤ ᠬᠢᠨ
ᠤᠴᠢᠷ ᠲᠡᠭᠦᠰᠴᠦ ᠠᠭᠤᠵᠢᠭᠤᠬᠠᠨ ᠠᠮᠢᠰᠭᠤᠯᠠ
ᠤᠤᠷ ᠴᠢᠨᠠᠷ ᠢᠶᠡᠷ ᠢᠶᠡᠨ ᠪᠠᠶᠠᠷ ᠲᠡᠮᠳᠡᠭᠯᠡᠯ᠎ᠡ
ᠤᠤᠭᠤᠭᠰᠡᠨ ᠠᠷᠢᠬᠢᠨ ᠤ ᠢᠳᠡ ᠪᠠᠳᠠᠷᠠᠯ᠎ᠠ
ᠤᠴᠢᠷ ᠦᠭᠡᠢ ᠶᠠᠭᠤᠮ᠎ᠠ ᠪᠠᠭᠠᠬᠠᠨ ᠳᠣᠩᠭᠤᠳᠪᠠ
ᠦᠵᠡᠬᠦ ᠮᠡᠷᠭᠡᠳ ᠭᠡᠭᠡᠨ ᠳᠤ ᠪᠠᠨ ᠲᠤᠯᠢᠳᠦ
ᠦᠨᠡᠨ ᠮᠠᠭᠠᠳ ᠲᠤ ᠪᠤᠤ ᠰᠠᠨᠠᠭ᠎ᠠ ᠵᠣᠪᠠ
ᠰᠡᠳᠬᠢᠴᠠ ᠶᠢᠨ ᠡᠮᠴᠢ ᠪᠡᠷ ᠶᠠᠭᠠᠬᠢᠬᠤ ᠪᠤᠢ
ᠰᠡᠷᠵᠢᠮ ᠢᠶᠡᠨ ᠡᠷᠭᠦᠵᠦ ᠴᠢᠯᠡᠭᠡ ᠪᠠᠨ ᠲᠠᠢᠯᠦᠶᠡ︕