- ᠬᠠᠷᠠᠴᠢᠨ ᠬᠤᠨᠭ᠍ᠭᠤᠷᠵᠤᠯᠠ
291
ᠬᠤᠯᠪᠤᠭ᠎ᠠ ᠰᠦᠯᠵᠢᠶ᠎ᠡ ᠶᠢ ᠠᠰᠢᠭᠯᠠᠭᠰᠠᠨ ᠤ ᠳᠠᠷᠠᠭᠠᠬᠢ ᠲᠦᠷᠦᠭᠳᠡᠯ
2020-12-11 09:56
217
0
ᠬᠤᠯᠪᠣᠭ᠎ᠠ ᠰᠥᠯᠵᠢᠶ᠎ᠡ ᠶᠢ ᠠᠰᠢᠭᠯᠠᠭᠰᠠᠨ ᠤ ᠳᠠᠷᠠᠭᠠᠬᠢ ᠲᠦᠷᠦᠭᠳᠡᠯ ᠊᠊᠊᠊᠊᠊᠊
ᠨᠡᠢᠬᠡᠮ ᠠᠵᠤ ᠠᠬᠤᠢ ᠶᠠᠪᠤᠬᠤ ᠲᠤᠲᠣᠮ ᠬᠦᠭᠵᠢᠵᠦ ᠪᠠᠢᠭ᠎ᠠ ᠥᠨᠥᠳᠦᠷ ᠂ ᠰᠦᠯᠵᠢᠶ᠎ᠡ ᠪᠤᠯ ᠣᠳᠣᠬᠢ ᠬᠦᠮᠦᠰ ᠦᠨ ᠠᠮᠢᠳᠤᠷᠠᠯ ᠳᠣᠮᠳᠠᠬᠢ ᠭᠤᠤᠯ ᠬᠡᠰᠡᠭ ᠪᠤᠯᠵᠣ ᠪᠦᠷᠢᠯᠳᠦᠵᠦ ᠪᠠᠢᠨ᠎ᠠ ᠃ ᠡᠳᠦᠷ ᠳᠤᠲᠤᠮ ᠤᠨ ᠠᠮᠢᠳᠤᠷᠠᠯ ᠤᠨ ᠳᠣᠮᠳᠠ ᠰᠦᠯᠵᠢᠶ᠎ᠠ ᠶᠢ ᠠᠰᠢᠭᠯᠠᠵᠤ ᠤᠯᠠᠨ ᠬᠡᠷᠡᠭᠴᠡᠭᠡ ᠰᠠᠭᠠᠷᠳᠠᠯᠭ᠎ᠠ ᠪᠠᠨ ᠬᠠᠭ᠌ᠭᠠᠵᠤ ᠪᠠᠢᠨ᠎ᠠ ᠃ ᠡᠳᠦᠷ ᠳᠣᠳᠣᠮ ᠤᠨ ᠠᠮᠢᠳᠤᠷᠠᠯ ᠳᠤᠮᠳᠠ ᠲᠡᠭᠰᠢᠳᠬᠡᠭᠡᠳ ᠪᠢ ᠡᠳᠦᠷ ᠪᠦᠷᠢ ᠨᠢᠭᠡᠨ ᠴᠠᠭ ᠬᠣᠯᠪᠣᠭ᠎ᠠ ᠰᠦᠯᠵᠢᠶ᠎ᠡ ᠶ᠋ᠢ ᠠᠩᠬᠠᠷᠤᠯ ᠢᠶ᠋ᠠᠨ ᠬᠠᠨᠳᠤᠭᠤᠯᠵᠤ ᠪᠠᠶ᠋ᠢᠳᠠᠭ᠃ ᠭᠣᠣᠯᠳᠠᠭᠤ ᠬᠣᠯᠪᠣᠭ᠎ᠠ ᠰᠦᠯᠵᠢᠶ᠎ᠡ ᠡᠴᠡ ᠰᠣᠨᠢᠨ ᠮᠡᠳᠡᠭᠡ ᠰᠤᠷᠠᠭ ᠵᠠᠩᠬᠢ ᠪᠤᠶᠤ ᠂ ᠨᠢᠭᠡ ᠥᠭᠦᠯᠡᠯ ᠤᠷᠠᠨ ᠵᠣᠬᠢᠶᠠᠯ ᠳ᠋ᠤ᠌ ᠬᠤᠪᠢ ᠬᠥᠮᠦᠨ ᠢ ᠨᠠᠶ᠋ᠢᠷᠠᠭᠤᠯᠤᠯ ᠂ ᠵᠡᠷᠭᠡ ᠵᠡᠷᠭᠡ ᠮᠠᠲ᠋ᠧᠷᠢᠶᠠᠯ ᠡᠳᠦᠷ ᠪᠣᠯᠭᠠᠨ ᠥᠵᠢᠵᠦ ᠪᠠᠶ᠋ᠢᠳᠠᠭ ᠠ᠋᠃ ᠬᠤᠪᠢ ᠬᠥᠮᠦᠨ ᠦ ᠦᠵᠡᠬᠦ ᠪᠡᠷ ᠬᠣᠯᠪᠣᠭ᠎ᠠ ᠰᠦᠯᠵᠢᠶ᠎ᠡ ᠨᠢ ᠬᠡᠷᠡᠭᠯᠡᠭᠴᠢᠳ ᠦᠨ ᠱᠠᠭᠠᠷᠳᠠᠯᠭ᠎ᠠ ᠶ᠋ᠢ ᠬᠠᠩᠭᠠᠵᠤ ᠲᠠᠶ᠋ᠢᠯᠵᠤ ᠪᠠᠶ᠋ᠢᠨ᠎ᠠ᠃ ᠬᠡᠪ ᠮᠠᠶᠢᠭ ᠤᠨ ᠬᠤᠪᠢ ᠠ᠋ᠴᠠ ᠨᠡᠯᠢᠶᠡᠳ ᠰᠢᠨᠡᠴᠢᠯᠡᠵᠦ ᠂ ᠶᠠᠭ ᠰᠠᠶ᠋ᠢᠬᠠᠨ ᠣᠳᠣᠬᠢ ᠣᠶᠤᠲᠠᠳ ᠲᠤ᠌ ᠪᠤᠶᠤ ᠥᠷᠭᠡᠨ ᠣᠯᠠᠨ ᠮᠣᠩᠭᠣᠯᠴᠤᠳ ᠤᠨ ᠬᠡᠷᠡᠭᠯᠡᠭᠴᠢ ᠴᠢᠯᠥᠭᠡ ᠠᠪᠤᠭᠴᠢ ᠶ᠋ᠢᠨ ᠱᠠᠭᠠᠷᠳᠠᠯᠭ᠎ᠠ ᠳ᠋ᠤ᠌ ᠬᠠᠨᠳᠤᠭᠤᠯᠵᠤ ᠰᠢᠨᠡᠴᠢᠯᠡᠵᠦ ᠪᠠᠶ᠋ᠢᠨ᠎ᠠ᠃
ᠬᠣᠯᠪᠣᠭ᠎ᠠ ᠰᠦᠯᠵᠢᠶ᠎ᠡ ᠪᠣᠯ ᠣᠳᠣ ᠳᠡᠭᠡᠷ᠎ᠡ ᠪᠡᠨ ᠮᠢᠨᠦ ᠠᠮᠢᠳᠤᠷᠠᠯ ᠳᠤᠮᠳᠠᠬᠢ ᠨᠢᠭᠡ ᠬᠡᠰᠡᠭ ᠪᠣᠯᠵᠣ ᠂ ᠪᠢ ᠡᠳᠦᠷ ᠪᠣᠯᠭᠠᠨ ᠬᠣᠯᠪᠣᠭ᠎ᠠ ᠰᠦᠯᠵᠢᠶᠡᠨ ᠳ᠋ᠦ᠍ ᠨᠡᠪᠲᠡᠷᠡᠵᠦ᠃ ᠨᠡᠯᠢᠶᠡᠳ ᠣᠯᠠᠨ ᠮᠡᠳᠡᠯᠭ ᠣᠯᠵᠤ ᠪᠠᠶ᠋ᠢᠨ᠎ᠠ᠃ ᠬᠣᠯᠪᠣᠭ᠎ᠠ ᠰᠦᠯᠵᠢᠶ᠎ᠡ ᠶ᠋ᠢᠨ ᠠᠭᠤᠯᠭ᠎ᠠ ᠶ᠋ᠢ ᠨᠢ ᠬᠤᠪᠢᠶᠠᠷᠢ ᠪᠤᠯᠤᠩ ᠨᠢ ᠲᠣᠳᠣᠷᠬᠠᠢ ᠂ ᠭᠠᠷ ᠤᠲᠠᠰᠤᠨ ᠰᠣᠹᠲ ᠬᠣᠯᠪᠣᠭ᠎ᠠ ᠰᠦᠯᠵᠢᠶ᠎ᠡ ᠢ ᠭᠤᠷᠪᠠᠨ ᠬᠡᠰᠡᠭ ᠬᠤᠪᠢᠶᠠᠵᠤ ᠪᠠᠶ᠋ᠢᠳᠠᠭ᠂ ᠲᠤᠰ ᠲᠣᠰ ᠬᠤᠪᠢᠶᠠᠷᠢ ᠭᠠᠷᠴᠠᠭ᠂ ᠲᠡᠷᠢᠭᠦᠨ ᠨᠢᠭᠤᠷ ᠂ ᠠᠵᠢᠯᠴᠢ ᠪᠦᠷᠭᠡ ᠪᠣᠯᠤᠨ᠎ᠠ ᠃ ᠬᠤᠪᠢᠶᠠᠷᠢ ᠭᠠᠷᠴᠠᠭ ᠲᠤ᠌ ᠢᠷᠠᠭᠤ ᠨᠠᠶ᠋ᠢᠷᠠᠭ ᠂ ᠨᠠᠶ᠋ᠢᠷᠠᠭᠤᠯᠤᠯ ᠂ ᠲᠡᠮᠳᠡᠭᠯᠡᠯ ᠂ ᠱᠣᠭ ᠶᠦᠮᠦᠷ ᠂ ᠵᠢᠷᠤᠭ ᠰᠡᠭᠦᠳᠡᠷ ᠂ ᠳᠠᠭᠤᠤ ᠬᠥᠭᠵᠢᠮ ᠂ᠳᠣᠮᠣᠭ ᠦᠯᠢᠭᠡᠷ ᠂ ᠵᠦᠢᠷ ᠦᠭᠡᠰ ᠂ ᠠᠨᠠᠭᠠᠬᠤ ᠤᠬᠠᠭᠠᠨ ᠂ ᠳᠠᠭᠤᠤ ᠵᠢᠨ ᠦᠭᠡ ᠂ ᠥᠭᠦᠯᠡᠯᠭᠡ ᠂ ᠠᠵᠤ ᠠᠬᠤᠢ ᠂ᠨᠡᠶ᠋ᠢᠭᠡᠮ ᠠᠮᠢᠳᠤᠷᠠᠯ ᠂ ᠵᠠᠩ ᠠᠭᠠᠯᠢ ᠂ ᠮᠣᠩᠭᠣᠯ ᠢᠳᠡᠭᠡᠨ ᠂ ᠰᠣᠶᠣᠯ ᠤᠷᠠᠯᠢᠭ᠂ᠰᠢᠨᠵᠢᠯᠡᠬᠦ ᠤᠬᠠᠭᠠᠨ ᠂ ᠦᠯᠢᠭᠡᠷ ᠬᠣᠯᠪᠣᠭ᠎ᠠ ᠂ ᠨᠡᠶ᠋ᠢᠭᠡᠮ ᠰᠢᠨᠵᠢᠯᠡᠭᠡ ᠂ᠪᠠᠶ᠋ᠢᠭᠠᠯᠢ ᠣᠷᠴᠢᠨ ᠂ ᠠᠶᠠᠯᠠᠯ ᠵᠤᠭᠠᠴᠠᠯ᠂ ᠭᠣᠶᠣᠯᠠᠯ ᠵᠠᠰᠠᠯ᠂ ᠺᠢᠨᠣ ᠵᠦᠴᠦᠭᠡ ᠂ᠨᠠᠶ᠋ᠢᠷ ᠨᠠᠭᠠᠳᠤᠮ ᠂ ᠪᠡᠶ᠎ᠡ ᠲᠠᠮᠢᠷ ᠂ ᠰᠤᠷᠠᠭ ᠵᠠᠩᠬᠢ ᠂ ᠡᠷᠡᠭᠦᠯ ᠡᠩᠬᠡ ᠂ ᠬᠠᠤᠯᠢ ᠳᠦᠷᠢᠮ ᠂ ᠦᠭᠦᠯᠡᠯ ᠂ᠴᠠᠢ ᠶ᠋ᠢᠨ ᠵᠣᠭᠣᠭ ᠂ ᠰᠤᠷᠭᠠᠨ ᠬᠥᠮᠦᠵᠢᠯ ᠂ ᠨᠣᠮ ᠲᠠᠨᠢᠯᠴᠠᠭᠤᠯᠭ᠎ᠠ᠂ ᠪᠦᠰᠡᠭᠦᠢ ᠠᠮᠢᠳᠤᠷᠠᠯ ᠂ ᠤᠷᠤᠭ ᠤᠨ ᠴᠢᠮᠡᠭᠡ ᠂ ᠠᠵᠢᠯ ᠤᠨ ᠴᠢᠮᠡᠭᠡ ᠂ ᠱᠠᠰᠢᠨ ᠰᠤᠷᠲᠠᠬᠤᠨ ᠂ ᠲᠡᠦᠬᠡ ᠰᠤᠳᠤᠯᠤᠯ ᠂ ᠣᠨᠢᠰᠣᠭ᠎ᠠ ᠵᠡᠷᠭᠡ ᠲᠥᠷᠥᠯ ᠵᠦᠢᠯ ᠦᠳ ᠪᠠᠭᠲᠠᠳᠠᠭ
ᠬᠦᠯᠢᠶᠡᠨ ᠠᠪᠤᠭᠴᠢ ᠬᠡᠷᠡᠭᠯᠡᠭᠴᠢ ᠳ᠋ᠤ᠌ ᠨᠢᠭᠡᠨ ᠲᠣᠩ ᠰᠠᠶ᠋ᠢᠨ ᠲᠥᠷᠥᠭᠳᠡᠯ ᠦᠭᠭᠦᠳᠡᠭ᠃