- (
87217
ᠪᠠᠷᠭᠤᠴᠤᠳ ᠤᠨ ᠬᠤᠨᠢ ᠭᠠᠷᠭᠠᠬᠤ ᠶᠤᠰᠤᠨ
2018-08-23 09:03
177
0
ᠪᠠᠷᠭᠤᠴᠤᠳ ᠤᠨ ᠬᠤᠨᠢ ᠭᠠᠷᠭᠠᠬᠤ ᠶᠤᠰᠤᠨ
ᠨᠡᠶᠢᠲᠡᠯᠡᠭᠰᠡᠨ ᠴᠠᠭ᠄ 2017-11-01
ᠨᠢᠭᠡ᠂ ᠬᠤᠨᠢ ᠭᠠᠷᠭᠠᠬᠤ ᠠᠷᠭ᠎ᠠ
ᠬᠤᠨᠢ ᠭᠠᠷᠭᠠᠬᠤ ᠳᠤ ᠬᠤᠶᠡᠷ ᠬᠦᠮᠤᠨ ᠪᠠᠶᠢᠬᠤ ᠭᠡᠷᠡᠭᠳᠡᠢ᠃ ᠨᠢᠭᠡ ᠨᠢ ᠭᠠᠷᠭᠠᠬᠤ ᠬᠤᠨᠢᠨ ᠤ ᠠᠷᠤ ᠶᠢᠨ ᠬᠤᠶᠡᠷ ᠬᠦᠯ ᠢ ᠠᠮᠢ ᠲᠠᠰᠤᠷᠠᠳᠠᠯᠠ ᠨᠢ ᠴᠢᠩᠭ᠎ᠠ ᠲᠠᠳᠠᠬᠤ ᠭᠡᠷᠡᠭᠳᠡᠢ᠃ ᠤᠴᠢᠷ ᠨᠢ ᠬᠤᠶᠢᠳᠤ ᠬᠤᠶᠠᠷ ᠬᠦᠯ ᠢ ᠴᠢᠩᠭ᠎ᠠ ᠲᠠᠳᠠᠵᠤ ᠪᠠᠶᠢᠬᠤ ᠨᠢ ᠬᠤᠨᠢᠨ ᠤ ᠠᠷᠠᠰᠤ ᠶᠢ ᠦᠪᠴᠢᠬᠦ ᠳᠤ ᠲᠠᠰᠤᠷᠠᠵᠤ ᠡᠪᠳᠡᠷᠬᠦ ᠶᠢ ᠰᠠᠷᠭᠡᠶᠢᠯᠡᠵᠤ ᠪᠠᠶᠢᠭ᠎ᠠ ᠶᠤᠮ᠃ ᠨᠦᠬᠦᠭᠡ ᠨᠢ ᠭᠠᠷᠭᠠᠬᠤ ᠬᠤᠨᠢ ᠪᠠᠨ ᠦᠭᠡᠳᠡ ᠨᠢ ᠬᠠᠷᠠᠭᠤᠯᠵᠤ ᠭᠡᠪᠳᠡᠬᠦᠯᠦᠭᠰᠡᠨ ᠤ ᠲᠠᠷᠠᠭ᠎ᠠ ᠵᠡᠬᠦᠨ ᠭᠠᠷ ᠢᠶᠠᠷ ᠢᠶᠠᠨ ᠤᠷᠢᠳᠤ ᠬᠤᠶᠡᠷ ᠬᠦᠯ ᠢ ᠨᠢ ᠴᠢᠩᠭ᠎ᠠ ᠪᠠᠷᠢᠵᠤ ᠪᠠᠶᠢᠭᠠᠳ᠂ ᠪᠠᠷᠠᠭᠤᠨ ᠭᠠᠷ ᠵᠶ᠋ᠠᠷᠢᠶ᠋ᠠᠨ ᠬᠤᠨᠢᠨ ᠤ ᠠᠶᠤᠤᠯᠢᠬᠠᠢ ᠶᠢᠨ ᠡᠮᠤᠨᠡᠬᠢ ᠭᠡᠳᠡᠰᠤᠨ ᠤ ᠠᠷᠠᠰᠤ ᠶᠢ ᠴᠤᠭᠤᠯᠵᠤ᠂ ᠴᠤᠭᠤᠯᠬᠤ ᠳᠠᠭᠠᠨ ︽ᠦᠷᠤ ᠤᠭᠳᠤᠯᠤᠭ᠎ᠠ ᠦᠭᠡᠢ᠂ ᠡᠪᠡᠰᠤ ᠤᠭᠳᠤᠯᠵᠤ ᠪᠠᠶᠢᠨ᠎ᠠ︾ ᠭᠡᠳ ᠨᠢᠭᠡ ᠰᠢᠷᠭᠡᠭ ᠡᠪᠡᠰᠤ ᠲᠠᠯᠪᠢᠵᠤ ᠲᠤᠮᠨᠤᠳᠠᠬ ᠴᠤ ᠪᠤᠢ᠃ ᠴᠤᠭᠤᠯᠤᠭᠰᠠᠨ ᠨᠦᠭᠡ ᠪᠠᠷ ᠪᠠᠷᠠᠭᠤᠨ ᠭᠠᠷ ᠢᠶᠠᠨ ᠬᠦᠵᠡᠭᠡᠨ ᠤ ᠲᠡᠭᠡᠬᠦᠷ ᠦᠷᠥᠴᠡᠨ ᠤ ᠲᠤᠮᠳᠠᠭᠤᠷ ᠲᠤᠳᠤᠭᠰᠢ ᠶᠠᠪᠤᠭᠤᠯᠬᠤ ᠳᠤ ᠬᠦᠡᠳᠡᠯᠡᠨ ᠤᠯᠠᠭᠠᠨ ᠬᠤᠭᠤᠯᠠᠢ ᠭᠡᠵᠤ ᠪᠤᠢ᠂ ᠲᠡᠷᠡ ᠨᠢ ᠪᠢᠰᠢ᠃ ᠴᠠᠭᠠᠰᠢ ᠨᠢ ᠠᠷᠤ ᠨᠢᠷᠤᠭᠤᠨ ᠳᠤᠨᠢ ᠪᠠᠶᠢᠬᠤ ᠠᠮᠢᠨ ᠰᠤᠳᠠᠰᠤᠨ ᠳᠤ ᠭᠠᠷ ᠢᠶᠠᠨ ᠬᠦᠷᠭᠡᠵᠤ ᠭᠤᠤᠯ ᠢ ᠨᠢ ᠲᠠᠰᠤᠯᠤᠨ᠎ᠠ᠃ ᠢᠡᠭᠬᠢᠪᠡᠯ ᠬᠤᠨᠢᠨ ᠤ ᠠᠮᠢ ᠲᠠᠰᠤᠷᠠᠬᠤ ᠪᠤᠯᠤᠨ᠎ᠠ᠃ ᠭᠠᠷ ᠢᠶᠠᠨ ᠠᠪᠴᠤ ᠬᠤᠨᠢᠨ ᠤ ᠠᠮᠨ ᠬᠠᠮᠠᠷ ᠢ ᠪᠠᠷᠢᠪᠡᠯ ᠦᠬᠦᠬᠦ ᠨᠢ ᠠᠮᠠᠷᠬᠠᠨ ᠪᠠᠶᠢᠳᠠᠭ᠃
ᠬᠤᠶᠡᠷ᠂ ᠬᠤᠨᠢᠨ ᠤ ᠠᠷᠠᠰᠤ ᠶᠢ ᠬᠢᠷᠡᠬᠦ ᠪᠡ ᠦᠪᠴᠢᠬᠦ ᠠᠷᠭ᠎ᠠ
1.ᠬᠤᠷᠴᠠ ᠬᠢᠳᠤᠭ᠎ᠠ ᠪᠠᠷ ᠲᠦᠷᠪᠡᠨ ᠮᠥᠴᠢ ᠠᠴᠠ ᠨᠢ ᠡᠬᠢᠯᠡᠨ ᠠᠷᠠᠰᠤ ᠮᠢᠬ᠎ᠠ ᠬᠤᠶᠡᠷ ᠤᠨ ᠵᠠᠪᠰᠠᠷ ᠢᠶᠠᠷ ᠬᠢᠷᠢᠵᠤ ᠬᠤᠭᠤᠯᠠᠢ ᠶᠢ ᠨᠢ ᠲᠠᠭᠠᠭᠤᠯᠤᠨ ︵ᠬᠦᠵᠤᠬᠦᠨ ᠳᠤ ᠬᠤᠶᠡᠷ ᠪᠦᠳᠦᠬᠦᠨ ᠰᠤᠳᠠᠯ ᠪᠤᠢ᠂ ᠲᠠᠬᠦᠨ ᠳᠤ ᠬᠦᠷᠴᠤ ᠪᠤᠯᠬᠤ ᠦᠭᠡᠢ᠂ ᠬᠦᠷᠡᠭᠡᠨ ᠤ ᠴᠢᠰᠤ ᠭᠤᠭᠤᠵᠢᠬᠤ ᠪᠤᠯᠤᠨ᠎ᠠ︶ ᠡᠪᠴᠢᠬᠦᠨ ᠤ ᠬᠤᠶᠠᠷ ᠲᠠᠯ᠎ᠠ ᠪᠠᠷ᠂ ᠭᠡᠳᠡᠰᠤᠨ ᠲᠤᠮᠳᠠᠭᠤᠷ ᠲᠠᠭᠠᠭᠤᠯᠤᠨ ᠠᠷᠤ ᠰᠠᠬᠦᠯ ᠬᠦᠷᠳᠡᠯ᠎ᠠ ᠬᠢᠷᠢᠨ᠎ᠠ᠃ ᠬᠤᠨᠢᠨ ᠤ ᠰᠠᠬᠦᠯ ᠤᠨ ᠠᠯᠭᠠᠨᠠᠭ ᠢ ᠲᠤᠭᠤᠷᠢᠭᠤᠯᠵᠤ ᠭᠢᠷᠢᠨ᠎ᠡ᠃ ︽ᠠᠯᠠᠪᠡᠯ ᠠᠯᠠ᠂ ᠠᠯᠭᠠᠨᠠᠭ ᠢ ᠮᠢᠨᠢ ᠶᠡᠭᠡ ᠦᠯᠡᠳᠡᠭᠡ︾ ᠭᠡᠰᠡᠨ ᠦᠭᠡ ᠪᠤᠢ᠃ 2. ᠬᠢᠷᠢᠵᠤ ᠲᠠᠭᠤᠰᠤᠭᠰᠠᠨ ᠤ ᠲᠠᠷᠠᠭ᠎ᠠ ᠦᠪᠴᠢᠬᠦ ᠪᠤᠯᠤᠨ᠎ᠠ᠃ ᠬᠢᠳᠤᠭ᠎ᠠ ᠲᠡᠮᠡᠢ ᠭᠡᠷᠡᠭᠯᠡᠵᠤ ᠪᠤᠯᠬᠤ ᠦᠭᠡᠢ᠃ ᠭᠤᠤᠯᠳᠠᠭᠤ ᠭᠠᠷ ᠤᠨ ᠬᠢᠮᠤᠰᠤ᠂ ᠨᠢᠳᠤᠷᠭ᠎ᠠ ᠪᠠᠷ ᠱᠤᠲᠤᠷᠴᠤ ᠦᠪᠴᠢᠨᠠ᠃ ᠢᠡᠭᠬᠢᠪᠡᠯ ᠠᠷᠠᠰᠤ ᠮᠢᠬ᠎ᠠ ᠬᠤᠶᠡᠷ ᠴᠡᠪᠡᠷᠭᠡᠨ ᠰᠠᠯᠬᠤ ᠪᠤᠯᠤᠨ᠎ᠠ᠃ ᠮᠢᠬᠠᠨ ᠳᠤᠨᠢ ᠠᠷᠠᠰᠤᠨ ᠤ ᠬᠠᠯᠢᠰᠤ᠂ ᠠᠷᠠᠰᠤᠨ ᠳᠤᠨᠢ ᠮᠢᠬ᠎ᠠ ᠦᠯᠡᠳᠡᠭᠡᠵᠤ ᠪᠤᠯᠬᠤ ᠦᠭᠡᠢ᠃
ᠭᠤᠷᠪᠡ᠂ ᠭᠡᠳᠡᠰᠤ ᠲᠤᠳᠤᠷ ᠢ ᠠᠪᠬᠤ ᠠᠷᠭ᠎ᠠ
1.ᠤᠷᠢᠳᠤ ᠪᠠᠷ ᠡᠪᠴᠢᠬᠦᠨ ᠤ ᠬᠠᠵᠠᠭᠤ ᠲᠠᠯ᠎ᠠ ᠶᠢᠨ ᠬᠠᠪᠢᠷᠭ᠎ᠠ ᠶᠢ ᠬᠠᠳᠤᠵᠤ᠂ ᠭᠡᠳᠡᠰᠤ ᠬᠦᠵᠡᠭᠡ ᠶᠢ ᠲᠤᠭᠤᠷᠢᠭᠤᠯᠤᠨ ᠬᠠᠭᠠᠯᠵᠤ ᠲᠤᠳᠤᠷ ᠢ ᠨᠢ ᠭᠠᠷᠭᠠᠨ᠎ᠠ᠃ ᠶᠠᠭᠤᠨ ᠤ ᠡᠮᠤᠨ᠎ᠠ ᠬᠦᠵᠡᠭᠡᠨ ᠲᠡᠭᠡᠷ᠎ᠠ ᠨᠠᠭᠠᠳᠤᠯᠵᠤ ᠪᠠᠶᠢᠭ᠎ᠠ ᠲᠠᠯᠢᠬᠦᠤ ᠶᠢ ᠠᠪᠴᠤ ᠠᠷᠠᠰᠤᠨ ᠲᠡᠭᠡᠷ᠎ᠠ ᠬᠦᠴᠦᠳᠡᠢ ᠰᠠᠪᠠᠨᠠ᠃ ᠲᠠᠯᠢᠬᠦᠤ ᠶᠢ ᠢᠳᠡᠳᠡᠭ ᠦᠭᠡᠢ ᠪᠦᠭᠡᠳ ᠬᠤᠨᠢᠨ ᠤ ᠠᠷᠭ᠎ᠠ ᠬᠢᠬᠦ ᠪᠤᠶᠤ ᠤᠶᠤᠳᠠᠯ ᠤᠨ ᠴᠡᠷᠢᠬ ᠨᠠᠭᠠᠬᠤ ᠳᠤ ᠭᠡᠷᠡᠭᠯᠡᠳᠡᠭ᠃ ᠬᠤᠨᠢᠨ ᠤ ᠬᠦᠵᠡᠭᠡᠨ ᠳᠤ ᠤᠯᠠᠭᠠᠨ ᠬᠤᠭᠤᠯᠠᠢ ᠵᠠᠯᠭᠠᠵᠤ ᠪᠠᠶᠢᠭ᠎ᠠ ᠲᠤᠯᠠ ᠤᠯᠠᠭᠠᠨ ᠬᠤᠭᠤᠯᠠᠢ ᠶᠢ ᠲᠠᠳᠠᠵᠤ ᠬᠦᠵᠡᠭᠡᠨ ᠳᠤᠨᠢ ᠭᠤᠷᠪᠡᠨ ᠬᠤᠷᠤᠭᠤ ᠦᠯᠡᠳᠡᠭᠡᠵᠤ ᠤᠭᠳᠤᠯᠤᠨᠠ᠃ ᠲᠠᠬᠢᠨ ᠬᠦᠵᠡᠭᠡᠨ ᠳᠤᠨᠢ ᠬᠤᠨᠢᠨ ᠤ ᠬᠤᠳᠤᠭᠤᠳᠤ ᠨᠢ ᠵᠠᠯᠭᠠᠵᠤ ᠪᠠᠶᠢᠭ᠎ᠠ ᠪᠤᠯᠬᠤᠷ ᠲᠠᠬᠦᠨ ᠢ ᠤᠭᠳᠤᠯᠵᠤ ᠬᠦᠵᠡᠭᠡ ᠪᠠᠨ ᠰᠠᠯᠭᠠᠵᠤ ᠭᠠᠷᠭᠠᠨ᠎ᠠ᠃
2.2. ᠬᠤᠨᠢᠨ ᠤ ᠲᠤᠳᠤᠷ ᠭᠡᠳᠡᠰᠤ ᠶᠢ ᠪᠦᠬᠦᠳᠡ ᠶᠢ ᠨᠢ ᠭᠠᠷᠭᠠᠬᠤ ᠶᠢᠨ ᠬᠠᠮᠳᠤ᠂ ᠭᠡᠳᠡᠰᠤᠨ ᠳᠤ ᠵᠠᠯᠭᠠᠵᠤ ᠪᠠᠶᠢᠭ᠎ᠠ ᠪᠦᠳᠦᠬᠦᠨ ᠭᠡᠳᠡᠰᠤ ︵ᠦᠭᠡᠷ᠎ᠠ ᠪᠠᠷ ᠭᠡᠯᠡᠪᠡᠯ ᠴᠠᠭᠠᠨ ᠮᠢᠬ᠎ᠠ ᠶᠢ ᠤᠷᠳᠤ ᠰᠢᠬ ᠤᠭᠳᠤᠯᠵᠤ ᠦᠯᠡᠳᠡᠭᠡᠨ᠎ᠠ︶ ᠶᠢ ᠰᠠᠯᠭᠠᠨ᠎ᠠ᠃ ᠡᠨᠡ ᠨᠢ ᠠᠭᠠᠷᠴᠠᠭ ᠤᠨ ᠬᠦᠡᠳᠡᠢ ᠲᠠᠢ ᠵᠠᠯᠭᠠᠵᠤ ᠪᠠᠶᠢᠳᠠᠭ ᠪᠥᠳᠥᠬᠦᠨ ᠭᠡᠳᠡᠰᠤ ᠪᠤᠯᠤᠨ᠎ᠠ᠃ ᠴᠠᠭᠠᠨ ᠮᠢᠬ᠎ᠠ ᠶᠢ ᠭᠡᠳᠤᠢ ᠤᠷᠳᠤ ᠦᠯᠡᠳᠡᠭᠡᠪᠡᠯ᠂ ᠭᠡᠤᠭᠡᠨ ᠢᠶᠠᠨ ᠲᠠᠳᠤᠢ ᠬᠤᠯᠠ ᠮᠤᠷᠳᠠᠭᠤᠯᠤᠨ᠎ᠠ ᠭᠡᠯᠴᠡᠳᠡᠭ᠃
3. ᠡᠯᠢᠭᠡ ᠪᠥᠭᠡᠷ᠎ᠠ ᠠᠪᠬᠤ ᠶᠢᠨ ᠡᠮᠤᠨ᠎ᠠ᠂ ᠡᠯᠢᠭᠡ ᠪᠤᠯᠤᠨ ᠦᠷᠥᠴᠡ ᠶᠢ ᠲᠤᠭᠤᠷᠢᠭᠤᠯᠤᠨ ᠵᠦᠰᠥᠵᠤ ᠡᠯᠢᠭᠡ ᠪᠥᠭᠡᠷ᠎ᠠ ᠪᠠᠨ ᠠᠪᠤᠨ᠎ᠠ᠃ ᠡᠯᠢᠭᠡᠨ ᠤ ᠲᠡᠭᠡᠷ᠎ᠠ ᠨᠠᠭᠠᠳᠤᠯᠵᠤ ᠪᠠᠶᠢᠬᠤ ᠰᠥᠰᠤ ᠶᠢ ᠬᠠᠭᠠᠯᠬᠤ ᠦᠭᠡᠢ ᠪᠠᠷ ᠠᠪᠴᠤ ᠬᠠᠶᠠᠨ᠎ᠠ᠃
4.ᠠᠭᠤᠰᠬᠢ ᠵᠢᠷᠤᠭᠡ ᠠᠴᠠ ᠤᠯᠠᠭᠠᠨ ᠬᠤᠭᠤᠯᠠᠢ᠂ ᠮᠦᠭᠡᠷᠰᠤᠨ ᠬᠤᠭᠤᠯᠠᠢ ᠶᠢ ᠤᠭᠳᠤᠯᠵᠤ ᠠᠪᠤᠨ᠎ᠠ᠃ ᠪᠢᠳᠡᠬᠦᠤ ᠵᠢᠷᠤᠭᠡ ᠶᠢ ᠨᠢ ᠬᠠᠭᠠᠯᠵᠤ ᠴᠢᠰᠤ ᠶᠢ ᠨᠢ ᠰᠢᠪᠬᠠᠨ᠎ᠠ᠃
5.ᠬᠤᠨᠢᠨ ᠤ ᠴᠢᠰᠤ ᠦᠯᠡᠳᠡᠬᠦ ᠳᠤ ᠴᠢᠰᠤᠨ ᠲᠤᠳᠤᠷ᠎ᠠ ᠨᠢ ᠭᠠᠷ ᠢᠶᠠᠷ ᠢᠶᠠᠨ ᠰᠠᠶᠢᠨ ᠪᠠᠵᠠᠯᠠᠵᠤ ᠰᠢᠩᠭᠡᠨ ᠪᠤᠯᠭᠠᠨ ᠰᠠᠪᠡᠨ ᠳᠤ ᠠᠭᠤᠳᠠᠯᠤᠨ᠎ᠠ᠃ 6. ᠬᠠᠮᠤᠭ ᠤᠨ ᠰᠠᠬᠦᠯ ᠳᠤ ᠬᠤᠨᠢᠨ ᠤ ᠴᠠᠭᠠᠨ ᠮᠢᠬ᠎ᠠ ᠶᠢ ᠮᠠᠯᠳᠠᠵᠤ ᠠᠪᠤᠨ᠎ᠠ᠃ ᠡᠷ᠎ᠠ ᠬᠤᠨᠢ ᠪᠤᠯ ᠴᠢᠪᠢ ᠶᠢ ᠨᠢ ᠠᠪᠴᠤ ᠬᠠᠶᠠᠨ᠎ᠠ᠃ ᠲᠠᠪᠤᠰᠠᠩ ᠢ ᠬᠠᠭᠠᠯᠵᠤ ᠪᠤᠯᠬᠤ ᠦᠭᠡᠢ᠃ ᠲᠠᠪᠤᠰᠠᠩ ᠢ ᠨᠢ ᠬᠠᠭᠠᠯᠪᠡᠯ ᠮᠢᠬᠠᠨ ᠳᠤᠨᠢ ᠰᠢᠭᠡᠰᠤᠨ ᠤ ᠮᠠᠭᠤᠬᠠᠢ ᠠᠮᠳᠠ ᠤᠷᠤᠨ᠎ᠠ᠃ ᠲᠦᠷᠪᠡ᠂ ᠬᠤᠨᠢᠨ ᠤ ᠮᠢᠬ᠎ᠠ ᠡᠪᠳᠡᠬᠦ ᠠᠷᠭ᠎ᠠ
ᠡᠪᠳᠡᠭᠰᠡᠨ ᠮᠢᠬ᠎ᠠ ᠪᠠᠨ ᠱᠡᠭᠡᠵᠡᠭᠡᠢ ᠳᠤ ᠲᠠᠯᠪᠢᠬᠤ ᠪᠤᠶᠤ ᠰᠢᠩᠭᠡᠯᠢᠭ ᠤᠨ ᠬᠠᠵᠠᠭᠤ ᠬᠠᠪᠳᠠᠰᠤᠨ ᠲᠡᠭᠡᠷ᠎ᠠ ᠲᠠᠯᠭᠡᠵᠤ ᠲᠠᠯᠪᠢᠬᠤ᠂ ᠮᠥᠨ ᠬᠠᠨ᠎ᠠ ᠶᠢᠨ ᠲᠤᠯᠤᠭᠠᠢ ᠳᠤ ᠡᠯᠬᠦᠵᠤ ᠮᠢᠬ᠎ᠠ ᠶᠢ ᠨᠢ ᠵᠠᠭᠰᠠᠭᠠᠨᠠ᠃
1.ᠬᠠᠮᠤᠭ ᠤᠨ ᠲᠡᠷᠢᠬᠦᠨ ᠳᠤ ᠬᠤᠶᠡᠷ ᠭᠤᠶ᠎ᠠ ᠶᠢᠨ ᠬᠤᠶᠡᠷ ᠲᠠᠯ᠎ᠠ ᠶᠢᠨ ᠮᠢᠬ᠎ᠠ ᠶᠢ ᠰᠠᠶᠢᠯᠵᠤ᠂ ᠰᠡᠬᠦᠵᠢ ᠰᠢᠩᠬᠢᠨᠡᠬᠦᠷ ᠤᠨ ᠵᠠᠭᠠᠳᠠᠰᠤ ᠶᠢ ᠬᠢᠳᠤᠭᠠᠨ ᠤ ᠦᠵᠤᠬᠦᠷ ᠢᠶᠠᠷ ᠮᠠᠯᠳᠠᠨ ᠰᠠᠯᠭᠠᠵᠤ᠂ ᠲᠠᠬᠢᠨ ᠬᠤᠶᠡᠷ ᠭᠤᠶ᠎ᠠ ᠶᠢᠨ ᠲᠤᠮᠳᠠᠬᠢ ᠰᠠᠯᠳᠠᠭᠠᠨ ᠤ ᠦᠶ᠎ᠠ ᠶᠢ ᠰᠠᠯᠭᠠᠵᠤ᠂ ᠬᠤᠶᠡᠷ ᠭᠤᠶ᠎ᠠ ᠪᠠᠨ ᠠᠪᠤᠨ᠎ᠠ᠃
2. ᠡᠪᠴᠢᠬᠦᠤ ᠶᠢ ᠴᠤᠷᠤᠢ ᠲᠠᠢ ᠨᠢ ᠰᠠᠯᠭᠠᠵᠤ ᠠᠪᠤᠨ᠎ᠠ᠃
3. ᠬᠤᠨᠢᠨ ᠤ ᠤᠭᠤᠴᠠ ᠰᠠᠯᠭᠠᠬᠤ ᠳᠠᠭᠠᠨ ᠤᠭᠤᠴᠠᠨ ᠤ ᠬᠤᠶᠡᠷ ᠲᠠᠯ᠎ᠠ ᠶᠢᠨ ᠰᠥᠪᠡᠭᠡᠨ ᠤ ᠭᠤᠷᠪᠡᠨ ᠬᠠᠪᠢᠷᠭ᠎ᠠ ᠶᠢ ᠲᠤᠰ ᠲᠤᠰ ᠬᠠᠳᠤᠵᠤ ᠤᠭᠤᠴᠠ ᠨᠢᠷᠤᠭᠤᠨ ᠤ ᠦᠶᠠᠪᠠᠷ ᠰᠠᠯᠭᠠᠨ᠎ᠠ᠃ ᠤᠭᠤᠴᠠᠨ ᠤ ᠠᠷᠤ ᠰᠡᠬᠦᠯ ᠳᠠᠬᠢ ᠬᠤᠨᠢᠨ ᠤ ᠤᠷᠤᠭ ᠰᠠᠬᠦᠯ ᠤᠨ ᠠᠷᠡᠰᠤᠶᠢ ᠤᠭᠳᠤᠯᠵᠤ ᠤᠭᠤᠴᠠᠨ ᠳᠠᠭᠠᠨ ᠦᠯᠡᠳᠡᠭᠡᠨ᠎ᠠ᠃
4. ᠴᠡᠭᠡᠵᠢᠨ ᠪᠡᠶ᠎ᠠ ᠶᠢᠨ ᠬᠤᠶᠡᠷ ᠬᠠ ᠶᠢᠨ ᠬᠤᠶᠡᠷ ᠲᠠᠯ᠎ᠠ ᠶᠢᠨ ᠬᠠᠪᠢᠷᠭ᠎ᠠ ᠶᠢ ᠨᠢᠭᠡ ᠨᠢᠭᠡ ᠪᠠᠷ ᠬᠠᠳᠤᠵᠤ ᠠᠪᠤᠨ᠎ᠠ᠃
5. ᠲᠤᠯᠤᠭᠠᠢ᠂ ᠠᠮᠠᠨ ᠬᠦᠵᠤᠬᠦᠤ ᠬᠤᠶᠡᠷ ᠢ ᠤᠭᠳᠤᠯᠵᠤ ᠠᠪᠤᠨ᠎ᠠ᠃
6. ᠲᠤᠯᠤᠭᠠᠢ᠂ ᠡᠷᠡᠤ ᠬᠤᠶᠡᠷ ᠤᠨ ᠵᠠᠭᠠᠳᠠᠰᠤ ᠶᠢ ᠰᠠᠯᠭᠠᠨ᠎ᠠ᠃ ᠡᠷᠡᠤ ᠶᠢᠨ ᠠᠯᠳᠠᠨ ᠰᠢᠨ᠎ᠠ ᠶᠢ ᠬᠤᠭᠤᠯᠵᠤ ᠪᠤᠯᠬᠤ ᠦᠭᠡᠢ᠂ ᠡᠪᠳᠡᠢ ᠠᠶᠠᠳᠠᠢ ᠰᠠᠯᠭᠠᠨ᠎ᠠ᠃
7. ᠬᠦᠵᠤᠬᠦᠤ ᠰᠡᠭᠡᠷ ᠬᠤᠶᠡᠷ ᠤᠨ ᠲᠤᠮᠳᠠᠭᠤᠷ ᠰᠠᠯᠭᠠᠨ᠎ᠠ᠃
ᠬᠠᠮᠤᠭ ᠤᠨ ᠰᠠᠬᠦᠯ ᠳᠤ ᠬᠤᠨᠢᠨ ᠤ ᠠᠷᠠᠰᠤᠨ ᠲᠡᠭᠡᠷᠡᠬᠢ ᠴᠢᠰᠤ ᠶᠢ ᠭᠠᠷᠭᠠᠭᠰᠠᠨ ᠬᠢᠳᠤᠭ᠎ᠠ ᠪᠠᠷ ᠢᠶᠠᠨ ᠬᠤᠰᠤᠭᠠᠳ᠂ ᠠᠷᠠᠰᠤ ᠪᠠᠨ ᠲᠠᠳᠠᠵᠤ ᠲᠡᠭᠰᠢ ᠭᠠᠵᠠᠷ ᠲᠤ ᠲᠠᠨᠢᠢᠯᠭᠡᠵᠤ ᠲᠠᠯᠪᠢᠨ᠎ᠠ᠃
ᠲᠠᠪᠤ᠂ ᠲᠤᠷᠤᠭ ᠮᠢᠬ᠎ᠠ
ᠬᠤᠶᠡᠷ ᠭᠤᠶ᠎ᠠ ᠶᠢᠨ ᠮᠢᠬ᠎ᠠ᠂ ᠬᠤᠶᠡᠷ ᠠᠳᠬᠤᠭᠠᠯ ᠤᠨ ᠮᠢᠬ᠎ᠠ᠂ ᠤᠭᠤᠴᠠᠨ ᠤ ᠭᠤᠤᠯ ᠮᠢᠬ᠎ᠠ᠂ ᠤᠭᠤᠴᠠ ᠨᠢᠷᠤᠭᠤᠨ ᠤ ᠬᠤᠶᠡᠷ ᠲᠠᠯ᠎ᠠ ᠶᠢᠨ ᠬᠠᠶᠢᠳᠠᠰᠤ᠂ ᠬᠦᠵᠤᠬᠦᠤ ᠰᠡᠭᠡᠷ ᠤᠨ ᠮᠢᠬ᠎ᠠ ᠵᠡᠷᠭᠡ ᠲᠠᠪᠤᠨ ᠵᠦᠢᠯ ᠤᠨ ᠶᠠᠰᠤ ᠦᠭᠡᠢ ᠮᠢᠬ᠎ᠠ ᠪᠤᠢ᠃
ᠵᠢᠷᠭᠤᠭ᠎ᠠ᠂ ᠦᠶ᠎ᠠ ᠪᠠᠷ ᠰᠠᠯᠭᠠᠭᠰᠠᠨ ᠬᠤᠨᠢᠨ ᠤ ᠶᠠᠰᠤ
ᠡᠮᠤᠨ᠎ᠠ ᠬᠤᠶᠡᠷ ᠬᠦᠯ — ᠬᠤᠶᠡᠷ ᠬᠠ᠂ ᠬᠤᠶᠡᠷ ᠲᠠᠯᠤ᠂ ᠬᠤᠶᠠᠷ ᠠᠳᠬᠤᠭᠠᠯ᠂ ᠬᠤᠶᠡᠷ ᠬᠠᠷᠢᠳᠤ ᠪᠤᠢ᠃
ᠬᠤᠶᠢᠳᠤ ᠬᠤᠶᠡᠷ ᠬᠦᠯ — ᠬᠤᠶᠡᠷ ᠭᠤᠶ᠎ᠠ᠂ ᠱᠠᠭᠠᠡᠳᠤ ᠬᠤᠶᠡᠷ᠂ ᠭᠤᠶ᠎ᠠ ᠬᠤᠶᠡᠷ᠂ ᠰᠠᠬᠦᠵᠢ ᠬᠤᠶᠡᠷ᠃ ᠡᠳᠡᠭᠡᠷ ᠨᠢ ᠬᠤᠨᠢᠨ ᠤ ᠠᠷᠪᠡᠨ ᠬᠤᠶᠡᠷ ᠮᠦᠴᠢ ᠪᠤᠯᠤᠨ᠎ᠠ᠃
ᠬᠠᠪᠢᠷᠭ᠎ᠠ ᠳᠤ ᠲᠦᠷᠪᠡᠨ ᠦᠡᠳᠤᠷ᠂ ᠵᠢᠷᠭᠤᠭᠠᠨ ᠪᠤᠭᠤᠨᠢ ᠬᠠᠪᠢᠷᠭ᠎ᠠ ᠲᠠᠢ᠃ ᠬᠤᠶᠡᠷ ᠲᠠᠯ᠎ᠠ ᠶᠢᠨ ᠬᠤᠷᠢᠨ ᠬᠠᠪᠢᠷᠭ᠎ᠠ ᠲᠡᠭᠡᠷ᠎ᠠ᠂ ᠰᠥᠪᠡᠭᠡᠨ ᠤ ᠬᠤᠶᠠᠷ ᠲᠠᠯ᠎ᠠ ᠶᠢᠨ ᠵᠢᠷᠭᠤᠭᠠᠨ ᠬᠠᠪᠢᠷᠭ᠎ᠠ ᠶᠢ ᠨᠡᠮᠡᠪᠡᠯ ᠪᠦᠬᠦᠳᠡ ᠬᠤᠷᠢᠨ ᠵᠢᠷᠭᠤᠭᠠᠨ ᠬᠠᠪᠢᠷᠭ᠎ᠠ ᠪᠤᠯᠤᠨ᠎ᠠ᠃
ᠰᠡᠭᠡᠷ ᠠᠷᠪᠡᠨ ᠭᠤᠷᠪᠡ᠂ ᠡᠬᠦᠨ ᠳᠤ ᠤᠷᠳᠤ ᠰᠡᠭᠡᠷ ᠵᠢᠷᠭᠤᠭ᠎ᠠ ᠪᠤᠢ᠃
ᠬᠦᠵᠦᠬᠦᠤ ᠵᠢᠷᠭᠤᠭ᠎ᠠ᠂ ᠡᠬᠦᠨ ᠳᠤ ᠲᠤᠯᠤᠭᠠᠢ ᠲᠠᠯ᠎ᠠ ᠶᠢᠨ ᠠᠮᠠᠨ ᠬᠦᠵᠤᠬᠦᠤ ᠨᠢᠭᠡ ᠪᠤᠢ᠃
ᠡᠪᠴᠢᠬᠦᠤ ᠨᠢᠭᠡ᠂ ᠲᠠᠬᠦᠨ ᠤ ᠬᠤᠷᠤᠭᠤ ᠠᠷᠪᠡᠨ ᠬᠤᠶᠡᠷ᠂ ᠬᠤᠶᠡᠷ ᠲᠠᠯ᠎ᠠ ᠶᠢ ᠨᠠᠶᠢᠯᠡᠬᠦᠯᠪᠡᠯ ᠬᠤᠷᠢᠨ ᠲᠦᠷᠪᠡ ᠪᠤᠯᠤᠨ᠎ᠠ᠃
ᠲᠤᠯᠤᠭᠠᠢ ᠨᠢᠭᠡ᠂ ᠲᠤᠯᠤᠭᠠᠢ ᠶᠢᠨ ᠠᠷᠠᠭ᠎ᠠ ᠰᠢᠳᠤ ᠠᠷᠪᠡᠨ ᠨᠠᠢᠮᠡ᠂ ᠡᠷᠡᠤ ᠬᠤᠶᠠᠷ᠂ ᠡᠷᠡᠤ ᠶᠢᠨ ᠠᠷᠠᠭ᠎ᠠ ᠠᠷᠪᠡᠨ ᠨᠠᠢᠮᠠ᠂ ᠡᠷᠡᠤ ᠶᠢᠨ ᠡᠮᠤᠨ᠎ᠠ ᠰᠢᠳᠤ ᠨᠠᠢᠮᠠ ᠪᠤᠢ᠃
ᠬᠤᠨᠢᠨ ᠤ ᠲᠤᠯᠤᠭᠠᠢ ᠳᠤ ᠬᠤᠶᠡᠷ ᠴᠢᠬᠢ ︵ᠰᠤᠨᠤᠰᠬᠤ ᠡᠷᠭᠡᠳᠡᠨ︶᠂ ᠬᠤᠶᠠᠷ ᠨᠢᠳᠤ ︵ᠬᠠᠷᠠᠬᠤ ᠡᠷᠭᠡᠳᠡᠨ︶᠂ ᠨᠢᠭᠡ ᠬᠠᠮᠠᠷ ︵ᠦᠨᠤᠷᠯᠡᠬᠦ ᠡᠷᠭᠡᠳᠡᠨ︶᠂ ᠨᠢᠭᠡ ᠭᠡᠯᠡ ︵ᠠᠮᠳᠠᠯᠠᠬᠤ ᠡᠷᠭᠡᠳᠡᠨ︶᠂ ᠤᠯᠠᠭᠠᠨ ᠬᠤᠭᠤᠯᠠᠢ ︵ᠢᠳᠡᠰᠢ ᠲᠠᠮᠵᠢᠭᠤᠯᠬᠤ ᠡᠷᠭᠡᠳᠡᠨ︶᠂ᠮᠦᠭᠡᠷᠰᠤᠨ ᠬᠤᠭᠤᠯᠠᠢ ᠪᠡ ᠠᠭᠤᠰᠬᠢ ︵ᠠᠮᠢᠰᠬᠤᠯᠯᠠᠬᠤ ᠡᠷᠬᠡᠲᠡᠨ︶᠂ ᠰᠢᠳᠤ ︵ ᠵᠠᠵᠢᠯᠵᠤ ᠲᠠᠰᠤᠯᠬᠤ ᠡᠷᠭᠡᠳᠡᠨ︶᠂ ᠲᠥᠪᠤᠩᠬᠢ ︵ᠲᠠᠭᠤᠨ ᠤ ᠡᠷᠭᠡᠳᠡᠨ︶᠂ ᠡᠯᠢᠭᠡ᠂ ᠪᠦᠭᠡᠷ᠎ᠠ᠂ ᠵᠢᠷᠤᠭᠡ ᠪᠤᠢ᠃ ᠲᠦᠷᠪᠡᠨ ᠬᠦᠯ ᠳᠤ ᠰᠢᠯᠪᠢ ᠲᠦᠷᠪᠡ᠂ ᠱᠠᠭ᠎ᠠ ᠬᠤᠶᠡᠷ᠂ ᠲᠦᠢᠨ ᠬᠤᠶᠡᠷ᠂ ᠪᠤᠷᠪᠢ ᠶᠢᠨ ᠦᠶ᠎ᠠ ᠬᠤᠶᠡᠷ᠂ ᠪᠤᠷᠪᠢ ᠬᠤᠶᠡᠷ᠂ ᠲᠤᠭᠤᠷᠠᠢ ᠨᠠᠢᠮᠡ᠂ ᠲᠤᠭᠤᠷᠠᠢ ᠪᠤᠯᠤᠨ ᠰᠢᠯᠪᠢ ᠶᠢᠨ ᠬᠤᠭᠤᠷᠤᠡᠳᠤ ᠭᠤᠴᠢᠨ ᠬᠤᠶᠡᠷ ᠦᠶ᠎ᠠ ᠶᠠᠰᠤ ᠪᠤᠢ᠃ ᠲᠠᠪᠤᠰᠠᠩ ︵ᠰᠢᠭᠡᠰᠤ ᠬᠤᠷᠠᠬᠤ ᠡᠷᠭᠡᠳᠡᠨ︶᠂ ᠭᠠᠳᠠᠷ ᠪᠦᠭᠡᠷ᠎ᠠ ︵ᠬᠦᠡᠭᠭᠡᠯᠡᠳᠡᠰᠤ︶ ᠬᠤᠶᠡᠷ᠂ ᠲᠠᠯᠡᠩ ︵ ᠡᠮ᠎ᠠ ᠬᠤᠨᠢᠨ ᠳᠤ︶᠂ ᠬᠦᠬᠦᠨ ᠤ ᠲᠤᠪᠴᠢ ᠲᠥᠷᠪᠡ᠂ ᠴᠠᠪᠢ ᠠᠯᠭᠠᠨᠠᠭ ︵ᠬᠤᠶᠡᠷ ᠭᠤᠶ᠎ᠠ ᠶᠢᠨ ᠬᠤᠭᠤᠷᠤᠡᠳᠤ︶ ᠵᠡᠷᠭᠡ ᠪᠤᠢ᠃
ᠬᠤᠶᠠᠷ ᠴᠠᠪᠢ ᠶᠢᠨ ᠲᠤᠮᠳᠠ ᠡᠷ᠎ᠠ ᠪᠡᠯᠭᠡ ︵ᠬᠤᠴᠠ ᠪᠦᠭᠡᠷ᠎ᠠ ᠬᠦᠡᠭᠭᠡᠯᠡᠳᠡᠰᠤ ᠲᠠᠢ︶᠂ ᠬᠤᠰᠬᠢᠨᠠᠭ ᠤᠨ ᠨᠦᠭᠡ᠂ ᠲᠤᠤᠷ᠎ᠠ ᠲᠠᠯ᠎ᠠ ᠳᠤᠨᠢ ᠡᠮ᠎ᠠ ᠪᠡᠯᠭᠡ ᠵᠠᠷᠭᠡ ᠪᠤᠢ᠃
ᠡᠬᠦᠨ ᠠᠴᠠ ᠭᠠᠳᠠᠨ᠎ᠠ ᠤᠬᠢᠯᠠᠩᠬᠠᠢ᠂ ᠰᠢᠷᠪᠤᠰᠤ᠂ ᠨᠦᠢᠷ᠂ ᠪᠤᠯᠴᠢᠷᠬᠠᠢ ︵ᠭᠤᠶ᠎ᠠ ᠶᠢᠨ ᠴᠢᠮᠦᠭᠡᠨ ᠤ ᠲᠤᠮᠳᠠᠬᠢ ᠮᠢᠬᠠᠨ ᠤ ᠪᠤᠯᠴᠢᠷᠬᠠᠢ᠂ ᠬᠠ ᠶᠢᠨ ᠪᠤᠯᠴᠢᠷᠬᠠᠢ᠂ ᠲᠦᠪᠤᠩᠬᠢ ᠶᠢᠨ ᠪᠤᠯᠴᠢᠷᠬᠠᠢ᠂ ᠡᠷᠡᠤ ᠶᠢᠨ ᠪᠤᠯᠴᠢᠷᠬᠠᠢ︶᠂ ᠮᠦᠭᠡᠷᠰᠤ᠂ ᠮᠦᠭᠡᠷᠰᠤᠨ ᠬᠤᠭᠤᠯᠠᠢ᠂ ᠲᠠᠯᠢᠬᠦᠤ ᠵᠡᠷᠭᠡ ᠪᠤᠢ᠃
ᠲᠤᠯᠤᠭ᠎ᠠ ᠭᠡᠳᠡᠰᠤ ᠲᠤᠳᠤᠷ ᠠᠷᠴᠢᠬᠤ ᠠᠷᠭ᠎ᠠ
ᠬᠦᠵᠡᠭᠡᠨ ᠤ ᠪᠠᠭᠠᠰᠤ ᠶᠢ ᠬᠠᠶᠠᠭᠠᠳ ᠬᠦᠵᠡᠭᠡ ᠪᠠᠨ ᠴᠡᠪᠡᠷᠭᠡᠨ ᠤᠬᠢᠶᠠᠵᠤ᠂ ᠲᠠᠷᠠᠭ᠎ᠠ ᠨᠢ ᠬᠠᠯᠠᠭᠤᠨ ᠤᠰᠤᠨ ᠳᠤ ᠬᠢᠵᠤ ᠦᠰᠤ ᠶᠢ ᠨᠢ ᠵᠤᠮᠠᠯᠠᠨᠠ᠃ ᠭᠡᠷᠭᠡᠨᠭᠳᠡᠢ ᠶᠢᠨ ᠪᠠᠭᠠᠰᠤ ᠶᠢ ᠴᠡᠪᠡᠷᠯᠡᠵᠤ᠂ ᠨᠠᠷᠢᠨ ᠵᠦᠰᠦᠨ᠎ᠠ᠃ ᠰᠠᠷᠬᠢᠨᠠᠭ ᠤᠨ ᠬᠤᠨᠢᠶᠠᠰᠤ ︵ᠵᠢᠷᠠᠨ ᠬᠤᠨᠢᠶᠠᠰᠤ︶ ᠪᠦᠬᠦᠨ ᠤ ᠪᠠᠭᠠᠰᠤ ᠶᠢ ᠴᠡᠪᠡᠷᠯᠡᠵᠤ ᠠᠪᠤᠨ᠎ᠠ᠃ ᠨᠠᠷᠢᠨ ᠭᠡᠳᠡᠰᠤ ᠶᠢ ᠬᠦᠪᠤᠵᠤ ᠠᠪᠳᠠᠭ᠃ ᠲᠠᠪᠬᠤᠷ ᠭᠡᠳᠡᠰᠤᠨ ᠤ ᠪᠠᠭᠠᠰᠤ ᠶᠢ ᠤᠰᠤ ᠴᠢᠳᠬᠤᠵᠤ ᠴᠡᠪᠡᠷᠯᠡᠨ᠎ᠠ᠃ ᠤᠯᠤᠭᠠᠢ ᠪᠤᠯᠤᠨ ᠬᠤᠳᠤᠭᠤᠳᠤᠨ ᠤ ᠪᠠᠭᠠᠰᠤ ᠶᠢ ᠠᠷᠢᠯᠭᠠᠵᠤ ᠴᠡᠪᠡᠷᠯᠡᠨ᠎ᠠ᠃
ᠴᠠᠭᠠᠨ ᠮᠢᠬ᠎ᠠ ᠬᠢᠬᠦ ᠳᠡᠭᠡᠨ ᠭᠡᠳᠡᠰᠤᠨ ᠳᠤ ᠲᠠᠪᠬᠤᠷ ᠭᠡᠳᠡᠰᠤ᠂ ᠦᠷᠦᠴᠡ᠂ ᠭᠡᠷᠭᠡᠨᠭᠳᠡᠢ ᠭᠤᠷᠪᠡ ᠶᠢ ᠨᠠᠷᠢᠨ ᠵᠦᠰᠦᠭᠡᠳ ᠴᠢᠬᠢᠨ᠎ᠠ᠃ ᠢᠡᠭᠬᠢᠪᠡᠯ ᠲᠤᠳᠤᠷ ᠢ ᠴᠡᠪᠡᠷᠯᠡᠵᠤ ᠠᠷᠴᠢᠵᠤ ᠲᠠᠭᠤᠰᠬᠤ ᠪᠤᠯᠤᠨ᠎ᠠ᠃ ᠬᠤᠨᠢ ᠭᠠᠷᠭᠠᠬᠤ ᠶᠠᠪᠤᠴᠠ ᠳᠤ ᠬᠤᠨᠢ ᠭᠠᠷᠭᠠᠭᠰᠠᠨ ᠪᠥᠰᠡᠳᠡᠢ ᠬᠦᠮᠤᠨ ᠪᠡ ᠭᠡᠳᠡᠰᠤ ᠠᠷᠴᠢᠭᠰᠠᠨ ᠠᠪᠠᠭᠠᠢᠬᠤᠶᠡᠷ ᠬᠤᠷᠳᠤᠨ ᠤᠳᠠᠭᠠᠨ ᠠᠵᠢᠯᠯᠠᠬᠤ ᠪᠠᠨ ᠤᠷᠤᠯᠳᠤᠳᠠᠭ ᠤᠳᠠᠭ᠎ᠠ ᠴᠤ ᠪᠤᠢ᠃ ᠭᠡᠨ ᠨᠢ ᠲᠠᠷᠢᠬᠦᠯᠡᠪᠡᠯ ᠠᠷᠠᠰᠤ ᠪᠤᠶᠤ ᠬᠦᠵᠡᠭᠡ ᠪᠡ ᠨᠦᠬᠦᠭᠡ ᠪᠠᠨ ᠰᠢᠪᠬᠠᠳᠠᠨᠠ ᠭᠡᠳᠡᠭ ᠲᠤᠮᠤᠭ ᠪᠠᠶᠢᠳᠠᠭ᠃
ᠪᠦᠬᠦ ᠠᠵᠢᠯ ᠲᠠᠭᠤᠰᠪᠡᠯ ᠴᠢᠰᠤ ᠪᠠᠨ ᠬᠤᠳᠤᠭᠤᠳᠤ ᠪᠤᠶᠤ ᠤᠯᠤᠭᠠᠢ ᠳᠤ ᠴᠢᠳᠬᠤᠭᠠᠳ᠂ ᠬᠤᠨᠢᠨ ᠤ ᠲᠤᠳᠤᠷ ᠢ ᠴᠢᠨᠠᠳᠠᠭ᠃ ᠡᠵᠢ ᠮᠢᠨᠢ ᠪᠠᠭ᠎ᠠ ᠳᠤ ᠮᠢᠨᠢ ᠲᠤᠤᠷᠠᠬᠢ ᠮᠡᠳᠤ ᠵᠦᠢᠯ ᠢ ᠵᠢᠭᠠᠵᠤ ᠦᠭᠳᠡᠭ ᠪᠠᠶᠢᠯ᠎ᠠ᠄ ᠭᠠᠷ ᠤᠨ ᠲᠠᠪᠤᠨ ᠬᠤᠷᠤᠭᠤ ᠶᠢ ᠪᠠᠷᠪᠠᠭᠠᠳᠢ ︵ᠡᠷᠭᠡᠢ︶᠂ ᠪᠠᠳᠤᠨ ᠲᠠᠤᠯᠠᠢ ︵ᠲᠤᠯᠤᠪᠤᠷ︶᠂ ᠲᠤᠯᠢᠪᠤᠭᠤᠳᠢ ᠪᠤᠶᠤ ᠲᠤᠯᠢ ᠮᠠᠷᠭᠡᠨ ︵ ᠲᠤᠮᠳᠠ ᠬᠤᠷᠤᠭᠤ︶᠂ ᠲᠠᠤᠬᠠᠨ ᠲᠤᠪᠴᠢ ︵ᠨᠡᠷᠡᠬᠦᠢ ᠬᠤᠷᠤᠭᠤ︶᠂ ᠵᠢᠭᠠᠬᠠᠨ ᠭᠡᠤᠭᠡᠳ ᠪᠡ ᠪᠤᠵᠢᠭᠤᠳᠠᠢ ᠪᠤᠶᠤ ᠵᠢᠭᠠᠭᠠᠨ ᠲᠠᠬᠦᠤᠳᠠᠢ ︵ᠰᠢᠭᠡᠵᠢ ᠬᠤᠷᠤᠭᠤ︶ ᠪᠦᠭᠡᠷ᠎ᠠ ᠵᠢᠷᠤᠭᠡ ᠪᠠᠨ ᠢᠳᠡᠭᠡᠳ᠂ ᠪᠦᠭᠰᠡ ᠪᠠᠨ ᠤᠡᠭᠭᠤᠢᠢᠯᠭᠠᠭᠠᠳ᠂ ᠬᠤᠳ ᠭᠡᠳ ᠠᠮᠠᠷᠬᠠᠨ ᠰᠠᠶᠢᠬᠠᠨ ᠤᠡᠳᠠᠪᠡ ᠭᠡᠮᠡᠨ ᠬᠤᠷᠤᠭᠤ ᠲᠠᠷᠤᠨ ᠵᠢᠭᠠᠵᠤ ᠦᠭᠳᠡᠭ ᠶᠤᠮᠰᠠᠨ᠃
ᠨᠠᠢᠮᠡ᠂ ᠬᠤᠨᠢᠨ ᠤ ᠶᠠᠰᠤ ᠭᠡᠳᠤᠢ᠂ ᠶᠠᠭᠤ ᠶᠠᠭᠤ ᠪᠠᠶᠢᠳᠠᠭ ᠪᠤᠢ︖
ᠲᠤᠯᠤᠭᠠᠢ ︵ᠵᠠᠷᠢᠮ ᠬᠤᠨᠢᠨ ᠳᠤ ᠡᠪᠡᠷ ᠪᠠᠶᠢᠳᠠᠭ︶ ᠨᠢᠭᠡ᠂ ᠡᠷᠡᠤ ᠬᠤᠶᠡᠷ᠂ ᠰᠢᠨ᠎ᠠ ᠬᠤᠶᠡᠷ᠂ ᠡᠷᠡᠤ ᠳᠤ ᠨᠠᠢᠮᠠᠨ ᠰᠢᠳᠤ᠂ ᠡᠷᠡᠤ ᠪᠡ ᠲᠤᠯᠤᠭᠠᠢ ᠶᠢᠨ ᠠᠷᠠᠭ᠎ᠠ ᠬᠤᠷᠢᠨ ᠲᠦᠷᠪᠡ᠂ ᠬᠦᠵᠤᠬᠦᠤ ᠵᠢᠷᠭᠤᠭ᠎ᠠ᠂ ᠰᠡᠭᠡᠷ ᠠᠷᠪᠡᠨ ᠬᠤᠶᠡᠷ᠂ ᠬᠠᠪᠢᠷᠭ᠎ᠠ ᠬᠤᠷᠢᠨ ᠵᠢᠷᠭᠤᠭ᠎ᠠ᠂ ᠡᠪᠴᠢᠬᠦᠤ ᠨᠢᠭᠡ᠂ ᠡᠪᠴᠢᠬᠦᠤ ᠶᠢᠨ ᠬᠤᠷᠤᠭᠤ ᠠᠷᠪᠡᠨ ᠬᠤᠶᠡᠷ ᠨᠠᠶᠢᠳᠠ ᠬᠤᠷᠢᠨ ᠲᠦᠷᠪᠡ᠂ ᠭᠤᠶ᠎ᠠ ᠬᠤᠶᠡᠷ᠂ ᠰᠡᠬᠦᠵᠢ ᠬᠤᠶᠡᠷ᠂ ᠱᠠᠭᠠᠡᠳᠤ ᠬᠤᠶᠡᠷ᠂ ᠠᠳᠬᠤᠭᠠᠯ ᠬᠤᠶᠡᠷ᠂ ᠲᠠᠯᠤ ᠬᠤᠶᠡᠷ᠂ ᠬᠠᠷᠢᠳᠤ ᠬᠤᠶᠡᠷ᠂ ᠨᠢᠷᠤᠭᠤ ᠲᠠᠪᠤ᠂ ᠰᠢᠩᠬᠢᠨᠡᠬᠦᠷ ︵ᠰᠢᠩᠭᠡᠯᠵᠡᠬᠦᠷ︶ ᠨᠢᠭᠡ᠂ ᠲᠤᠳᠤᠭᠰᠢ ᠦᠶ᠎ᠠ ᠠᠷᠪᠡᠨ ᠨᠠᠢᠮᠡ᠂ ᠱᠠᠭ᠎ᠠ ᠬᠤᠶᠡᠷ᠂ ᠲᠤᠶᠢᠭ ︵ᠲᠦᠢᠨᠠ︶ ᠬᠤᠶᠠᠷ᠂ ᠪᠤᠷᠪᠢ ᠬᠤᠶᠡᠷ᠂ ᠰᠠᠬᠦᠯᠤᠨ ᠦᠶ᠎ᠠ ᠵᠢᠷᠭᠤᠭ᠎ᠠ᠂ ᠡᠪᠤᠳᠥᠭ ᠬᠤᠶᠡᠷ᠂ ᠬᠦᠯ ᠲᠥᠷᠪᠡ᠂ ᠦᠶ᠎ᠠ ᠬᠤᠷᠢᠨ ᠨᠠᠢᠮᠡ᠂ ᠲᠤᠭᠤᠷᠠᠢ ᠨᠠᠢᠮᠠ ᠵᠡᠷᠭᠡ ᠪᠠᠶᠢᠳᠠᠭ᠃
ᠰᠤᠯᠠ ᠦᠭᠡᠬᠦᠨ ᠳᠤ ᠮᠢᠬᠠᠨ ᠤ ᠦᠭᠡᠬᠦ᠂ ᠰᠡᠮᠡᠵᠡᠨ ᠤ ᠦᠭᠡᠬᠦ᠂ ᠭᠡᠳᠡᠰᠤᠨ ᠤ ᠦᠭᠡᠬᠦ᠂ ᠪᠦᠭᠡᠷ᠎ᠠ ᠶᠢᠨ ᠦᠭᠡᠬᠦ ᠵᠡᠷᠭᠡ ᠪᠤᠢ᠃ ᠪᠠᠷᠭᠤᠴᠤᠳ ᠤᠨ ᠡᠩ ᠤᠨ ᠪᠠᠶᠢᠳᠠᠯ ᠳᠤ ᠬᠤᠨᠢ ᠭᠠᠷᠭᠠᠬᠤ ᠠᠷᠭ᠎ᠠ ᠪᠡ ᠪᠤᠳᠠᠳᠠᠢ ᠠᠯᠬᠤᠮ ᠲᠠᠷᠠᠭ᠎ᠠ ᠪᠤᠶᠤ ᠶᠠᠪᠤᠴᠠ ᠶᠢ ᠡᠶᠢᠨ ᠬᠦ ᠲᠦᠬᠦᠮ ᠲᠠᠨᠢᠯᠴᠠᠭᠤᠯᠪᠡ᠃ ᠪᠠᠷᠭᠤᠴᠤᠳ ᠬᠤᠨᠢ ᠭᠠᠷᠭᠠᠬᠤ ᠦᠶ᠎ᠠ ᠳᠡᠭᠡᠨ ᠵᠠᠪᠡᠯ ᠦᠷᠤᠴᠡᠯᠡᠳᠡᠭ᠂ ᠬᠤᠭᠤᠯᠠᠢ ᠤᠭᠳᠤᠯᠬᠤ ᠶᠢ ᠴᠡᠭᠡᠷᠯᠡᠳᠡᠭ ᠵᠡᠷᠭᠡ ᠤᠯᠠᠮᠵᠢᠯᠠᠯᠳᠤ ᠲᠠᠳᠬᠠᠯ ᠲᠠᠢ᠃ ᠭᠠᠷᠭᠠᠭᠰᠠᠨ ᠬᠤᠨᠢ ᠪᠠᠨ ᠪᠢᠳᠡᠬᠦᠤ ᠦᠪᠴᠢᠬᠦ᠂ ᠬᠦᠯᠦᠪᠴᠢ ᠬᠢᠬᠦ᠂ ᠲᠤᠯᠤᠮᠯᠠᠵᠤ ᠠᠪᠬᠤ ᠵᠡᠷᠭᠡ ᠭᠡᠯᠪᠡᠷᠢ ᠴᠤ ᠪᠠᠶᠢᠳᠠᠭ᠃ ᠲᠤᠷᠤᠭ ᠮᠢᠬ᠎ᠠ ᠪᠠᠨ ᠪᠤᠷᠴᠠᠯᠠᠵᠤ ᠠᠪᠬᠤ᠂ ᠨᠦᠳᠥᠵᠤ ᠨᠤᠡᠳᠠᠭᠯᠠᠬᠤ ᠮᠡᠳᠤ ᠪᠠᠷ ᠬᠠᠳᠠᠭᠠᠯᠠᠬᠤ᠂ ᠬᠤᠨᠢᠨ ᠤ ᠪᠥᠬᠦ ᠶᠠᠰᠤ ᠱᠥᠯᠤᠨ ᠳᠤ ᠤᠷᠤᠬᠤ ᠪᠡ ᠡᠯ᠎ᠠ ᠡᠷᠭᠡᠳᠡᠨ ᠢᠶᠠᠷ ᠡᠪᠡᠳᠴᠢᠨ ᠢ ᠡᠮᠴᠢᠯᠡᠨ ᠵᠠᠰᠠᠬᠤ ᠵᠡᠷᠭᠡ ᠤᠯᠠᠨ ᠵᠦᠢᠯ ᠳᠤ ᠠᠰᠢᠭᠯᠠᠨ ᠭᠡᠷᠡᠭᠯᠡᠳᠡᠭ ᠶᠤᠮ᠃ ᠠᠳᠡ ᠲᠡᠷᠡ ᠪᠦᠬᠦᠨ ᠢ ᠨᠠᠷᠠ ᠲᠠᠳᠤᠢ ᠲᠤᠷᠠᠳᠴᠤ ᠦᠡᠭᠭᠡᠷᠡᠪᠡ᠃ ᠪᠤᠷᠤᠭᠤ ᠵᠦᠢᠯ ᠢ ᠵᠠᠰᠠᠨ ᠵᠠᠯᠠᠷᠠᠭᠤᠯᠬᠤ ᠶᠢ ᠬᠦᠰᠡᠨ᠎ᠠ᠃
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ