

ᠮᠤᠩᠭᠤᠯ ᠬᠦᠮᠦᠨ ᠬᠢᠭᠡᠳ ᠬᠢᠲᠠᠳ ᠬᠦᠮᠦᠨ

2016-12-05 15:26
  823
  0
ᠮᠤᠩᠭᠤᠯ ᠬᠦᠮᠦᠨ ᠬᠢᠭᠡᠳ ᠬᠢᠲᠠᠳ ᠬᠦᠮᠦᠨ



   ᠡᠶᠢᠮᠦ ᠨᠢᠭᠡᠨ ᠮᠠᠲ᠋ᠧᠷᠢᠶᠠᠯ ᠣᠯᠵᠤ ᠤᠩᠰᠢᠭᠠᠳ ᠰᠡᠳᠬᠢᠯ ᠡᠮᠵᠡᠭᠯᠡᠬᠦ ᠦᠭᠡᠢ ᠪᠠᠶᠢᠵᠤ ᠴᠢᠳᠠᠭᠰᠠᠨ ᠦᠭᠡᠢ᠃ ᠣᠳᠣ ᠠᠴᠠ ᠨᠡᠯᠢᠶᠡᠳ ᠬᠡᠳᠦᠨ ᠵᠢᠯ ᠦᠨ ᠡᠮᠦᠨ᠎ᠡ ᠥᠪ‍ᠦᠷ ᠮᠣᠩᠭᠣᠯ ᠠᠴᠠ ᠮᠣᠩᠭᠣᠯ ᠳᠤ ᠳᠦᠷᠪᠡᠵᠦ ᠣᠷᠣᠵᠤ ᠢᠷᠡᠭᠰᠡᠨ ᠨᠢᠭᠡᠨ ᠵᠠᠯᠠᠭᠤ ᠥᠪᠥᠷ ᠮᠣᠩᠭᠣᠯᠴᠤᠳ ᠤᠨ ᠥᠨᠥ ᠶᠢᠨ ᠪᠠᠶᠠᠨ ᠴᠠᠳᠬᠤᠯᠠᠩ ᠮᠡᠲᠦ ᠠᠮᠢᠳᠤᠷᠠᠯ ᠤᠨ ᠬᠥᠰᠢᠭᠡᠨ ᠦ ᠴᠠᠭᠠᠳᠤᠬᠢ ᠳᠠᠯᠳᠠ ᠨᠢᠭᠤᠴᠠ ᠶᠢᠨ ᠲᠤᠬᠠᠢ ᠡᠨᠡ ᠨᠡᠶᠢᠲᠡᠯᠡᠯ ᠳᠦ ᠳᠤᠷᠠᠳᠤᠭᠰᠠᠨ ᠲᠠᠢ ᠨᠡᠩ ᠲᠥᠰᠲᠡᠢ ᠲᠡᠦᠬᠡ ᠨᠦᠭᠦᠳ ᠢ ᠬᠦᠦᠷᠨᠢᠵᠦ ᠪᠢᠯᠡ᠃ ᠮᠣᠩᠭᠣᠯ ᠦᠨᠳᠦᠰᠦᠲᠡᠨ ᠪᠢᠳᠡᠨ ᠦ ᠦᠶ᠎ᠡ ᠶᠢᠨ ᠦᠶ᠎ᠡ ᠳᠦ ᠲᠦᠭᠰᠢᠵᠦ᠂ ᠪᠣᠯᠭᠣᠮᠵᠢᠯᠠᠵᠤ᠂ ᠤᠯᠠᠶᠢᠷᠠᠨ ᠲᠡᠮᠡᠴᠡᠵᠦ ᠢᠷᠡᠭᠰᠡᠨ ᠲᠡᠦᠬᠡ ᠪᠣᠯ ᠶᠡᠷᠦᠳᠡᠭᠡᠨ ᠯᠠ ᠡᠮᠦᠨᠡᠲᠦ ᠬᠥᠷᠰᠢ ᠲᠡᠢ ᠪᠡᠨ ᠬᠢᠭᠰᠡᠨ ᠲᠡᠮᠡᠴᠡᠯ ᠪᠠᠶᠢᠳᠠᠭ᠃ ᠪᠢᠳᠡ ᠳᠠᠶᠢᠰᠤᠩᠨᠠᠭᠴᠢ ᠰᠡᠳᠬᠢᠬᠦᠢ ᠲᠡᠢ ᠳᠦ ᠪᠡᠨ ᠴᠤ ᠪᠤᠰᠤ᠂ ᠰᠥᠷᠭᠦ‍ᠯᠳᠦᠭᠴᠢ ᠡᠷᠬᠡ ᠠᠰᠢᠭᠲᠠᠢ ᠳᠤ ᠪᠠᠨ ᠴᠤ ᠪᠤᠰᠤ᠂ ᠶᠡᠷᠦ ᠡᠴᠡ ᠪᠡᠨ ᠯᠠ ᠲᠡᠭᠡᠵᠦ ᠲᠡᠮᠡᠴᠡᠬᠦ ᠦᠭᠡᠢ ᠯᠠ ᠪᠣᠯ ᠪᠣᠯᠳᠠᠭ ᠦᠭᠡᠢ ᠪᠠᠶᠢᠭᠰᠠᠨ ᠢ ᠡᠳᠡᠭᠡᠷ ᠪᠣᠳᠠᠲᠤ ᠲᠡᠦᠬᠡ ᠨᠦᠭᠦᠳ ᠰᠠᠨᠠᠭᠤᠯᠤᠨ᠎ᠠ᠃ ᠬᠠᠷᠢᠨ ᠣᠳᠣ᠂ ᠥᠨᠥ ᠴᠠᠭ ᠦᠶ᠎ᠡ ᠳᠦ᠂ ᠡᠰᠡᠪᠡᠯ ᠮᠠᠷᠭᠠᠰᠢ ᠶᠠᠭᠤ ᠪᠣᠯᠬᠤ ᠭᠡᠳ ᠪᠠᠶᠢᠨ᠎ᠠ ᠪᠤᠢ᠂ ᠪᠤᠤ ᠮᠡᠳᠡ᠃ ᠭᠠᠭᠴᠠᠬᠦ ᠡᠨᠡ ᠪᠣᠳᠠᠲᠤ ᠲᠡᠦᠬᠡ ᠶᠢ ᠮᠠᠰᠢ ᠣᠯᠠᠨ ᠮᠣᠩᠭᠣᠯ ᠬᠦᠮᠦᠨ ᠮᠡᠳᠡᠵᠦ᠂ ᠤᠩᠰᠢᠵᠤ᠂ ᠰᠠᠨᠠᠵᠤ᠂ ᠰᠡᠷᠡᠵᠦ ᠪᠠᠶᠢᠬᠤ ᠪᠣᠯᠲᠤᠭᠠᠢ ᠬᠡᠮᠡᠨ ᠲᠠᠨ ᠳᠤ ᠢᠯᠡᠭᠡᠯ᠎ᠡ᠃ ᠨᠡᠶᠢᠲᠡᠯᠡᠵᠦ ᠴᠢᠨᠠᠭᠰᠢ ᠴᠠᠭᠠᠰᠢ ᠨᠢ ᠬᠦᠷᠭᠡᠬᠦ ᠪᠠᠶᠢᠬᠤ ᠭᠡᠵᠦ ᠨᠠᠶᠢᠳᠠᠨ᠎ᠠ᠃ ᠪ ∙ ᠳᠠᠷᠮᠠᠪᠠᠽᠠᠷ ︵ᠠᠷᠯᠢᠩᠲ᠋ᠣᠨ︶ ᠡᠬᠢ ᠰᠤᠷᠪᠤᠯᠵᠢ 《ᠵᠠᠭᠤᠨ ᠤ ᠮᠡᠳᠡᠭᠡ》 
ᠵᠢᠷᠤᠭ ᠤᠨ ᠲᠠᠶᠢᠯᠪᠤᠷᠢ᠄ ᠮᠠᠨᠵᠤ ᠴᠢ‍ᠩ ᠤᠯᠤᠰ ᠲᠤ ᠬᠢᠲᠠᠳ ᠤᠳ ᠮᠣᠩᠭᠣᠯ ᠬᠦᠮᠦᠨ ᠢ ᠮᠢᠬ᠎ᠠ ᠶᠢ ᠨᠢ ᠬᠡᠰᠡᠭᠯᠡᠨ ᠠᠪᠴᠤ᠂ ᠲᠠᠮᠤᠯᠠᠨ ᠬᠥᠨᠥᠭᠡᠵᠦ ᠪᠤᠢ ᠡᠨᠡ ᠵᠢᠷᠤᠭ ᠢ ᠺᠠᠷᠫᠧ ᠭᠡᠭᠴᠢ ᠹᠷᠠᠨᠼᠢ ᠬᠦᠮᠦᠨ ᠬᠠᠯᠢᠰᠤᠨ ᠳᠤ ᠪᠠᠨ ᠪᠠᠭᠤᠯᠭᠠᠵᠠᠢ᠃ ᠬᠣᠵᠢᠮ᠂ ᠬᠢᠲᠠᠳ ᠳᠠᠬᠢ ᠣᠯᠠᠨ ᠮᠣᠩᠭᠣᠯᠴᠤᠳ ᠡᠶᠢᠮᠦ ᠶᠠᠷᠭᠠᠯᠠᠯ ᠳᠤ ᠥᠷᠲᠦᠭᠰᠡᠨ᠃(sensesofcinema.com) 

   ᠪ ∙ ᠲᠦᠮᠡᠨ - ᠥᠯᠵᠡᠢ 1960 ᠣᠨ ᠳᠤ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠪᠠᠭᠠᠷᠢᠨ ᠪᠠᠷᠠᠭᠤᠨ ᠬᠣᠰᠢᠭᠤᠨ ᠤ ᠪᠠᠶᠠᠠ ᠲᠠᠯ᠎ᠠ ᠰᠤᠮᠤᠨ ᠳᠤ ᠲᠦᠷᠦᠭᠰᠡᠨ᠃ 1984 ᠣᠨ ᠳᠤ ᠥᠪᠥᠷ ᠮᠣᠩᠭᠣᠯ ᠤᠨ ᠪᠠᠭᠰᠢ ᠶᠢᠨ ᠶᠡᠬᠡ ᠰᠤᠷᠭᠠᠭᠤᠯᠢ ᠶᠢ ᠮᠣᠩᠭᠣᠯ ᠬᠡᠯᠡ᠂ ᠤᠷᠠᠨ ᠵᠣᠬᠢᠶᠠᠯ ᠤᠨ ᠮᠡᠷᠭᠡᠵᠢᠯ ᠢᠶᠡᠷ ᠲᠡᠭᠦᠰᠬᠡᠵᠦ᠂ ᠠᠷᠠᠳ ᠤᠨ ᠪᠣᠯᠪᠠᠰᠤᠷᠠᠯ ᠤᠨ ᠶᠠᠮᠤᠨ ᠤ ᠳᠡᠷᠭᠡᠳᠡᠬᠢ ᠰᠣᠨᠢᠨ ᠰᠡᠳᠬᠦᠯ ᠦᠨ ᠭᠠᠵᠠᠷ ᠰᠡᠳᠬᠦᠯᠴᠢ ᠪᠡᠷ ᠠᠵᠢᠯᠯᠠᠵᠠᠢ᠃ 1994-1997 ᠣᠨ ᠳᠤ ᠶᠠᠫᠣᠨ ᠤᠯᠤᠰ ᠲᠤ ᠰᠤᠷᠴᠤ᠂ ᠠᠵᠢᠯᠯᠠᠵᠤ᠂ 2005-2006 ᠣᠨ ᠳᠤ ᠮᠣᠩᠭᠣᠯ ᠤᠯᠤᠰ ᠤᠨ ᠶᠡᠬᠡ ᠰᠤᠷᠭᠠᠭᠤᠯᠢ ᠳᠦ ᠮᠡᠷᠭᠡᠵᠢᠯ ᠳᠡᠭᠡᠭᠰᠢᠯᠡᠭᠦᠯᠦᠭᠰᠡᠨ ᠪᠥᠭᠡᠳ ᠣᠳᠣ ᠮᠣᠩᠭᠣᠯ ᠳᠤ ᠠᠮᠢᠳᠤᠷᠠᠵᠤ ᠪᠤᠢ ᠠᠵ‍ᠢ᠃ ᠲᠡᠷᠡ ᠪᠡᠷ 《ᠴᠢᠷᠠᠢ》᠂ 《ᠭᠣᠣᠯ ᠤᠨ ᠳᠠᠭᠤᠨ》᠂ 《ᠬᠦᠮᠦᠨ ᠦ ᠨᠤᠲᠤᠭ ᠲᠤ》᠂ 《ᠬᠡᠨᠵᠡ ᠪᠣᠳᠣᠯ》᠂ 《ᠬᠡᠨᠵᠡ ᠬᠤᠷᠠᠭ᠎ᠠ》 ᠵᠡᠷᠭᠡ ᠳᠥᠷᠪᠡᠨ ᠨᠣᠮ ᠲᠠᠢ ᠵᠣᠬᠢᠶᠠᠯᠴᠢ ᠬᠦᠮᠦᠨ᠃
   ᠮᠣᠩᠭᠣᠯ᠂ ᠬᠢᠲᠠᠳ ᠬᠡᠮᠡᠬᠦ ᠬᠣᠶᠠᠷ ᠦᠨᠳᠦᠰᠦᠲᠡᠨ ᠳᠦ ᠠᠽᠢᠶ᠎ᠠ ᠶᠢᠨ ᠤᠯᠤᠰ ᠭᠡᠬᠦ ᠡᠴᠡ ᠥᠭᠡᠷ᠎ᠡ ᠠᠳᠠᠯᠢ ᠵᠦᠢᠯ ᠬᠣᠪᠣᠷ ᠭᠡᠵᠦ ᠪᠢ ᠰᠠᠨᠠᠳᠠᠭ᠃ ᠮᠢᠨᠦ ᠬᠡᠯᠡᠵᠦ ᠪᠠᠶᠢᠭ᠎ᠠ ᠲᠠᠢ ᠰᠠᠨᠠᠭ᠎ᠠ ᠨᠡᠶᠢᠯᠡᠬᠦ ᠦᠭᠡᠢ ᠰᠢᠷ᠎ᠠ ᠴᠢᠷᠠᠢ ᠲᠠᠢ᠂ ᠬᠠᠷ᠎ᠠ ᠦᠰᠦ ᠲᠡᠢ᠂ ᠨᠠᠮᠬᠠᠨ ᠨᠢᠷᠤᠭᠤ ᠲᠠᠢ᠂ ᠣᠨᠢᠭᠠᠷ ᠨᠢᠳᠦᠲᠡᠢ ᠭᠡᠳ ᠠᠳᠠᠯᠢ ᠵᠦᠢᠯ ᠲᠣᠭᠠᠴᠢᠬᠤ ᠬᠦᠮᠦᠨ ᠭᠠᠷᠬᠤ ᠯᠠ ᠪᠠᠶᠢᠬᠤ᠃ ᠭᠡᠬᠦ ᠳᠦ ᠪᠡᠨ ᠯᠠ ᠪᠢ ᠬᠡᠯᠡᠭᠰᠡᠨ ᠡᠴᠡ ᠪᠡᠨ ᠪᠤᠴᠠᠬᠤ ᠦᠭᠡᠢ᠃ ᠬᠢᠲᠠᠳ ᠬᠦᠮᠦᠨ ᠢ ᠡᠬᠢᠯᠡᠭᠡᠳ ᠬᠠᠷᠠᠬᠤ ᠳᠤ ᠪᠣᠯᠪᠠᠰᠤᠨ᠂ ᠴᠡᠪᠡᠷᠴᠢ᠂ ᠥᠷᠥ ᠵᠥᠭᠡᠯᠡᠨ᠂ ᠬᠦᠴᠦ ᠲᠡᠩᠬᠡᠭᠡ ᠰᠤᠯᠠ ᠳᠣᠷᠣᠢ ᠮᠡᠲᠦ ᠬᠠᠷᠠᠭᠳᠠᠨ᠎ᠠ᠃ ᠬᠠᠷᠢᠨ ᠮᠣᠩᠭᠣᠯ ᠬᠦᠮᠦᠨ ᠪᠣᠯᠬᠢ ᠪᠣᠭᠣᠳᠣᠭᠣᠢ᠂ ᠬᠠᠲᠠᠭᠤ ᠰᠢᠷᠦᠭᠦᠨ᠂ ᠲᠡᠷᠡ ᠴᠤ ᠲᠥᠷᠬᠥ ᠪᠡᠷ ᠢᠶᠡᠨ ᠵᠡᠷᠯᠢᠭᠳᠡᠭᠦᠦ ᠬᠠᠷᠠᠭᠳᠠᠨ᠎ᠠ᠃
   ᠦᠨᠡᠨ ᠬᠡᠷᠡᠭ ᠲᠦ ᠪᠡᠨ ᠶᠠᠮᠠᠷ ᠪᠠᠶᠢᠳᠠᠭ ᠶᠤᠮ ᠪᠣᠯ᠃ ᠦᠨᠡᠨ᠂ ᠬᠤᠳᠠᠯ ᠬᠣᠶᠠᠷ ᠤᠨ ᠬᠣᠭᠣᠷᠣᠨᠳᠣ ᠳᠥᠷᠪᠡᠨ ᠬᠤᠷᠤᠭᠤ ᠵᠠᠶᠢᠲᠠᠢ᠃ ᠬᠦᠮᠦᠨ ᠦ ᠡᠷᠢᠶᠡᠨ ᠳᠣᠲᠣᠷ᠎ᠠ ᠪᠠᠨ᠂ ᠮᠣᠭᠠᠢ ᠶᠢᠨ ᠡᠷᠢᠶᠡᠨ ᠭᠠᠳᠠᠨ᠎ᠠ ᠪᠠᠨ ᠭᠡᠵᠦ ᠳᠡᠭᠡᠳᠦᠰ ᠮᠠᠨᠢ ᠴᠡᠴᠡᠯᠡᠳᠡᠭ᠃ ᠶᠠᠭᠤᠲᠠᠢ ᠴᠤ ᠡᠨᠡ ᠴᠢᠭ ᠲᠦ ᠪᠣᠳᠣᠯ ᠡᠷᠭᠢᠴᠡᠭᠦᠯᠦᠯ ᠢᠶᠡᠨ ᠪᠢᠴᠢᠬᠠᠨ ᠭᠡᠯᠢᠵᠦ᠂ ᠤᠩᠰᠢᠭᠴᠢ ᠲᠠᠨ ᠲᠠᠢ ᠰᠠᠨᠠᠭ᠎ᠠ ᠪᠣᠳᠣᠯ ᠢᠶᠠᠨ ᠵᠢᠷᠦᠬᠡᠯᠡᠨ ᠬᠤᠪᠢᠶᠠᠯᠴᠠᠶ᠎ᠠ ᠭᠡᠵᠦ ᠰᠢᠢᠳ‍ᠦᠭᠰᠡᠨ ᠶᠤᠮ᠃
   ᠮᠣᠩᠭᠣᠯ ᠬᠦᠮᠦᠨ ᠰᠠᠶ᠋ᠢ ᠲᠠᠨᠢᠯᠴᠠᠭᠰᠠᠨ ᠬᠦᠮᠦᠨ ᠲᠡᠢ ᠪᠡᠨ ᠶᠡᠬᠡ ᠳᠣᠲᠣᠨᠣᠰᠳᠠᠭ ᠦᠭᠡᠢ᠂ ᠶᠠᠷᠢᠶ᠎ᠠ ᠥᠷᠨᠢᠭᠦᠯᠬᠦ ᠭᠡᠵᠦ ᠴᠤ ᠵᠢᠳᠬᠦᠬᠦ ᠦᠭᠡᠢ᠂ ᠲᠠᠭ᠎ᠠ ᠦᠭᠡᠢ ᠰᠠᠨᠠᠭᠳᠠᠪᠠᠯ ᠲᠡᠭᠡᠰᠬᠢᠭᠡᠳ ᠨᠢᠷᠤᠭᠤ ᠪᠠᠨ ᠡᠭᠦᠷᠦᠨ ᠶᠠᠪᠤᠭᠠᠳ ᠥᠭᠭᠦᠨ᠎ᠡ᠃ ᠬᠠᠷᠢᠨ ᠬᠢᠲᠠᠳ ᠬᠦᠮᠦᠨ ᠪᠣᠯ ᠥᠭᠡᠷ᠎ᠡ᠃ ᠲᠠᠨᠢᠯᠴᠠᠭᠰᠠᠨ ᠬᠦᠨᠡᠶᠢᠬᠢ ᠪᠡᠨ ᠭᠠᠷ ᠢ ᠢᠯᠢᠵᠦ ᠲᠠᠭᠠᠯᠠᠬᠤ ᠡᠨᠡᠦᠬᠡᠨ ᠳᠦ᠃ ᠪᠦᠷ ᠡᠪᠦᠷ ᠲᠦᠷᠡᠢ ᠳᠦ ᠤᠷᠤᠬᠤ ᠨᠢ ᠤᠤ ᠭᠡᠮᠡᠷ ᠳᠣᠲᠣᠨᠣᠰᠤᠨ᠎ᠠ᠃ ᠬᠢᠲᠠᠳ ᠬᠦᠮᠦᠨ ᠭᠠᠷ ᠢᠶᠠᠨ ᠲᠠᠯᠪᠢᠵ‍ᠣ ᠶᠠᠳᠠᠨ ᠪᠠᠶᠢᠭᠰᠠᠨ ᠢᠶᠠᠨ ᠨᠡᠷ᠎ᠡ ᠤᠰᠤ᠂ ᠡᠷᠬᠢᠯᠡᠳᠡᠭ ᠠᠵᠢᠯ ᠲᠡᠷᠢᠭᠦᠲᠡᠨ ᠢ ᠴᠢᠨᠢ ᠮᠡᠳᠡᠮᠡᠭᠴᠡ ᠪᠡᠨ ᠡᠨᠡ ᠬᠦᠮᠦᠨ ᠨᠠᠳᠠ ᠬᠡᠷᠡᠭᠲᠡᠢ ᠤᠤ ᠭᠡᠳᠡᠭ ᠢ ᠶᠣᠰᠣᠲᠠᠢ ᠯᠠ ᠭᠢᠯᠠᠯᠵᠠᠲᠠᠯ᠎ᠠ ᠲᠣᠭᠠᠴᠠᠨ᠎ᠠ᠃ ᠬᠡᠷᠡᠭᠲᠡᠢ ᠭᠡᠵᠦ ᠦᠵᠡᠪᠡᠯ ᠰᠠᠯᠠᠬᠤ ᠦᠭᠡᠢ ᠨᠠᠭᠠᠯᠳᠤᠨ᠎ᠠ᠃ ᠶᠠᠭᠤ ᠶᠢ ᠪᠠᠨ ᠴᠤ ᠥᠭᠬᠦ ᠡᠴᠡ ᠪᠤᠴᠠᠬᠤ ᠦᠭᠡᠢ᠃ ᠬᠡᠷᠡᠭ ᠦᠭᠡᠢ ᠭᠡᠵᠦ ᠦᠵᠡᠪᠡᠯ 《ᠪᠠᠶᠠᠷᠲᠠᠢ》 ᠴᠤ ᠦᠭᠡᠢ᠂ ᠪᠦᠷ ᠡᠷᠭᠢᠵᠦ ᠴᠤ ᠬᠠᠷᠠᠯ ᠦᠭᠡᠢ ᠠᠷᠢᠯᠤᠨ᠎ᠠ᠃ ᠮᠣᠩᠭᠣᠯ ᠬᠦᠮᠦᠨ ᠭᠠᠷ ᠪᠠᠷᠢᠬᠤ ᠳᠤ ᠪᠠᠨ ᠳᠤᠤᠭᠠᠷᠴᠤ ᠶᠠᠳᠠᠵᠤ ᠪᠠᠶᠢᠭᠰᠠᠨ ᠢᠶᠠᠨ ᠬᠡᠳᠦᠨ ᠦᠭᠡ ᠰᠣᠯᠢ‍ᠭᠠᠳ᠂ ᠨᠤᠲᠤᠭ ᠤᠰᠤ᠂ ᠨᠡᠷ᠎ᠡ ᠵᠢᠯ ᠢᠶᠡᠨ ᠠᠰᠠᠭᠤᠭᠠᠳ ᠰᠡᠳᠬᠢᠯ ᠳᠦ ᠨᠡᠶᠢᠴᠡᠲᠡᠢ ᠰᠠᠨᠠᠭᠳᠠᠪᠠᠯ ᠣᠯᠠᠨ ᠵᠢᠯ ᠬᠠᠨᠢᠯᠠᠭᠰᠠᠨ ᠨᠠᠶᠢᠵᠠ ᠨᠤᠭᠤᠳ ᠰᠢᠭ ᠶᠠᠭᠤ ᠶᠢ ᠪᠠᠨ ᠴᠤ ᠠᠭᠤᠳᠠᠯᠤᠨ ᠶᠠᠷᠢᠵᠤ ᠬᠥᠭᠡᠷᠬᠦ ᠡᠴᠡ ᠪᠤᠴᠠᠬᠤ ᠦᠭᠡᠢ ᠪᠣᠯᠤᠨ᠎ᠠ᠃ ᠲᠠᠮᠠᠬᠢᠯᠠᠬᠤ ᠶᠤᠮ ᠤᠤ᠂ ᠭᠠᠭᠴᠠ ᠬᠣᠶᠠᠷ ᠬᠤᠨᠳᠠᠭ᠎ᠠ ᠲᠠᠲᠠᠪᠠᠯ ᠪᠦᠷ ᠬᠥᠵᠦᠭᠦᠦ ᠬᠥᠵᠦᠭᠦᠦ ᠪᠡᠷ ᠢᠶᠡᠨ ᠲᠡᠪᠡᠷᠢᠨ ᠰᠠᠯᠬᠤ ᠳᠤᠷ᠎ᠠ ᠦᠭᠡᠢ ᠪᠣᠯᠤᠨ᠎ᠠ᠃
   ᠬᠢᠲᠠᠳ ᠲᠤ ᠡᠬᠡ ᠣᠷᠣᠨ ᠢᠶᠠᠨ ᠠᠯᠳᠠᠭᠤᠵᠠᠢ ᠭᠡᠵᠦ ᠥᠨᠥᠳᠥᠷ ᠮᠣᠩᠭᠣᠯ ᠬᠦᠮᠦᠨ ᠪᠦᠷᠢ ᠰᠡᠳᠬᠢᠯ ᠵᠣᠪᠠᠨᠢᠵᠤ ᠪᠠᠶᠢᠭ᠎ᠠ ᠨᠢ ᠦᠨᠡᠨ᠃ ᠮᠣᠩᠭᠣᠯ ᠬᠦᠮᠦᠨ ᠭᠤᠳᠤᠮᠵᠢᠨ ᠳᠤ ᠬᠢᠲᠠᠳ ᠬᠦᠮᠦᠨ ᠲᠡᠢ ᠲᠠᠭᠠᠷᠠᠪᠠᠯ ᠶᠠᠳᠠᠵᠤ ᠯᠠ ᠬᠦᠢᠲᠡᠨ ᠬᠠᠷᠠᠴᠠ ᠪᠠᠷ ᠰᠢᠷᠪᠢᠨ ᠳᠤᠷᠠᠭᠦᠶᠢᠴᠡᠯ᠎ ᠢᠯᠡᠷᠬᠡᠶᠢᠯᠡᠳᠡᠭ᠃ ᠴᠠᠭᠠᠨ ᠬᠡᠷᠡᠮ ᠡᠴᠡ ᠵᠠᠮ ᠤᠨ ᠦᠳᠡ ᠬᠦᠷᠲᠡᠯᠡᠬᠢ ᠶᠡᠬᠡ ᠨᠤᠲᠤᠭ ᠢᠶᠠᠨ ᠬᠦᠮᠦᠨ ᠵᠣᠨ ᠤ ᠬᠢ ᠪᠠᠨ ᠨᠡᠯᠢᠶᠡᠳ ᠬᠡᠰᠡᠭ ᠲᠡᠢ ᠠᠯᠠᠳᠠᠭᠰᠠᠨ ᠴᠢᠩᠭᠢᠰ ᠦᠨ ᠬᠣᠶᠢᠴᠢ ᠦᠶ᠎ᠡ ᠶᠢᠨ ᠬᠢᠨ ᠦ ᠰᠡᠳᠬᠢᠯ ᠦᠨ ᠲᠦᠭᠰᠢᠭᠦᠷᠢ ᠶᠢᠨ ᠢᠯᠡᠷᠬᠡᠶᠢᠯᠡᠯ ᠭᠡᠵᠦ ᠡᠭᠦᠨ ᠢ ᠬᠡᠯᠡᠮᠡᠷ᠃ ᠬᠠᠷᠢᠨ ᠬᠡᠳᠦ ᠬᠣᠨᠣᠭ ᠤᠨ ᠳᠠᠷᠠᠭ᠎ᠠ ᠬᠦᠢᠲᠡᠨ ᠬᠠᠷᠠᠴᠠ ᠪᠠᠷ ᠰᠢᠷᠪᠢᠭᠡᠳ ᠪᠠᠶᠢᠭᠰᠠᠨ ᠨᠥᠭᠥᠭᠡ ᠬᠢᠲᠠᠳ ᠲᠠᠢ ᠪᠠᠨ ᠰᠠᠶᠢᠬᠢ ᠮᠣᠩᠭᠣᠯ ᠲᠣᠬᠢᠶᠠᠯᠳᠤᠯ ᠢᠶᠠᠷ ᠲᠠᠨᠢᠯᠴᠠᠯ᠎ᠠ ᠭᠡᠵᠦ ᠰᠠᠨᠠᠶ᠎ᠠ᠃ ᠨᠠᠩᠭᠢᠶᠠᠳ ᠵᠣᠭᠣᠭ ᠲᠠᠩᠰᠤᠭ ᠪᠡᠯᠡᠳᠴᠦ 《ᠨᠠᠶᠢᠵᠠ ᠡ᠂ ᠨᠠᠶᠢᠵᠠ ᠡ》 ᠭᠡᠵᠦ ᠪᠢᠯᠬᠠᠷᠠᠲᠠᠯ᠎ᠠ ᠢᠨᠢᠶᠡᠳᠦ ᠠᠯᠠᠳᠠᠨ ᠬᠤᠨᠳᠠᠭ᠎ᠠ ᠲᠤᠯᠭᠠᠬᠤ ᠳᠤ 《ᠰᠠᠶᠢᠨ ᠬᠤᠵᠠ ᠪᠠᠶᠢᠨ᠎ᠠ᠂ ᠶᠠᠭᠠᠬᠢᠬᠤ ᠪᠤᠢ᠂ ᠬᠤᠵᠠ ᠳᠤ ᠴᠤ ᠰᠠᠶᠢᠨ ᠬᠦᠮᠦᠨ ᠪᠠᠶᠢᠬᠤ ᠪᠠᠶᠢᠯ ᠦᠭᠡᠢ ᠳ᠋ᠡ》 ᠭᠡᠵᠦ ᠮᠥᠨᠥᠬᠢ ᠮᠣᠩᠭᠣᠯ ᠤᠨ ᠰᠡᠳᠬᠢᠯ ᠤᠶᠠᠷᠠᠨ᠎ᠠ᠃ ᠴᠠᠭ ᠡᠯᠡᠬᠦ ᠶᠢᠨ ᠬᠢᠷᠢ ᠪᠡᠷ ᠨᠠᠶᠢᠵᠠ ᠶᠢᠨ ᠰᠡᠳᠬᠢᠯ ᠵᠤᠵᠠᠭᠠᠷᠠᠨ᠎ᠠ᠃ ᠲᠡᠭᠡᠲᠡᠯ᠎ᠡ 《ᠢᠮᠠᠭᠠᠲᠤ ᠠᠭᠤᠯᠠ ᠶᠢᠨ ᠨᠡᠭᠦᠷᠡᠰᠦᠨ ᠦ ᠣᠷᠳᠣ ᠁》 ᠭᠡᠵᠦ ᠶᠠᠷᠢᠶ᠎ᠠ ᠡᠳᠦᠬᠦ ᠳᠦ ᠡᠬᠡ ᠨᠤᠲᠤᠭ ᠤᠷᠤᠭᠤ ᠨᠢ ᠴᠠᠭ ᠦᠷᠭᠦᠯᠵᠢ ᠥᠩᠭᠡᠯᠵᠡᠵᠦ ᠪᠠᠶᠢᠳᠠᠭ ᠠᠶᠤᠯᠲᠤ ᠬᠢᠲᠠᠳ ᠪᠤᠰᠤ᠂ ᠦᠢ ᠵᠠᠢ ᠦᠭᠡᠢ ᠨᠠᠶᠢᠵᠠ ᠬᠡᠯᠡᠵᠦ ᠪᠠᠶᠢᠬᠤ ᠰᠢᠭ ᠰᠠᠨᠠᠭᠳᠠᠨ᠎ᠠ᠃
   ᠡᠭᠦᠨ ᠢ ᠵᠥᠪᠬᠡᠨ ᠡᠳ᠋ ᠍ ᠦᠨ ᠰᠢᠨᠤᠯ᠂ ᠡᠰᠡᠪᠡᠯ ᠮᠣᠩᠭᠣᠯ ᠬᠦᠮᠦᠨ ᠦ ᠪᠣᠭᠣᠨᠢ᠂ ᠮᠤᠩᠬᠠᠭ ᠤᠬᠠᠭᠠᠨ ᠲᠠᠢ ᠬᠣᠯᠪᠣᠨ ᠲᠠᠶᠢᠯᠪᠤᠷᠢᠯᠠᠪᠠᠯ ᠳᠡᠩᠳᠡᠭᠦᠦ ᠥᠩᠭᠡᠴᠡ ᠪᠣᠯᠤᠨ᠎ᠠ᠃ ᠶᠠᠳᠠᠵᠤ ᠯᠠ ᠶᠢᠷᠲᠢᠨᠴᠦ ᠶᠢᠨ ᠶᠡᠬᠡ᠂ ᠪᠠᠭ᠎ᠠ ᠣᠷᠣᠨ ᠤᠳ ᠤᠨ ᠶᠡᠬᠡᠩᠬᠢ ᠬᠣᠲᠠ ᠳᠦ 《 ᠴᠠᠶᠢᠨ᠎ᠠ ᠲᠠᠸᠦ᠋ᠨ》 ᠭᠡᠭᠴᠢ ᠪᠤᠢ ᠪᠣᠯᠤᠭᠠᠳ᠂ ᠬᠢᠲᠠᠳ ᠤᠳ ᠣᠯᠠᠨ ᠢᠶᠠᠷ ᠰᠠᠭᠤᠷᠢᠰᠢᠵᠤ᠂ ᠥᠪᠡᠷ ᠦᠨ ᠠᠬᠤᠢ ᠣᠷᠴᠢᠨ ᠢᠶᠠᠨ ᠪᠤᠢ ᠪᠣᠯᠭᠠᠨ ᠲᠤᠬᠠᠯᠠᠭᠠᠳ ᠣᠯᠠᠨ ᠵᠠᠭᠤᠨ ᠢ ᠦᠳᠡᠵᠦ ᠪᠠᠶᠢᠭ᠎ᠠ ᠪᠣᠯᠬᠣᠷ ᠢᠩᠭᠢᠵᠦ ᠬᠡᠯᠡᠵᠦ ᠪᠠᠶᠢᠨ᠎ᠠ᠃ ᠬᠢᠲᠠᠳ ᠤᠳ ᠬᠠᠮᠢᠭ᠎ᠠ ᠴᠤ ᠭᠡᠰᠡᠨ ᠡᠬᠢᠯᠡᠭᠡᠳ ᠬᠠᠷᠠᠬᠤ ᠳᠤ ᠪᠥᠬᠥᠯᠵᠡᠵᠦ᠂ ᠬᠦᠮᠦᠨ ᠦ ᠠᠶ᠎ᠠ ᠳᠠᠭᠠᠵᠤ ᠠᠮᠢᠳᠤᠷᠠᠬᠤ ᠮᠡᠲᠦ ᠰᠠᠨᠠᠭᠳᠠᠪᠠᠴᠤ ᠢᠮᠠᠭᠲᠠ ᠥᠪᠡᠷ ᠦᠨ ᠬᠢ ᠪᠡᠷ ᠢᠶᠡᠨ᠂ ᠥᠪᠡᠷ ᠦᠨ ᠠᠬᠤᠢ ᠶᠢ ᠪᠠᠨ ᠪᠦᠷᠢᠳᠦᠭᠦᠯᠬᠦ ᠭᠡᠵᠦ ᠵᠢᠳᠬᠦᠳᠡᠭ᠂ ᠰᠠᠨᠠᠭᠰᠠᠨ ᠳᠤ ᠪᠠᠨ ᠴᠤ ᠬᠦᠷᠳᠡᠭ ᠦᠨᠳᠦᠰᠦᠲᠡᠨ ᠭᠡᠳᠡᠭ ᠢ ᠬᠠᠮᠢᠭ᠎ᠠ ᠰᠠᠶᠢᠭᠦᠢ ᠴᠡᠴᠡᠭᠯᠡᠨ ᠳᠡᠪᠵᠢᠵᠦ ᠪᠠᠶᠢᠭ᠎ᠠ 《 ᠴᠠᠶᠢᠨ᠎ᠠ ᠲᠠᠸᠦ᠋ᠨ 》 ᠨᠣᠲᠠᠯᠠᠨ᠎ᠠ ᠪᠤᠰᠤ ᠤᠤ᠃ ᠶᠠᠭ ᠯᠠ ᠬᠢᠶᠠᠭ ᠡᠪᠡᠰᠦ ᠰᠢᠭ᠃ ᠲᠠᠯᠠᠪᠠᠢ ᠳᠤ ᠨᠢᠭᠡ ᠯᠠ ᠤᠷᠭᠤᠭᠠᠳ ᠡᠬᠢᠯᠡᠪᠡᠯ ᠲᠠᠯ᠎ᠠ ᠨᠤᠲᠤᠭ ᠢ ᠲᠡᠷᠡ ᠴᠢᠭ ᠢᠶᠡᠷ ᠨᠢ ᠪᠦᠷᠬᠦᠲᠡᠯ᠎ᠡ ᠬᠢᠷᠭᠠᠨ ᠬᠤᠷᠠᠭᠠᠨ᠂ ᠴᠡᠩᠬᠡᠷᠲᠦᠨ ᠤᠷᠭᠤᠳᠠᠭ ᠲᠠᠢ ᠦᠯᠢᠭᠡᠷ ᠨᠢᠭᠡᠨ ᠭᠡᠰᠡᠨ ᠦᠭᠡ᠃ ᠲᠡᠶᠢᠮᠦ ᠪᠣᠯᠬᠣᠷ ᠦᠨᠳᠦᠰᠦᠲᠡᠨ ᠦ ᠰᠡᠳᠬᠢᠯ ᠵᠦᠢ᠂ ᠠᠵᠤ ᠠᠬᠤᠢ ᠡᠷᠬᠢᠯᠡᠳᠡᠭ ᠣᠨᠴᠠᠯᠢᠭ ᠲᠠᠢ ᠬᠣᠯᠪᠣᠨ ᠠᠰᠠᠭᠤᠳᠠᠯ ᠢ ᠠᠪᠴᠤ ᠦᠵᠡᠪᠡᠯ ᠪᠠᠶᠢᠳᠠᠯ ᠢᠯᠡᠭᠦᠦ ᠣᠶᠢᠯᠠᠭᠠᠮᠵᠢᠲᠠᠢ ᠪᠣᠯᠤᠨ᠎ᠠ ᠭᠡᠵᠦ ᠰᠠᠨᠠᠭᠳᠠᠨ᠎ᠠ᠃ ᠴᠠᠶᠢᠨ᠎ᠠ ᠲᠠᠸᠦ᠋ᠨ ᠠᠮᠧᠷᠢᠺᠠ᠂ ᠠᠩᠭᠯᠢ᠂ ᠭᠧᠷᠮᠠᠨ᠂ ᠹᠷᠠᠨᠼᠢ᠂  ᠳᠤ ᠪᠦᠭᠦ  ᠪᠤᠢ  ᠦᠭᠡᠢ ᠭᠠᠵᠠᠷ ᠭᠡᠵᠦ ᠦᠭᠡᠢ᠃
   ᠬᠢᠲᠠᠳ ᠠᠶᠢᠯ ᠪᠠᠶᠢᠰᠢᠩ ᠤᠨ ᠬᠢ ᠪᠡᠨ ᠭᠠᠳᠠᠭᠤᠷ ᠬᠡᠷᠡᠮ ᠲᠡᠢ᠃ ᠰᠢᠪᠠᠷ ᠢᠶᠠᠷ ᠪᠣᠰᠬᠠᠭᠰᠠᠨ ᠪᠡᠭᠡᠵᠢᠩ ᠦᠨ ᠬᠠᠭᠠᠨ ᠤ ᠣᠷᠳᠣ ᠭᠡᠳ ᠪᠣᠳᠣ ᠳ᠋ᠠ᠃ ᠨᠡᠭᠦᠳᠡᠯᠴᠢᠨ ᠪᠢᠳᠡᠨ ᠡᠴᠡ ᠤᠯᠤᠰ ᠣᠷᠣᠨ ᠢᠶᠠᠨ ᠬᠠᠮᠠᠭᠠᠯᠠᠬᠤ ᠭᠡᠬᠦ ᠳᠦ ᠪᠡᠨ ᠪᠠᠶᠢᠭᠤᠯᠤᠭᠰᠠᠨ ᠴᠠᠭᠠᠨ ᠬᠡᠷᠡᠮ ᠢ ᠴᠤ ᠰᠠᠨᠠᠭᠲᠤᠨ᠃ ᠥᠭᠡᠷ᠎ᠡ ᠪᠡᠷ ᠬᠡᠯᠡᠪᠡᠯ᠂ ᠶᠡᠬᠡᠰ ᠳᠡᠭᠡᠳᠦᠰ᠂ ᠡᠭᠡᠯ ᠪᠣᠷᠣᠭ ᠲᠠᠷᠢᠶᠠᠴᠢᠨ ᠠᠯᠢ ᠨᠢ ᠴᠤ ᠪᠠᠶᠢᠯ᠎ᠠ ᠭᠡᠰᠡᠨ ᠪᠠᠶᠢᠰᠢᠩ ᠤᠨ ᠬᠢ ᠪᠡᠨ ᠭᠠᠳᠠᠭᠤᠷ ᠬᠡᠷᠡᠮ ᠪᠣᠰᠬᠠᠳᠠᠭ ᠨᠢ ᠶᠣᠰᠣ᠃ ᠬᠡᠷᠡᠮ ᠤᠨ ᠬᠠᠰᠢᠶ᠎ᠠ ᠶᠢ ᠲᠤᠭᠤᠯᠤᠨ ᠪᠠᠶᠢᠰᠢᠩ ᠥᠭᠡᠳᠡ ᠠᠯᠬᠤᠬᠤ ᠳᠤ ᠡᠮᠦᠨ᠎ᠡ ᠡᠴᠡ ᠪᠣᠭᠰᠢᠭᠰᠠᠨ ᠬᠤᠷᠴᠠ ᠦᠨᠦᠷ ᠬᠠᠮᠠᠷ ᠴᠣᠷᠭᠢᠨ᠎ᠠ᠃ ᠭᠡᠷ ᠲᠦ ᠨᠢ ᠣᠷᠣᠬᠤ ᠳᠤ ᠬᠠᠴᠢᠨ ᠰᠣᠳᠣᠨ ᠦᠨᠦᠷ ᠪᠦᠷ ᠴᠤ ᠲᠣᠳᠣ᠂ ᠲᠡᠰᠬᠦᠶ᠎ᠡ ᠪᠡᠷᠬᠡ᠂ ᠨᠢᠳᠦ ᠬᠣᠷᠣᠰᠬᠠᠨ᠂ ᠬᠠᠮᠠᠷ ᠰᠡᠲᠡᠯᠦᠮ᠎ᠡ ᠬᠠᠩᠬᠤᠯᠳᠠᠭ᠃ ᠮᠣᠩᠭᠣᠯᠴᠤᠳ ᠼᠤ᠋᠂ ᠵᠢᠶᠠᠩ ᠤᠨ ᠦᠨᠦᠷ ᠭᠡᠵᠦ ᠮᠡᠳᠡᠮᠡᠬᠡᠶᠢᠷᠡᠳᠡᠭ᠃ ᠦᠨᠡᠨ ᠳᠡᠬᠡᠨ ᠪᠣᠯ ᠡᠨᠡ ᠥᠳᠬᠡᠨ᠂ ᠰᠢᠩᠭᠡᠨ ᠦ ᠬᠢ ᠨᠢ ᠦᠨᠦᠷ᠃
   ᠬᠥᠬᠡ ᠬᠣᠲᠠ ᠶᠢᠨ ᠣᠶᠢᠷ᠎ᠠ ᠲᠣᠭᠣᠷᠢᠨ ᠳᠤ ᠬᠢᠲᠠᠳ ᠮᠠᠶ᠋ᠢᠭ ᠢᠶᠠᠷ ᠠᠮᠢᠳᠤᠷᠠᠬᠤ ᠪᠣᠯᠤᠭᠰᠠᠨ ᠮᠣᠩᠭᠣᠯ ᠠᠶᠢᠯ ᠴᠥᠭᠡᠨ ᠦᠭᠡᠢ ᠪᠣᠯᠤᠭᠰᠠᠨ ᠨᠢ ᠭᠠᠰᠢᠭᠤᠨ ᠦᠨᠡᠨ᠃ 《ᠮᠣᠩᠭᠣᠯ᠂ ᠬᠢᠲᠠᠳ ᠠᠶᠢᠯ ᠢ ᠶᠠᠭᠤ ᠪᠠᠷ ᠨᠢ ᠢᠯᠭᠠᠳᠠᠭ ᠪᠤᠢ》 ᠭᠡᠵᠦ ᠪᠢ ᠨᠢᠭᠡᠨ ᠲᠠᠷᠢᠶᠠᠴᠢᠨ ᠠᠴᠠ ᠠᠰᠠᠭᠤᠬᠤ ᠳᠤ ᠲᠡᠷᠡ ᠪᠡᠷ 《ᠰᠥᠨᠢ ᠪᠡᠶ᠎ᠡ ᠵᠠᠰᠠᠳᠠᠭ ᠢᠶᠠᠷ ᠨᠢ》 ᠭᠡᠵᠦ ᠬᠠᠷᠢᠭᠤᠯᠵᠤ ᠪᠢᠯᠡ᠃
   ᠣᠯᠠᠨ ᠤᠯᠤᠰ ᠤᠨ ᠺᠢᠨᠣ᠋ ᠨᠠᠭᠠᠳᠤᠮ ᠤᠨ ᠱᠠᠩᠨᠠᠯ ᠣᠯᠠᠨ ᠤᠳᠠᠭ᠎ᠠ ᠬᠦᠷᠲᠡᠵᠦ ᠪᠠᠶᠢᠭᠰᠠᠨ ᠬᠢᠲᠠᠳ ᠤᠨ ᠠᠯᠳᠠᠷᠲᠤ ᠨᠠᠶᠢᠷᠠᠭᠤᠯᠤᠭᠴᠢ ᠵᠠᠩ ᠶᠢ ᠮᠸᠦ ᠶᠢᠨ 《ᠬᠠᠭᠤᠴᠢᠨ ᠬᠤᠳᠳᠤᠭ》 ᠺᠢᠨᠣᠨ ᠳᠤ 《ᠬᠢᠲᠠᠳ ᠤᠨ ᠰᠢᠭᠡᠰᠦᠨ ᠦ ᠰᠤᠶᠤᠯ》 ᠍ ᠢ ᠳᠡᠯᠭᠡᠴᠡᠨ ᠡᠴᠡ ᠦᠨᠦᠷᠲᠡᠲᠡᠯ᠎ᠡ ᠵᠢᠷᠤᠭᠯᠠᠵᠤ᠂ ᠨᠡᠶᠢᠲᠡ ᠳᠦ ᠳᠡᠯᠭᠡᠭᠰᠡᠨ ᠪᠣᠯᠬᠣᠷ ᠬᠢᠲᠠᠳ ᠲᠤ ᠳᠤᠷ᠎ᠠ ᠦᠭᠡᠢ ᠨᠢᠭᠡᠨ ᠰᠣᠯᠢᠶᠠᠲᠤ ᠮᠣᠩᠭᠣᠯ ᠬᠡᠲᠦᠷᠡᠭᠦᠯᠵᠦ ᠪᠠᠶᠢᠨ᠎ᠠ ᠭᠡᠵᠦ ᠨᠠᠮ᠎ᠠ ᠶᠢ ᠵᠢᠮᠡᠯᠡᠬᠦ ᠦᠭᠡᠢ ᠨᠢ ᠯᠠᠪᠲᠠᠢ᠃ ᠡᠨᠡ ᠺᠢᠨᠣ᠋ ᠲᠣᠺᠢᠣ᠋ ᠍ ᠶᠢᠨ ᠺᠢᠨᠣ᠋ ᠨᠠᠭᠠᠳᠤᠮ ᠳᠤ ᠲᠡᠷᠢᠭᠦᠨ ᠪᠠᠶᠢᠷᠢ ᠡᠵᠡᠯᠡᠬᠦ ᠦᠶ᠎ᠡ ᠳᠦ ᠪᠢ ᠤᠭ ᠬᠣᠲᠠ ᠳᠦ ᠠᠮᠢᠳᠤᠷᠠᠵᠤ ᠪᠠᠶᠢᠭᠰᠠᠨ ᠶᠤᠮ᠃
   ᠰᠠᠭᠤᠷᠢᠰᠢᠮᠠᠯ ᠰᠤᠶᠤᠯ ᠢᠷᠭᠡᠨᠰᠢᠯ ᠳᠠᠩ ᠭᠠᠭᠴᠠ ᠬᠢᠲᠠᠳ ᠤᠨ ᠬᠢ ᠪᠢᠰᠢ᠃ ᠭᠡᠬᠦ ᠳᠦ ᠪᠡᠨ ᠯᠠ ᠬᠢᠲᠠᠳ ᠤᠨ ᠰᠠᠭᠤᠷᠢᠰᠢᠮᠠᠯ ᠤᠨ ᠰᠤᠶᠤᠯ ᠥᠭᠡᠷ᠎ᠡ ᠦᠨᠳᠦᠰᠦᠲᠡᠨ ᠦ ᠬᠢ ᠡᠴᠡ ᠢᠯᠭᠠᠭ᠎ᠠ ᠲᠠᠢ᠃ ᠣᠯᠠᠨ ᠵᠠᠭᠤᠨ ᠵᠢᠯ ᠦᠨ ᠲᠤᠷᠰᠢ ᠠᠳᠠᠯᠢ ᠭᠡᠮᠡᠷ ᠠᠬᠤᠢ ᠨᠥᠬᠥᠴᠡᠯ ᠳᠦ ᠥᠭᠡᠷ᠎ᠡ ᠥᠭᠡᠷ᠎ᠡ ᠰᠤᠶᠤᠯ ᠢᠷᠭᠡᠨᠰᠢᠯ ᠲᠥᠯᠦᠪᠰᠢᠳᠡᠭ ᠠᠵᠢ᠃ ᠬᠢᠲᠠᠳ ᠤᠨ ᠰᠤᠶᠤᠯ ᠳᠤ ᠣᠯᠠᠨ ᠶᠠᠭᠤᠮᠠᠨ ᠤ ᠭᠠᠳᠠᠭᠠᠳᠤ ᠦᠵᠡᠭᠳᠡᠯ ᠬᠢᠭᠡᠳ ᠳᠣᠲᠣᠭᠠᠳᠤ ᠮᠥᠨ ᠴᠢᠨᠠᠷ ᠡᠰᠡᠷᠭᠦ ᠪᠡᠷ ᠪᠠᠶᠢᠬᠤ ᠨᠢ ᠨᠡᠩ ᠣᠯᠠᠨ᠃ ᠶᠠᠮᠠᠷ ᠰᠠᠶᠢᠨ ᠳᠤ ᠪᠠᠨ ᠬᠢᠲᠠᠳ ᠤᠨ ᠤᠬᠠᠭᠠᠨ ᠤ ᠨᠢᠭᠡᠨ ᠣᠬᠢ ᠮᠠᠩᠯᠠᠢ ᠪᠣᠯᠬᠤ ᠡᠷᠳᠡᠮᠲᠡᠨ ᠰᠦᠨ ᠽᠢ 《 ᠦᠨᠡᠨ ᠬᠡᠮᠡᠭᠴᠢ ᠬᠤᠳᠠᠯ ᠪᠣᠯᠠᠢ᠃ ᠬᠤᠳᠠᠯ ᠬᠡᠮᠡᠭᠴᠢ ᠦᠨᠡᠨ ᠪᠣᠯᠠᠢ》 ᠭᠡᠵᠦ ᠪᠢᠴᠢᠬᠦ ᠪᠤᠢ᠃
   ᠳᠣᠯᠢᠶᠠᠬᠤ ᠰᠢᠬᠠᠮ ᠨᠢᠯᠠᠭᠠᠨᠠᠵᠤ ᠪᠠᠶᠢᠭᠰᠠᠨ ᠬᠦᠮᠦᠨ ᠢᠶᠡᠨ ᠬᠡᠷᠡᠭ ᠦᠭᠡᠢ ᠭᠡᠵᠦ ᠰᠠᠨᠠᠪᠠᠯ ᠬᠤᠪᠢᠰᠬᠢᠨ ᠡᠷᠭᠢᠭᠡᠳ ᠪᠠᠶᠠᠷᠲᠠᠢ ᠴᠤ ᠦᠭᠡᠢ ᠠᠯᠠᠭ᠎ᠠ ᠪᠣᠯᠳᠠᠭ ᠲᠤᠬᠠᠢ ᠪᠢ ᠳᠡᠭᠡᠷ᠎ᠡ ᠦᠭᠦᠯᠡᠭᠰᠡᠨ᠃ ᠬᠠᠷᠢᠨ ᠣᠳᠣ ᠬᠥᠮᠥᠨ ᠦ ᠬᠠᠷᠭᠢᠰ ᠵᠥᠭᠡᠯᠡᠨ ᠦ ᠲᠤᠬᠠᠢ ᠲᠣᠭᠲᠠᠵᠤ ᠶᠠᠷᠢᠶ᠎ᠠ᠃ ᠬᠢᠲᠠᠳ ᠤᠳ 1968 ᠣᠨ ᠤ ᠡᠪᠦᠯ ᠡᠴᠡ 1969 ᠣᠨ ᠤ ᠬᠠᠪᠤᠷ ᠬᠦᠷᠲᠡᠯ᠎ᠡ ᠬᠤᠭᠤᠴᠠᠭᠠᠨ ᠳᠤ ᠥᠪᠥᠷᠯᠡᠭᠴᠢᠳ ᠢ ᠬᠣᠮᠣᠷᠭᠠᠯᠠᠨ ᠤᠰᠠᠳᠬᠠᠬᠤ ᠠᠵᠢᠯᠯᠠᠭ᠎ᠠ ᠶᠠᠪᠤᠭᠤᠯᠤᠭᠰᠠᠨ᠃ ᠬᠡᠳᠦ ᠬᠡᠴᠢᠨᠡᠨ ᠬᠦᠮᠦᠨ ᠦᠷᠡᠭᠳᠡᠭᠰᠡᠨ ᠢ ᠡᠨᠡ ᠤᠳᠠᠭ᠎ᠠ ᠣᠷᠬᠢᠨ᠂ ᠬᠡᠷᠬᠢᠨ ᠬᠠᠷᠭᠢᠰ ᠬᠡᠷᠴᠡᠭᠡᠢ ᠡᠷᠡᠭᠦᠳᠡᠨ ᠲᠠᠮᠤᠯᠠᠵᠤ ᠪᠠᠶᠢᠭᠰᠠᠨ ᠲᠤᠬᠠᠢ ᠪᠠᠷᠢᠮᠲᠠ ᠪᠠᠷ ᠦᠭᠦᠯᠡᠶ᠎ᠡ᠃ ᠡᠷ᠎ᠡ ᠡᠮ᠎ᠡ ᠶᠢᠨ ᠠᠮᠢᠳᠤᠷᠠᠯ ᠳᠤ ᠨᠡᠭᠦᠳᠡᠯᠴᠢᠨ ᠮᠣᠩᠭᠣᠯᠴᠤᠳ ᠢ ᠳᠡᠩᠳᠡᠭᠦᠦ ᠴᠢᠯᠦᠭᠡᠲᠡᠢ ᠭᠡᠵᠦ ᠦᠵᠡᠳᠡᠭ ᠬᠢᠲᠠᠳ ᠤᠳ ᠰᠢᠪᠠᠭᠠᠷᠠᠯᠳᠤᠭᠰᠠᠨ᠂ ᠴᠢᠬᠤᠯ ᠤᠷᠴᠢᠨ ᠳᠤ ᠪᠠᠨ ᠥᠪᠡᠷ ᠦᠨ ᠳᠤᠷ᠎ᠠ ᠪᠠᠷ ᠪᠠᠶᠢᠵᠤ ᠴᠢᠳᠠᠳᠠᠭ ᠦᠭᠡᠢ ᠳᠦ ᠪᠡᠨ ᠬᠣᠷᠣᠰᠤᠨ ᠪᠠᠴᠢᠮᠳᠠᠳᠠᠭ ᠲᠠᠭᠠᠨ ᠲᠡᠷᠡ ᠦᠦ᠂ ᠨᠡᠩ ᠬᠤᠷᠤᠰᠤᠯᠲᠠᠢ ᠬᠠᠨᠳᠤᠳᠠᠭ ᠤᠯᠤᠰ᠃ ᠳᠡᠭᠡᠷ᠎ᠡ ᠦᠭᠦᠯᠡᠭᠰᠡᠨ 1968-1969 ᠣᠨ ᠤ ᠬᠦᠴᠦᠷᠬᠡᠶᠢᠯᠡᠯ ᠦᠨ ᠦᠶ᠎ᠡ ᠳᠦ ᠮᠣᠩᠭᠣᠯ ᠥᠬᠢᠳ ᠪᠦᠰᠡᠭᠦᠶᠢᠴᠦᠳ ᠢ ᠬᠦᠴᠦᠳᠡᠭᠰᠡᠨ ᠦ ᠬᠢ ᠪᠡᠨ ᠳᠠᠷᠠᠭ᠎ᠠ ᠲᠠᠮᠤᠯᠠᠨ ᠵᠣᠪᠠᠭᠠᠭᠰᠠᠨ ᠲᠣᠬᠢᠶᠠᠯᠳᠤᠯ ᠲᠣᠭᠠᠯᠠᠬᠤ ᠳᠤ ᠴᠤ ᠪᠡᠷᠬᠡ ᠣᠯᠠᠨ ᠭᠠᠷᠴᠠᠢ᠃
   ᠰᠥᠨᠢᠳ ᠪᠠᠷᠠᠭᠤᠨ ᠬᠣᠰᠢᠭᠤᠨ ᠤ ᠪᠠᠶᠠᠨᠵᠢᠷᠦᠬᠡ ᠰᠤᠮᠤ ᠶᠢᠨ ᠪᠠᠶᠠᠠ ᠲᠠᠯ᠎ᠠ ᠪᠠᠷᠢᠭᠠᠳᠠ ᠶᠢᠨ ᠮᠠᠯᠴᠢᠨ ᠬᠣᠷᠯᠤᠤ ᠶᠢᠨ ᠡᠵᠢ ᠬᠦᠦ ᠪᠣᠯᠤᠨ ᠠᠪᠤ ᠪᠡᠷᠢ ᠬᠣᠶᠠᠷ ᠢ ᠬᠣᠭᠣᠷᠣᠨᠳᠣ ᠨᠢ ᠬᠦᠴ‍ᠦ ᠪᠡᠷ ᠬᠤᠷᠢᠴᠠᠭᠤᠯᠤᠭᠰᠠᠨ ᠲᠣᠬᠢᠶᠠᠯᠳᠤᠯ ᠴᠤ ᠭᠠᠷᠤᠭᠰᠠᠨ᠃ ᠡᠨᠡ ᠳᠣᠷᠣᠮᠵᠢᠯᠠᠯ ᠢ ᠲᠡᠰᠦᠯ ᠦᠭᠡᠢ ᠠᠪᠤ ᠬᠤᠳᠳᠤᠭ ᠤᠷᠤᠭᠤ ᠬᠠᠷᠠᠶᠢᠵᠤ᠂ ᠪᠡᠷᠢ ᠪᠣᠭᠣᠵᠤ ᠦᠬᠦᠵᠦ᠂ ᠬᠦᠦ ᠮᠡᠰᠡ ᠪᠡᠷ ᠥᠪᠡᠷ ᠢ ᠪᠡᠨ ᠬᠣᠷᠤ‍ᠭᠠᠵᠤ᠂ ᠡᠵᠢ ᠨᠢ ᠰᠣᠯᠢᠶᠠᠷᠠᠭᠰᠠᠨ᠃ ᠦᠦᠰᠢᠨ ᠬᠣᠰᠢᠭᠤᠨ ᠤ ᠲᠤᠭᠤᠯᠲᠠᠢ ᠪᠠᠷᠢᠭᠠᠳᠠ ᠶᠢᠨ ᠮᠠᠯᠴᠢᠨ ᠴᠣᠯᠮᠣᠨ᠂ ᠪᠠᠯᠳᠠᠨ᠂ ᠰᠤᠮᠤ ᠶᠢᠨ ᠵᠠᠬᠢᠷᠭᠠᠨ ᠤ ᠠᠵᠢᠯᠲᠠᠨ ᠳᠣᠩᠷᠣᠪ ᠨᠠᠷ ᠢ ᠡᠯᠵᠢᠭᠡ᠂ ᠭᠠᠬᠠᠢ ᠲᠠᠢ ᠬᠤᠷᠢᠴᠠᠭᠤᠯᠵᠤ᠂ 《ᠲᠠᠨ ᠤ ᠮᠣᠩᠭᠣᠯᠴᠤᠳ ᠮᠠᠯ ᠠᠴᠠ ᠶᠠᠮᠠᠷ ᠢᠯᠭᠠᠭ᠎ᠠ ᠲᠠᠢ ᠶᠤᠮ》 ᠭᠡᠵᠦ ᠲᠠᠪᠠᠯᠠᠭᠰᠠᠨ ᠶᠠᠪᠤᠳᠠᠯ ᠭᠠᠷᠤᠭᠰᠠᠨ᠃
   ᠮᠣᠩᠭᠣᠯᠴᠤᠳ ᠡᠷᠢᠶᠡᠨ ᠬᠣᠲᠠ ᠶᠢ ᠰᠠᠶᠢᠨ ᠮᠡᠳᠡᠨ᠎ᠡ᠃ ᠲᠤᠰ ᠬᠣᠲᠠ ᠶᠢᠨ ᠳᠠᠷᠤᠭ᠎ᠠ ᠪᠠᠷ ᠮᠢᠩᠭ᠎ᠠ ᠶᠢᠰᠦᠨ ᠵᠠᠭᠤ ᠵᠢᠷᠠᠭᠠᠳ ᠣᠨ ᠳᠤ ᠪᠤᠤ ᠭᠦ᠋ ᠯᠢᠶᠠᠨ ᠬᠡᠮᠡᠭᠴᠢ ᠮᠣᠩᠭᠣᠯ ᠬᠦᠮᠦᠨ ᠠᠵᠢᠯᠯᠠᠵᠤ ᠪᠠᠶᠢᠭᠰᠠᠨ ︵ᠪᠣᠷᠵᠢᠭᠢᠨ ᠣᠪᠤᠭ ᠢᠶᠠᠨ ᠬᠢᠲᠠᠳᠴᠢᠯᠠᠨ 《 ᠪᠣᠣ》 ᠪᠣᠯᠭᠠᠬᠤ ᠶᠠᠪᠤᠳᠠᠯ ᠥᠪᠥᠷ ᠮᠣᠩᠭᠣᠯ ᠤᠨ ᠵᠡᠭᠦᠨ ᠨᠤᠲᠤᠭ ᠲᠤ ᠶᠡᠬᠡ ᠪᠠᠶᠢᠳᠠᠭ ᠤᠨ ᠨᠢᠭᠡ ᠵᠢᠱᠢᠶ᠎ᠡ ᠪᠣᠯ ᠡᠨᠡ ᠬᠦᠮᠦᠨ︶᠃ ᠬᠣᠲᠠ ᠶᠢᠨ ᠳᠠᠷᠤᠭ᠎ᠠ ᠪᠤᠤ ᠶᠠᠮᠠᠷ ᠲᠠᠢ ᠴᠤ ᠪᠤᠷᠤᠭᠤᠳᠠᠵᠤ᠂ ᠲᠡᠭᠦᠨ ᠦ ᠭᠠᠷ ᠠᠷᠤ ᠭᠡᠷ ᠦᠨ ᠬᠢᠨ ᠳᠦ ᠨᠢ ᠦᠰᠦᠷᠬᠢᠯᠡᠭᠰᠡᠨ ᠢᠶᠡᠷ ᠡᠬᠡᠨᠡᠷ ᠢ ᠨᠢ ᠡᠷᠡᠮᠳᠡᠭ ᠵᠡᠷᠡᠮᠳᠡᠭ ᠪᠣᠯᠭᠠᠵᠠᠢ᠃
   ᠫᠠᠩ ᠱᠢᠦ ᠶᠢᠨ ᠬᠡᠮᠡᠬᠦ ᠬᠢᠲᠠᠳ ᠳᠥᠷᠪᠡᠳ ᠬᠣᠰᠢᠭᠤᠨ ᠤ ᠪᠠᠶᠠᠨ - ᠣᠪᠣᠭ᠎ᠠ ᠰᠤᠮᠤ ᠶᠢᠨ ᠪᠢᠴᠢᠭᠡᠴᠢ ᠨᠣᠷᠪᠵᠠᠮᠰᠤ ᠭᠤᠸᠠᠢ ᠶᠢᠨ ᠨᠢᠷᠤᠭᠤ ᠶᠢ ᠵᠦᠰᠦᠵᠦ ᠲᠠᠮᠠᠯᠤᠭᠰᠠᠨ ᠳᠤ ᠪᠠᠨ ᠰᠡᠳᠬᠢᠯ ᠦᠯᠦ ᠬᠠᠨᠤᠨ ᠪᠡᠶ᠎ᠡ ᠪᠡᠷ ᠲᠡᠰᠬᠦ ᠪᠠᠶᠢᠲᠤᠭᠠᠢ ᠰᠣᠨᠣᠰᠬᠤ ᠳᠤ ᠴᠤ ᠲᠡᠰᠬᠦ ᠳᠦ ᠪᠡᠷᠬᠡ ᠲᠠᠮᠤᠯᠠᠯ ᠳᠤ ᠰᠥᠬᠦᠷᠡᠭᠰᠡᠨ ᠨᠣᠷᠪᠵᠠᠮᠰᠤ ᠭᠤᠸᠠᠢ ᠠᠮᠢ ᠲᠠᠯᠪᠢᠭᠰᠠᠨ ᠭᠡᠳᠡᠭ᠃
   ᠲᠠᠮᠤᠯᠠᠭᠳᠠᠨ ᠶᠤᠤᠯᠠᠵᠤ᠂ ᠪᠠᠷᠬᠢᠷᠣᠭᠰᠠᠨ ᠬᠦᠮᠦᠨ ᠦ ᠬᠡᠯᠡ ᠶᠢ ᠤᠭᠳᠤᠯᠬᠤ᠂ ᠮᠡᠳᠡᠭᠦᠯᠭᠡ ᠥᠭᠭᠦ ᠦᠭᠡᠢ ᠪᠣᠯ ᠴᠢᠬᠢ᠂ ᠬᠠᠮᠠᠷ ᠢ ᠨᠢ ᠤᠭᠳᠤᠯᠬᠤ᠂ ᠰᠢᠳᠦ ᠶᠢ ᠨᠢ ᠪᠠᠬᠢ ᠪᠠᠷ ᠵᠤᠯᠭᠠᠭᠠᠨ ᠠᠪᠬᠤ᠂ ᠲᠣᠯᠣᠭᠠᠢ ᠤᠷᠤᠭᠤ ᠨᠢ ᠬᠠᠳᠠᠭᠠᠰᠤ ᠬᠠᠳ‍ᠠᠬᠤ ᠶᠠᠪᠤᠳᠠᠯ ᠶᠡᠷᠦᠳᠡ ᠶᠢᠨ ᠬᠡᠷᠡᠭ ᠪᠠᠶᠢᠴᠠᠢ᠃ ᠳᠡᠭᠡᠷᠡᠬᠢ ᠣᠯᠠᠨ ᠵᠢᠱᠢᠶ᠎ᠡ ᠪᠠᠷᠢᠮᠲᠠ ᠪᠣᠯ ᠨᠣᠮ ᠰᠤᠳᠤᠷ ᠲᠤ ᠪᠢᠴᠢᠭᠯᠡᠭᠳᠡᠭᠰᠡᠨ ᠡᠴᠡ ᠣᠯᠵᠤ ᠲᠡᠭᠦᠪᠦᠷᠢᠯᠡᠨ ᠲᠠᠲᠠᠵᠤ ᠪᠤᠢ ᠵᠢᠱᠢᠶ᠎ᠡ᠃ ᠪᠢ ᠪᠠᠰᠠ ᠤᠭ ᠬᠠᠷᠭᠢᠰ ᠶᠠᠪᠤᠳᠠᠯ ᠤᠨ ᠭᠡᠷᠡᠴᠢ ᠪᠣᠯᠤᠭᠰᠠᠨ ᠬᠦᠮᠦᠰ ᠲᠡᠢ ᠴᠤ ᠨᠢᠭᠡ ᠪᠤᠰᠤ ᠤᠳᠠᠭ᠎ᠠ ᠪᠡᠶ᠎ᠡ ᠪᠡᠷ ᠠᠭᠤᠯᠵᠠᠵᠤ ᠪᠠᠶᠢᠭᠰᠠᠨ ᠶᠤᠮ᠃ ᠲᠤᠬᠠᠶᠢᠯᠠᠪᠠᠯ᠂ ᠥᠪ‍ᠦᠷ ᠮᠣᠩᠭᠣᠯ ᠤᠨ ᠵᠠᠰᠠᠭ ᠤᠨ ᠣᠷᠳᠣᠨ ᠤ ᠲᠠᠮᠠᠭ᠎ᠠ ᠶᠢᠨ ᠭᠠᠵᠠᠷ ᠤᠨ ᠳᠡᠳ᠋ ᠳᠠᠷᠤᠭ᠎ᠠ ᠪᠠᠷ ᠠᠵᠢᠯᠯᠠᠵᠤ ᠪᠠᠶᠢᠭᠰᠠᠨ ᠭᠠᠷᠠᠪᠤᠰ‍ᠡᠩᠭᠡ ᠭᠤᠸᠠᠢ ᠶᠢᠨ ᠰᠢᠳᠦ ᠶᠢ ᠦᠷ᠎ᠡ ᠬᠡᠦᠬᠡᠳ ᠦᠨ ᠬᠢ ᠨᠢ ᠨᠢᠳᠦᠨ ᠳᠡᠭᠡᠷ᠎ᠡ ᠪᠠᠬᠢ ᠪᠠᠷ ᠨᠢᠭᠡᠪᠦᠷᠢᠴᠢᠯᠡᠨ ᠰᠤᠭᠤᠯᠠᠨ ᠲᠠᠷᠴᠢᠯᠭᠠᠭᠰᠠᠨ ᠠᠴᠠ ᠬᠡᠳᠦᠬᠡᠨ ᠬᠣᠨᠣᠭ ᠤᠨ ᠳᠠᠷᠠᠭ᠎ᠠ ᠨᠢᠳᠦ ᠠᠨᠢᠭᠰᠠᠨ ᠪᠠᠶᠢᠳᠠᠭ᠃ ᠲᠡᠭᠦᠨ ᠦ ᠬᠦᠦ ᠪᠠᠲ‍ᠤ ᠲᠠᠢ ᠥᠪ‍ᠦᠷ ᠮᠣᠩᠭᠣᠯ ᠤᠨ ᠪᠣᠯᠪᠠᠰᠤᠷᠠᠯ ᠤᠨ ᠶᠠᠮᠤᠨ ᠳᠤ 1984 ᠣᠨ ᠠᠴᠠ ᠬᠣᠶᠢᠰᠢ ᠠᠷᠪᠠᠭᠠᠳ ᠵᠢᠯ ᠬᠠᠮᠲᠤ ᠠᠵᠢᠯᠯᠠᠬᠤ ᠵᠠᠪᠰᠢᠶᠠᠨ ᠨᠠᠳᠠ ᠲᠣᠬᠢᠶᠠᠭᠰᠠᠨ᠃ ᠲᠡᠷᠡ ᠪᠡᠷ ᠨᠢᠭᠡ ᠤᠳᠠᠭ᠎ᠠ ᠰᠡᠳᠬᠢᠯ ᠦᠨ ᠬᠢ ᠪᠡᠨ ᠠᠨ‍ᠠᠭ᠎ᠠ ᠦᠭᠡᠢ ᠰᠢᠷᠬ᠎ᠠ ᠶᠢ ᠢᠯᠡᠴᠢᠯᠡᠨ ᠳᠡᠭᠡᠷᠡᠬᠢ ᠶᠠᠪᠤᠳᠠᠯ ᠤᠨ ᠲᠤᠬᠠᠢ ᠨᠢᠯᠪᠤᠰᠤ ᠳᠤᠰᠤᠯᠠᠭᠤᠯᠤᠨ ᠶᠠᠷᠢᠵᠤ ᠪᠠᠶᠢᠭᠰᠠᠨ ᠨᠢ ᠣᠳᠣ ᠴᠤ ᠨᠢᠳᠦᠨ ᠳᠦ ᠬᠠᠷᠠᠭᠳᠠᠬᠤ ᠮᠡᠲᠦ ᠪᠣᠯᠵᠤ ᠪᠠᠶᠢᠨ᠎ᠠ᠃
   ᠮᠠᠨ ᠤ ᠭᠤᠷᠭᠤᠤᠯᠲᠠᠢ ᠰᠤᠮᠤ ᠶᠢᠨ ᠷᠠᠪᠵᠠ ᠭᠤᠸᠠᠢ ᠶᠢ 《ᠬᠠᠳᠠᠭᠠᠰᠤᠲᠠᠢ ᠬᠦᠮᠦᠨ》 ᠭᠡᠳᠡᠭ᠃ ᠷᠠᠪᠵᠠ ᠭᠤᠸᠠᠢ ᠮᠢᠨᠦ ᠠᠪᠤ ᠲᠠᠢ ᠨᠠᠶᠢᠵᠠ᠂ ᠮᠠᠨᠠᠶᠢᠬᠢ ᠪᠠᠷ ᠣᠷᠣᠵᠤ ᠭᠠᠷᠳᠠᠭ ᠪᠠᠶᠢᠭᠰᠠᠨ ᠲᠡᠳᠦᠢ ᠦᠭᠡᠢ ᠪᠢ ᠥᠬᠢᠨ ᠴᠡᠴᠡᠡᠭᠡᠷᠡᠯ ᠲᠡᠢ ᠨᠢ ᠳᠤᠮᠳᠠᠳ᠋ᠤ ᠰᠤᠷᠭᠠᠭᠤᠯᠢ ᠶᠢᠨ ᠨᠢᠭᠡ ᠠᠩᠭᠢ ᠳᠤ ᠰᠤᠷᠴᠤ ᠪᠠᠶᠢᠭᠰᠠᠨ᠃ ᠬᠠᠬᠢᠷ ᠴᠠᠭ ᠲᠤ ᠰᠤᠮᠤ ᠶᠢᠨ ᠳᠠᠷᠤᠭ᠎ᠠ ᠶᠢᠨ ᠠᠯᠪᠠ ᠬᠠᠰᠢᠵᠤ ᠪᠠᠶᠢᠭᠰᠠᠨ ᠤ ᠬᠢ ᠪᠠᠨ ᠬᠤᠪᠢ ᠳᠤ ᠬᠢᠲᠠᠳ ᠤᠳ ᠤᠨ ᠬᠠᠷᠠᠭᠠᠨ ᠳᠤ ᠥᠷᠲᠥᠵᠦ ᠲᠣᠯᠣᠭᠠᠢ ᠳᠤ ᠪᠠᠨ ᠳᠥᠷᠪᠡᠨ ᠬᠠᠳᠠᠭᠠᠰᠤ ᠬᠠᠳᠠᠭᠤᠯᠵᠤ᠂ ᠵᠣᠯ ᠢᠶᠠᠷ ᠠᠮᠢ ᠭᠠᠷᠤᠭᠰᠠᠨ ᠨᠢᠭᠡᠨ᠃ ᠬᠦᠮᠦᠨ ᠦ ᠲᠣᠯᠣᠭᠠᠢ ᠳᠤ ᠬᠠᠳᠠᠭᠠᠰᠤ ᠬᠠᠳᠠ‍ᠭᠰᠠᠨ ᠭᠡᠬᠦ ᠪᠡᠷ ᠬᠥᠮᠥᠨ ᠪᠤᠰᠤ ᠡᠨᠡ ᠠᠪᠢᠷ ᠲᠤ ᠤᠩᠰᠢᠭᠴᠢ ᠲᠠ ᠴᠣᠴᠢᠷᠳᠠᠨ ᠨᠠᠮ᠎ᠠ ᠶᠢ 《ᠬᠤᠳᠠᠯᠴᠢ》 ᠭᠡᠵᠦ ᠪᠤᠤ ᠵᠢᠮᠡᠯᠡᠭᠡᠷᠡᠢ᠃ ᠡᠶᠢᠮᠦ ᠶᠠᠪᠤᠳᠠᠯ ᠳᠡᠩᠳᠡᠭᠦᠦ ᠣᠯᠠᠨ ᠭᠠᠷᠤᠭᠰᠠᠨ ᠠᠴᠠ ᠠᠮᠢᠳᠤ ᠦᠯᠡᠳᠡᠭᠰᠡᠨ ᠬᠣᠪᠣᠷ ᠲᠣᠬᠢᠶᠠᠯᠳᠤᠯ ᠨᠢ ᠷᠠᠪᠵᠠ ᠭᠤᠸᠠᠢ ᠪᠠᠶᠢᠭᠰᠠᠨ ᠶᠤᠮ᠃
   1960-1963 ᠣᠨ ᠤ ᠥᠯᠥᠰᠬᠦᠯᠡᠩ ᠦᠨ ᠦᠶ᠎ᠡ ᠳᠦ ᠬᠢᠲᠠᠳ ᠤᠳ ᠨᠢᠭᠡ ᠨᠢᠭᠡᠨ ᠢᠶᠡᠨ ᠪᠠᠷᠢᠵᠤ ᠢᠳᠡᠬᠦ᠂ ᠠᠪᠤ ᠡᠵᠢ ᠨᠢ ᠬᠡᠦᠬᠡᠳ ᠢᠶᠡᠨ ᠢᠳᠡᠬᠦ᠂ 1966 ᠣᠨ ᠠᠴᠠ ᠡᠬᠢᠯᠡᠭᠰᠡᠨ 10 ᠵᠢᠯ ᠦᠨ ᠰᠤᠶᠤᠯ ᠤᠨ ᠬᠤᠪᠢᠰᠬᠠᠯ ᠤᠨ ᠦᠶ᠎ᠡ ᠳᠦ ᠬᠦᠮᠦᠨ ᠶᠠᠭᠠᠬᠢᠵᠤ ᠠᠯᠠᠵᠤ ᠪᠠᠶᠢᠭᠰᠠᠨ ᠲᠤᠬᠠᠢ ᠬᠢᠲᠠᠳ ᠤᠨ ᠱᠠ ᠴᠢᠨ᠂ ᠯᠣ ᠸᠢᠨ᠂ ᠵᠢᠩ ᠢᠢ ᠵᠡᠷᠭᠡ ᠵᠣᠬᠢᠶᠠᠯᠴᠢᠳ ᠤᠨ ᠪᠢᠴᠢᠭᠰᠡᠨ ᠪᠠᠷᠢᠮᠲᠠᠲᠤ ᠲᠤᠭᠤᠵᠢ ᠨᠤᠭᠤᠳ ᠠᠴᠠ ᠵᠢᠱᠢᠶ᠎ᠡ ᠲᠠᠲᠠᠪᠠᠯ ᠵᠥᠭᠡᠯᠡᠨ ᠰᠡᠳᠬᠢᠯᠲᠦ ᠮᠣᠩᠭᠣᠯ ᠤᠩᠰᠢᠭᠴᠢ ᠲᠠ ᠬᠠᠷ᠎ᠠ ᠳᠠᠷᠤᠨ ᠤᠨᠲᠠᠵᠤ ᠴᠢᠳᠠᠬᠤ ᠦᠭᠡᠢ ᠲᠤᠯᠠ ᠪᠣᠯᠶ‍ᠶ᠎ᠠ᠎᠃
   ᠬᠢᠲᠠᠳ ᠤᠳ ᠥᠪᠡᠷ ᠢ ᠪᠡᠨ 5000 ᠵᠢᠯ ᠦᠨ ᠪᠣᠯᠪᠠᠰᠤᠨ ᠤ ᠲᠡᠦᠬᠡ ᠲᠡᠢ᠂ ᠪᠢᠴᠢᠵᠦ ᠬᠤᠷᠢᠶᠠᠭᠰᠠᠨ ᠨᠣᠮ ᠰᠤᠳᠤᠷ ᠢᠶᠠᠨ ᠵᠡᠷᠭᠡᠴᠡᠭᠦᠯᠦᠭᠡᠳ ᠥᠷᠡᠪᠡᠯ ᠳᠠᠬᠢᠨ ᠨᠢᠭᠡ ᠴᠠᠭᠠᠨ ᠬᠡᠷᠡᠮ ᠪᠣᠯᠤᠨ᠎ᠠ ᠭᠡᠵᠦ ᠭᠠᠶᠢᠬᠠᠭᠤᠯᠬᠤ ᠳᠤᠷᠠᠲᠠᠢ᠃ ᠪᠠᠰᠠ ᠴᠤ ᠡᠶᠢᠨ ᠬᠡᠯᠡᠵᠦ ᠪᠠᠶᠢᠭ᠎ᠠ ᠳᠤ ᠦᠨᠡᠨ ᠦ ᠬᠤᠪᠢ ᠪᠤᠢ᠃ ᠲᠡᠶᠢᠮᠦ ᠪᠣᠯᠬᠣᠷ ᠳᠡᠭᠡᠷ᠎ᠡ ᠮᠢᠨᠦ ᠦᠭᠦᠯᠡᠭᠰᠡᠨ ᠢ ᠥᠨᠢ ᠡᠷᠲᠡᠨ ᠦ ᠶᠠᠪᠤᠳᠠᠯ ᠬᠡᠮᠡᠨ ᠪᠤᠤ ᠡᠨᠳᠡᠭᠦᠷᠡᠭᠡᠷᠡᠢ᠃ ᠡᠰᠡᠪᠡᠯ ᠶᠡᠬᠡ ᠦᠨᠳᠦᠰᠦᠲᠡᠨ ᠦ ᠰᠤᠭᠤᠨ ᠳᠤ ᠬᠠᠪᠴᠢᠭᠤᠯᠤᠭᠳᠠᠨ ᠬᠣᠷᠣᠰᠤᠭᠰᠠᠨ ᠨᠢᠭᠡᠨ ᠵᠢᠵᠢᠭ ᠦᠨᠳᠦᠰᠦᠲᠡᠨ ᠦ ᠲᠥᠯᠥᠭᠡᠯᠡᠭᠴᠢ ᠪᠢᠴᠢᠭ ᠦᠨ ᠰᠣᠯᠢᠶᠠᠲᠤ ᠶᠢᠨ ᠬᠡᠶᠢᠷᠬᠡᠯ ᠭᠡᠵᠦ ᠪᠤᠤ ᠲᠠᠰᠢᠶ᠎ᠠ ᠪᠣᠳᠣᠭᠲᠤᠨ᠃ ᠡᠨᠡ ᠪᠦᠬᠦᠨ ᠲᠤᠩ ᠰᠠᠶ᠋ᠢᠬᠠᠨ ᠤ ᠶᠠᠪᠤᠳᠠᠯ ᠪᠥᠭᠡᠳ ᠨᠣᠮ ᠰᠤᠳᠤᠷ ᠲᠤ ᠪᠢᠴᠢᠭᠳᠡᠨ ᠨᠡᠶᠢᠲᠡ ᠳᠦ ᠢᠯᠡ ᠪᠣᠯᠤᠭᠰᠠᠨ ᠪᠠᠷᠢᠮᠲᠠ ᠭᠡᠳᠡᠭ ᠢ ᠪᠠᠰᠠ ᠨᠢᠭᠡᠨᠲᠡ ᠨᠤᠷᠱᠤᠨ ᠲᠡᠮᠳᠡᠭᠯᠡᠶ᠎ᠡ᠃
   ᠢᠨᠲ᠋ᠧᠷᠨᠡᠲ ᠲᠦ᠂ ᠬᠢᠲᠠᠳ ᠤᠨ ᠡᠮᠦᠨᠡᠲᠦ ᠬᠡᠰᠡᠭ ᠲᠦ᠂ ᠮᠢᠩᠭ᠎ᠠ ᠶᠢᠰᠦᠨ ᠵᠠᠭᠤ ᠶᠡᠷᠡᠭᠡᠳ ᠣᠨ ᠳᠤ ᠬᠡᠦᠬᠡᠳ ᠢᠳᠡᠬᠦ ᠶᠠᠪᠤᠳᠠᠯ ᠭᠠᠷᠴᠤ ᠪᠠᠶᠢᠭ᠎ᠠ ᠲᠤᠬᠠᠢ ᠪᠠᠷᠢᠮᠲᠠ ᠲᠠᠯᠪᠢᠭᠳᠠᠬᠤ ᠪᠣᠯᠤᠭᠰᠠᠨ᠃ ᠮᠥᠨ ᠢᠨᠲ᠋ᠧᠷᠨᠡᠲ ᠲᠦ ᠰᠠᠶ᠋ᠢᠬᠠᠨ ᠲᠠᠯᠪᠢᠭᠳᠠᠭᠰᠠᠨ 《ᠡᠪ ᠬᠠᠮᠲᠤ ᠨᠠᠮ ᠢ ᠶᠢᠰᠦᠨᠲᠡ ᠰᠢᠭᠦᠮᠵᠢᠯᠡᠬᠦ ᠨᠢ》 ᠨᠣᠮ ᠤᠨ 66 ᠳ᠋ᠤᠭᠠᠷ ᠨᠢᠭᠤᠷ ᠲᠤ 《ᠹᠠ ᠯᠦᠨ ᠭᠦ‍ᠩ ᠢ ᠬᠡᠯᠮᠡᠭᠳᠡᠭᠦᠯᠦᠭᠰᠡᠨ ᠨᠢ》 ᠬᠡᠮᠡᠬᠦ ᠪᠦᠯᠦᠭ ᠪᠠᠶᠢᠬᠤ ᠪᠥᠭᠡᠳ ᠲᠡᠭᠦᠨ ᠳᠣᠲᠣᠷ᠎ᠠ ᠬᠦᠮᠦᠨ ᠲᠠᠮᠤᠯᠠᠭᠰᠠᠨ ᠲᠤᠬᠠᠢ ᠣᠯᠠᠨ ᠪᠠᠷᠢᠮᠲᠠ ᠦᠭᠦᠯᠡᠭᠰᠡᠨ ᠪᠠᠶᠢᠨ᠎ᠠ᠃
   ᠮᠣᠩᠭᠣᠯᠴᠤᠳ 13 ᠳ᠋ᠣᠭᠠᠷ ᠵᠠᠭᠤᠨ ᠳᠤ ᠳᠡᠯᠡᠬᠡᠢ ᠶᠢ ᠳᠠᠶᠢᠯᠠᠨ ᠳᠠᠭᠠᠭᠤᠯᠬᠤ ᠳᠤ ᠪᠠᠨ ᠴᠤ ᠡᠶᠢᠮᠦᠷᠬᠡᠦ ᠬᠠᠷᠭᠢᠰ ᠬᠡᠷᠴᠡᠭᠡᠢ ᠲᠠᠮᠤᠯᠠᠯ ᠬᠡᠷᠡᠭᠯᠡᠭᠰᠡᠨ ᠬᠡᠮᠡᠬᠦ ᠪᠠᠷᠢᠮᠲᠠ ᠲᠡᠮᠳᠡᠭᠯᠡᠭᠳᠡᠭᠰᠡᠨ ᠢ ᠮᠡᠬᠦᠰ ᠪᠢ ᠣᠯᠵᠤ ᠦᠵᠡᠭᠡ ᠦᠭᠡᠢ᠂ ᠰᠣᠨᠣᠰᠤᠭ᠎ᠠ ᠦᠭᠡᠢ᠃ ᠵᠠᠩ ᠵᠸ ᠮᠢᠨᠦ ᠨᠤᠲᠤᠭ ᠶᠠᠩᠵᠸᠦ ᠬᠣᠲᠠ ᠭᠡᠵᠦ ᠪᠤᠢ᠃ ᠮᠣᠩᠭᠣᠯᠴᠤᠳ ᠡᠨᠳᠡ ᠰᠢᠷᠦᠭᠦᠨ ᠡᠰᠡᠷᠭᠦᠴᠡᠯ ᠲᠡᠢ ᠲᠤᠯᠭᠠᠷᠴ‍ᠤ᠂ ᠬᠣᠲᠠ ᠶᠢ ᠡᠵᠡᠯᠡᠭᠰᠡᠨ ᠦ ᠬᠢ ᠪᠡᠨ ᠳᠠᠷᠠᠭ᠎ᠠ ᠠᠷᠪᠠᠨ ᠡᠳᠦᠷ ᠴᠡᠷᠢᠭ ᠦᠳ ᠲᠡᠭᠡᠨ ᠳᠤᠷ᠎ᠠ ᠪᠠᠷ ᠢᠶᠠᠨ ᠠᠭᠠᠰᠢᠯᠠᠬᠤ ᠡᠷᠬᠡ ᠣᠯᠭᠤᠵᠤ᠂ 《 ᠶᠠᠩᠵᠸᠦ ᠶᠢᠨ 10 ᠬᠣᠨᠣᠭ》 ᠬᠡᠮᠡᠬᠦ ᠬᠢᠳᠤᠯᠭ᠎ᠠ ᠦᠢᠯᠡᠳᠦᠭᠰᠡᠨ ᠭᠡᠵᠦ ᠬᠢᠲᠠᠳ ᠰᠤᠳᠤᠷ ᠲᠤ ᠪᠢᠴᠢᠳᠡᠭ᠃ 《ᠬᠦᠮᠦᠨ ᠦ ᠴᠢᠰᠤ ᠳᠠᠭᠤ ᠲᠠᠢ ᠤᠷᠤᠰᠴ‍ᠤ ᠪᠠᠶᠢᠯ᠎ᠠ》 ᠬᠡᠮᠡᠨ ᠳᠦᠷᠰᠦᠯᠡᠨ ᠲᠡᠮᠳᠡᠭᠯᠡᠭᠰᠡᠨ ᠪᠠᠶᠢᠬᠤ ᠠᠪ‍ᠠᠴᠣ 700 ᠵᠢᠯ ᠦᠨ ᠳᠠᠷᠠᠭ᠎ᠠ ᠥᠪ‍ᠦᠷ ᠮᠣᠩᠭᠣᠯ ᠳᠤ ᠬᠢᠭᠡᠳ ᠥᠪᠡᠷ ᠬᠣᠭᠣᠷᠣᠨᠳᠣ ᠪᠠᠨ ᠬᠡᠷᠡᠭᠯᠡᠭᠰᠡᠨ ᠰᠢᠭ ᠲᠡᠶᠢᠮᠦ ᠬᠠᠷᠭᠢᠰ ᠲᠠᠮᠤᠯᠠᠯ ᠤᠨ ᠲᠤᠬᠠᠢ ᠲᠡᠮᠳᠡᠭᠯᠡᠭᠰᠡᠨ ᠵᠦᠢᠯ ᠪᠠᠶᠢᠳᠠᠭ ᠦᠭᠡᠢ ᠶᠤᠮ᠃
   ᠥᠪᠥᠷ ᠮᠣᠩᠭᠣᠯ ᠳᠤ ᠮᠢᠩᠭ᠎ᠠ ᠶᠢᠰᠦᠨ ᠵᠠᠭᠤ ᠵᠢᠷᠠᠭᠠᠳ ᠣᠨ ᠳᠤ ᠠᠩᠬ᠎ᠠ ᠢᠷᠡᠵᠦ ᠪᠠᠶᠢᠭᠰᠠᠨ ᠬᠢᠲᠠᠳ ᠤᠳ ᠤᠷᠠᠩᠬᠠᠢ ᠨᠠᠪᠲᠠᠷᠬᠠᠢ ᠶᠢ ᠨᠥᠮᠥᠷᠦᠭᠰᠡᠨ᠂ ᠶᠠᠭ ᠯᠠ ᠤᠯᠠᠭᠠᠨᠪᠠᠭᠠᠲᠤᠷ ᠤᠨ ᠭᠤᠳᠤᠮᠵᠢᠨ ᠤ ᠰᠣᠭᠲᠣᠭᠤ ᠨᠤᠭᠤᠳ ᠰᠢᠭ ᠪᠠᠶᠢᠯ᠎ᠠ᠃ 《ᠬᠢᠲᠠᠳ ᠭᠡᠭᠴᠢ ᠬᠠᠮᠤᠭ ᠤᠨ ᠶᠠᠳᠠᠭᠤ᠂ ᠬᠠᠮᠤᠭ ᠤᠨ ᠬᠥᠭᠡᠷᠦᠬᠦᠢ᠂ ᠬᠠᠮᠤᠭ ᠤᠨ ᠠᠶᠤᠮᠠᠬᠠᠢ ᠤᠯᠤᠰ》 ᠭᠡᠵᠦ ᠨᠠᠮ᠎ᠠ ᠶᠢ ᠬᠡᠦᠬᠡᠳ ᠪᠠᠶᠢᠬᠤ ᠳᠤ ᠲᠣᠮᠣᠴᠤᠤᠯ ᠶᠠᠷᠢᠳᠠᠭ ᠪᠠᠶᠢᠭᠰᠠᠨ ᠳᠤ ᠪᠢ ᠰᠠᠶ᠋ᠢᠬᠠᠨ ᠪᠣᠯᠲᠠᠯ᠎ᠠ ᠢᠲᠡᠭᠡᠵᠦ ᠪᠠᠶᠢᠪᠠ᠃ ᠭᠡᠲᠡᠯ᠎ᠡ ᠬᠢᠲᠠᠳ ᠤᠳ ᠦᠨᠡᠨ ᠬᠡᠷᠡᠭ ᠳᠡᠭᠡᠷ᠎ᠡ ᠪᠡᠨ ᠬᠤᠪ‍ᠢ ᠶᠢᠨ ᠡᠷᠬᠡ ᠠᠰᠢᠭ ᠤᠨ ᠬᠢ ᠪᠡᠨ ᠲᠥᠯᠥᠭᠡ ᠦᠬᠦᠬᠦ ᠡᠴᠡ ᠪᠤᠴᠠᠬᠤ ᠦᠭᠡᠢ ᠬᠠᠲᠠᠨ ᠵᠣᠷᠢᠭᠲᠠᠨ᠂ ᠰᠢᠨᠤᠨ ᠲᠡᠮᠡᠴᠡᠭᠴᠢ ᠭᠡᠳᠡᠭ ᠢ ᠪᠢ ᠡᠷ᠎ᠡ ᠪᠡᠶ᠎ᠡ ᠵᠢᠭᠰᠠᠵᠤ᠂ ᠡᠷᠳᠡᠮ ᠤᠬᠠᠭᠠᠨ ᠤ ᠵᠠᠬ᠎ᠠ ᠵᠤᠬ᠎ᠠ ᠠᠴᠠ ᠵᠠᠭᠤᠭᠰᠠᠨ ᠤ ᠬᠢ ᠪᠠᠨ ᠳᠠᠷᠠᠭ᠎ᠠ ᠲᠦᠮᠡᠨ ᠣᠯᠠᠨ ᠳᠤ ᠪᠠᠨ ᠬᠦᠴᠦ ᠪᠡᠨ ᠦᠨᠡᠯᠡᠨ ᠠᠵᠢᠯᠯᠠᠵᠤ ᠪᠠᠶᠢᠵᠤ ᠰᠠᠶ᠋ᠢ ᠤᠬᠠᠭᠠᠷᠠᠵᠤ ᠪᠢᠯᠡ᠃ ᠣᠳᠣ ᠬᠢᠲᠠᠳ ᠤᠳ ᠭᠠᠭᠴᠠ ᠥᠪᠥᠷ ᠮᠣᠩᠭᠣᠯ ᠳᠤ ᠪᠢᠰᠢ᠂ ᠳᠡᠯᠡᠬᠡᠢ ᠳᠠᠶᠠᠭᠠᠷ ᠲᠡᠯᠡᠵᠦ᠂ ᠥᠷᠭᠡᠳᠬᠡᠯ ᠬᠢᠵᠦ ᠪᠠᠶᠢᠭ᠎ᠠ ᠶᠢ ᠪᠢᠳᠡ ᠬᠠᠷᠠᠵᠤ ᠪᠠᠶᠢᠨ᠎ᠠ᠃ ᠠᠶᠤᠮᠠᠬᠠᠢ ᠬᠦᠮᠦᠰ ᠢᠩᠭᠢᠵᠦ ᠬᠦᠮᠦᠨ ᠦ ᠤᠯᠤᠰ ᠳᠣᠲᠣᠷ᠎ᠠ ᠥᠪᠡᠷ ᠦᠨ 《ᠤᠯᠤᠰ》 ᠪᠠᠶᠢᠭᠤᠯᠤᠨ᠎ᠠ ᠭᠡᠵᠦ ᠦᠦ᠃ ᠠᠵᠢᠯ ᠬᠢᠵᠦ᠂ ᠠᠮᠢ ᠵᠢᠭᠤᠬᠤ ᠭᠡᠵᠦ ᠥᠪᠥᠷ ᠮᠣᠩᠭᠣᠯ ᠳᠤ ᠢᠷᠡᠴᠢᠬᠡᠭᠡᠳ ᠲᠡᠳᠦᠯ ᠦᠭᠡᠢ ᠡᠵᠡᠳ ᠢ ᠨᠢ ᠵᠣᠳᠣᠵᠤ᠂ ᠣᠯᠠᠨ ᠤ ᠣᠯᠠᠨ ᠢᠶᠠᠷ ᠲᠦᠷᠡᠢ ᠪᠠᠷᠢᠨ ᠡᠯᠳᠡᠪ ᠢᠶᠡᠷ ᠳᠡᠭᠡᠷᠡᠯᠬᠡᠵᠦ᠂ ᠥᠬᠢᠳ ᠬᠡᠦᠬᠡᠨ ᠢ ᠨᠢ ᠰᠦᠢᠳᠬᠡᠵᠦ ᠪᠠᠶᠢᠬᠤ ᠭᠡᠵᠦ ᠦᠦ᠃ ᠡᠨᠡ ᠮᠡᠲᠦ ᠶᠠᠪᠤᠳᠠᠯ ᠤᠨ ᠵᠠᠬ᠎ᠠ ᠰᠡᠵᠢᠭᠦᠷ ᠮᠣᠩᠭᠣᠯ ᠤᠯᠤᠰ ᠲᠤ ᠴᠤ ᠦᠶ᠎ᠡ ᠦᠶ᠎ᠡ ᠰᠣᠨᠣᠰᠤᠭᠳᠠᠬᠤ ᠪᠣᠯᠤᠭᠰᠠᠨ ᠳᠤ ᠰᠡᠳᠬᠢᠯ ᠲᠦᠭᠰᠢᠨ᠎ᠡ᠃
   ᠣᠷᠣᠰ ᠬᠣᠯᠪᠣᠭᠠᠨ ᠤ ᠤᠯᠤᠰ ᠤᠨ ᠰᠠᠨᠺᠲ - ᠫᠧᠲ᠋ᠧᠷᠪᠦᠷᠡᠭ ᠬᠣᠲᠠ ᠲᠦ ᠬᠢᠲᠠᠳ ᠤᠳ ᠣᠯᠠᠰᠢᠷᠠᠭᠰᠠᠨ ᠳᠤ ᠣᠷᠣᠨ ᠨᠤᠲᠤᠭ ᠤᠨ ᠰᠠᠬᠢᠯᠭᠠᠭᠦᠶᠢᠴᠦᠳ ᠳᠤᠷᠠᠭᠦᠶᠢᠴᠡᠨ ᠨᠢᠭᠡᠳᠴᠦ᠂ ᠨᠤᠲᠤᠭ ᠠᠴᠠ ᠪᠠᠨ ᠬᠥᠭᠡᠭᠡᠨ ᠵᠠᠶᠢᠯᠠᠭᠤᠯᠬᠤ ᠪᠠᠷ ᠰᠢᠭᠤᠳᠤᠷᠠᠨ ᠳᠡᠯᠭᠡᠭᠦᠷ ᠯᠠᠩᠭᠤᠢ ᠶᠢ ᠨᠢ ᠰᠦᠢᠳᠬᠡᠵᠦ᠂ ᠡᠳ᠋ ᠪᠠᠷᠠᠭ᠎ᠠ ᠶᠢ ᠨᠢ ᠪᠤᠯᠢᠶᠠᠨ ᠳᠡᠭᠡᠷᠡᠮᠳᠡᠵᠦ᠂ ᠨᠠᠶᠢᠮᠠᠶᠢᠴᠢᠳ ᠢ ᠵᠣᠳᠣᠵᠤ ᠨᠦᠳᠦᠵᠦ ᠰᠦᠷᠳᠡᠭᠦᠯᠬᠦ ᠪᠣᠯᠵᠠᠢ᠃ ᠤᠷᠢᠳᠤ ᠣᠷᠣᠢ ᠨᠢ ᠬᠥᠬᠡ ᠨᠢᠴᠤ ᠪᠣᠯᠲᠠᠯ᠎ᠠ ᠵᠣᠳᠣᠭᠤᠯᠤᠭᠰᠠᠨ ᠬᠢᠲᠠᠳ ᠮᠠᠷᠭᠠᠰᠢ ᠨᠢ ᠮᠥᠨ ᠯᠠ ᠣᠷᠣᠰ ᠨᠠᠶᠢᠮᠠᠭᠠᠴᠢᠳ ᠠᠴᠠ ᠡᠮᠦᠨ᠎ᠡ ᠡᠷᠲᠡᠯᠡᠨ ᠢᠷᠡᠴᠢᠬᠡᠭᠰᠡᠨ ᠪᠡᠭᠡᠪᠡᠶᠢᠨ ᠵᠣᠭᠰᠣ‍ᠵᠤ ᠪᠠᠶᠢᠬᠤ ᠶᠢ ᠬᠠᠷᠠᠭᠠᠳ ᠮᠡᠯ ᠭᠠᠶᠢᠬᠠᠭᠰᠠᠨ ᠲᠤᠬᠠᠢ ᠬᠡᠪᠯᠡᠯ ᠳᠦ ᠪᠢᠴᠢᠭᠰᠡᠨ ᠪᠠᠶᠢᠨ᠎ᠠ᠃ ᠤᠷᠵᠢᠨᠤᠨ ︵2005 ᠣᠨ ᠳᠤ︶ ᠰᠠᠨᠺᠲ - ᠫᠧᠲ᠋ᠧᠷᠪᠦᠷᠡᠭ ᠬᠣᠲᠠ ᠲᠦ ᠬᠢᠲᠠᠳ ᠤᠨ ᠭᠤᠳᠤᠮᠵᠢ ᠪᠠᠶᠢᠭᠤᠯᠬᠤ ᠭᠠᠵᠠᠷ ᠭᠠᠷᠭᠠᠵᠤ ᠥᠭᠭᠦᠭᠰᠡᠨ ᠨᠢ ᠣᠷᠣᠰ ᠤᠨ ᠲᠡᠦᠬᠡᠨ ᠳᠦ ᠠᠩᠬᠠᠨ ᠤ ᠶᠠᠪᠤᠳᠠᠯ ᠪᠣᠯᠵᠤ ᠪᠠᠶᠢᠭ᠎ᠠ ᠭᠡᠨ᠎ᠡ᠃
   ᠬᠢᠲᠠᠳ ᠬᠦᠮᠦᠨ ᠪᠠᠶᠢᠭᠠᠯᠢ᠂ ᠠᠮᠢᠲᠠᠨ ᠤᠷᠭᠤᠮᠠᠯ ᠳᠤ ᠲᠥᠷᠥᠯᠬᠢ ᠶᠢᠨ ᠥᠰᠢᠶ᠎ᠡ ᠲᠡᠢ ᠭᠡᠮᠡᠷ ᠤᠯᠤᠰ᠃ ᠴᠠᠭ ᠠᠭᠠᠷ ᠤᠨ ᠬᠤᠪᠢ ᠳᠤ ᠥᠪᠥᠷ ᠮᠣᠩᠭᠣᠯ ᠠᠷᠤ ᠮᠣᠩᠭᠣᠯ ᠠᠴᠠ ᠬᠠᠷᠢᠴᠠᠩᠭᠤᠢ ᠳᠤᠯᠠᠭᠠᠨ᠂ ᠡᠪᠡᠰᠦ ᠤᠷᠭᠤᠮᠠᠯ ᠢᠯᠡᠭᠦᠦ ᠰᠠᠬᠤᠯᠢᠭ ᠤᠨ ᠬᠤᠪᠢ ᠳᠤ ᠠᠮᠢᠲᠠᠨ ᠠᠷᠢᠶᠠᠲᠠᠨ ᠴᠤ ᠡᠯᠪᠡᠭ ᠪᠠᠶᠢᠬᠤ ᠶᠣᠰᠣᠲᠠᠢ ᠭᠡᠵᠦ ᠪᠢ ᠪᠣᠳᠣᠳᠠᠭ᠃ ᠲᠡᠶᠢᠮᠦ ᠴᠤ ᠪᠠᠶᠢᠭᠰᠠᠨ ᠪᠠᠶᠢᠬᠤ᠃ ᠬᠠᠷᠢᠨ ᠣᠳᠣ ᠠᠭᠠᠷ ᠲᠤ ᠨᠢ ᠡᠯᠢ‍ᠶ᠎ᠡ ᠨᠢᠰᠬᠦ ᠪᠡᠨ ᠪᠣᠯᠢᠵᠤ᠂ ᠭᠠᠵᠠᠷ ᠲᠤ ᠨᠢ ᠠᠯᠠᠭ ᠳᠠᠭ᠎ᠠ ᠬᠠᠷᠠᠶᠢᠭᠰᠠᠨ ᠴᠤ ᠲᠣᠭᠣᠰᠣ ᠮᠠᠨᠠᠷᠠᠳᠠᠭ ᠪᠣᠯᠤᠭᠠᠳ ᠪᠠᠶᠢᠨ᠎ᠠ᠃ ᠮᠠᠨ ᠤ ᠨᠤᠲᠤᠭ ᠲᠤ ᠤᠰᠤᠨ ᠤ ᠰᠢᠪᠠᠭᠤ ᠳᠣᠩᠭᠣᠳᠬᠤ ᠪᠠᠨ ᠪᠣᠯᠢᠭᠠᠳ ᠯᠠᠪ 20 ᠵᠢᠯ ᠪᠣᠯᠵᠠᠢ᠃ ᠬᠢᠲᠠᠳ ᠤᠳ ᠪᠤᠭᠤ᠂ ᠵᠡᠭᠡᠷ᠎ᠡ ᠶᠢ ᠴᠡᠷᠢᠭ ᠠᠷᠮᠢ ᠬᠥᠳᠡᠯᠭᠡᠨ ᠠᠯᠠᠵᠤ᠂ ᠮᠢᠬ᠎ᠠ ᠺᠣᠮᠪᠢᠨᠠᠲ᠋ ᠳᠤ ᠬᠦᠷᠭᠡᠵᠦ ᠪᠠᠶᠢᠭᠰᠠᠨ᠃ ᠦᠨᠡᠭᠡ᠂ ᠲᠠᠤᠯᠠᠢ ᠶᠢ ᠤᠷᠠᠬ᠎ᠠ ᠬᠠᠪᠬ᠎ᠠ ᠪᠠᠷ ᠪᠠᠷᠢᠵᠤ᠂ ᠲᠠᠷᠪᠠᠭ᠎ᠠ᠂ ᠵᠤᠷᠠᠮ᠎ᠠ ᠶᠢ ᠰᠢᠷᠠᠵᠤ ᠢᠳᠡᠵᠦ ᠳᠠᠭᠤᠰᠤᠯ᠎ᠠ᠃ ᠮᠣᠩᠭᠣᠯᠴᠤᠳ ᠪᠢᠳᠡ ᠰᠢᠪᠠᠭᠤᠨ ᠤ ᠥᠨᠳᠡᠭᠡᠨ ᠳᠦ ᠰᠡᠭᠦᠳᠡᠷ ᠢᠶᠡᠨ ᠴᠤ ᠲᠤᠰᠬᠠᠬᠤ ᠶᠢ ᠴᠡᠭᠡᠷᠯᠡᠳᠡᠭ᠃ ᠬᠢᠲᠠᠳ ᠤᠳ ᠲᠡᠶᠢᠮᠦ ᠣᠶᠢᠯᠠᠭᠠᠯᠲᠠ ᠣᠭᠲᠣ ᠪᠠᠶᠢᠬᠤ ᠦᠭᠡᠢ᠂ ᠡᠷᠢᠵᠦ ᠣᠯᠤᠨ᠂ ᠬᠣᠷᠮᠣᠶᠢᠯᠠᠵᠤ ᠠᠪᠴᠢᠷᠠᠭᠠᠳ ᠯᠠ ᠰᠢᠷᠠᠵᠤ ᠢᠳᠡᠨ᠎ᠡ᠃ ᠬᠠᠯᠢᠰᠤ ᠪᠠᠨ ᠬᠠᠷᠢᠭᠤ ᠦᠭᠡᠢ ᠴᠣᠭᠣᠯᠤᠨ ᠭᠠᠷᠴᠤ ᠢᠷᠡᠬᠦ ᠭᠡᠵᠦ ᠪᠠᠶᠢᠭ᠎ᠠ ᠠᠩᠭᠠᠬᠠᠢ ᠲᠠᠭᠠᠷᠠᠯᠳᠤᠪᠠᠯ ᠪᠦᠷ ᠰᠢᠮ᠎ᠡ ᠲᠡᠵᠢᠭᠡᠯ ᠲᠡᠢ ᠬᠡᠮᠡᠨ ᠪᠠᠶᠠᠷᠯᠠᠨ ᠢᠳᠡᠨ᠎ᠡ ᠭᠡᠭᠴᠢ᠃
   ᠬᠢᠲᠠᠳ ᠬᠦᠮᠦᠨ ᠬᠣᠭᠣᠰᠣᠨ ᠭᠠᠵᠠᠷ ᠬᠠᠷᠠᠭᠤᠲᠠ ᠪᠠᠨ ᠯᠠ ᠠᠨᠵᠢᠰᠤ ᠣᠷᠣᠭᠤᠯᠤᠨ᠎ᠠ᠃ ᠮᠣᠩᠭᠣᠯ ᠭᠠᠵᠠᠷ ᠤᠨ ᠬᠥᠷᠦᠰ‍ᠦ ᠨᠢᠮᠭᠡᠨ ᠪᠣᠯᠬᠣᠷ ᠭᠤᠷᠪᠠᠨ ᠵᠢᠯ ᠡᠴᠡ ᠬᠡᠲᠦᠷᠬᠦ ᠦᠭᠡᠢ ᠬᠤᠭᠤᠴᠠᠭ᠎ᠠ ᠥᠩᠭᠡᠷᠡᠬᠦ ᠳᠦ ᠯᠠ ᠡᠯᠡᠰᠦ ᠪᠣᠯᠤᠨ᠎ᠠ᠃ ᠭᠡᠰᠡᠨ ᠴᠤ ᠬᠢᠲᠠᠳ ᠬᠦᠮᠦᠨ ᠠᠮᠠᠷᠬᠠᠨ ᠰᠠᠯᠬᠤ ᠦᠭᠡᠢ᠃ ᠡᠯᠡᠰᠦᠨ ᠳᠡᠭᠡᠷ᠎ᠡ ᠪᠣᠷᠳᠣᠭ᠎ᠠ ᠬᠠᠶᠠᠵᠤ ᠪᠠᠶᠢᠭᠠᠳ ᠦᠷ᠎ᠡ ᠰᠠᠴᠤᠨ᠎ᠠ᠃ ᠪᠣᠷᠳᠣᠭ᠎ᠠ ᠴᠤ ᠲᠤᠰᠠ ᠪᠠᠨ ᠥᠭᠭᠦ ᠦᠭᠡᠢ᠂ ᠤᠷᠭᠤᠴᠠ ᠮᠠᠭᠤᠳᠠᠬᠤ ᠶᠢᠨ ᠴᠠᠭ ᠲᠤ ᠣᠷᠬᠢᠭᠠᠳ ᠥᠭᠡᠷ᠎ᠡ ᠭᠠᠵᠠᠷ ᠨᠤᠲᠤᠭ ᠡᠷᠢᠭᠡᠳ ᠠᠷᠢᠯᠵᠤ ᠥᠭᠭᠦᠨ᠎ᠡ᠃ ᠬᠡᠳᠦᠨ ᠵᠠᠭᠤᠨ ᠵᠢᠯ ᠤᠷᠭᠤᠭᠰᠠᠨ ᠮᠣᠳᠣ᠂ ᠤᠷᠭᠤᠮᠠᠯ ᠢ ᠴᠤ ᠬᠠᠶᠢᠷᠠᠯᠠᠨ᠎ᠠ ᠭᠡᠵᠦ ᠦᠭᠡᠢ ᠵᠦᠭᠡᠷ ᠯᠠ ᠲᠦᠯᠡᠬᠦ ᠪᠡᠨ ᠪᠣᠳᠣᠨ᠎ᠠ᠃ ᠡᠳᠦᠷ ᠣᠭᠲᠣᠯᠤᠭᠤᠯᠬᠤ ᠦᠭᠡᠢ ᠬᠣᠷᠢᠭᠠᠳ ᠪᠠᠶᠢᠪᠠᠯ ᠰᠥᠨᠢ ᠣᠴᠢᠵᠤ ᠣᠭᠲᠣᠯᠤᠨ᠎ᠠ᠃ ᠬᠣᠷᠢᠭᠯᠠᠭᠰᠠᠨ ᠬᠦᠮᠦᠨ ᠢ ᠮᠣᠳᠣ ᠲᠠᠢ ᠬᠠᠮᠲᠤ ᠬᠢᠷᠦᠭᠡᠳᠡᠵᠦ ᠬᠠᠶᠠᠬᠤ ᠴᠤ ᠡᠨᠡᠦᠬᠡᠨ ᠳᠦ᠃ ᠨᠤᠲᠤᠭ ᠤᠨ ᠮᠠᠨᠢ ᠮᠣᠳᠣ ᠶᠢ ᠡᠳᠦᠭᠡ ᠢᠯᠡ ᠳᠠᠯᠳᠠ ᠤᠨᠠᠭᠠᠵᠤ᠂ ᠲᠦᠯᠡᠵᠦ ᠪᠠᠷᠠᠭᠠᠳ ᠣᠳᠣ ᠬᠣᠴᠣᠷᠤᠭᠰᠠᠨ ᠬᠣᠵᠤᠤᠯ᠎ᠠ ᠶᠢ ᠨᠢ ᠤᠬᠤᠵᠤ ᠲᠥᠩᠬᠢᠬᠦ ᠪᠣᠯᠤᠭᠠᠳ ᠪᠠᠰᠠ ᠬᠡᠳᠦᠨ ᠵᠢᠯ ᠪᠣᠯᠵᠤ ᠪᠠᠶᠢᠨ᠎ᠠ᠃ 《ᠨᠡᠭᠦᠷᠡᠰᠦ ᠰᠢᠭ ᠢᠯᠴᠢᠲᠡᠢ ᠲᠦᠯᠡᠭᠡ ᠪᠠᠶᠢᠬᠤ ᠳᠤ ᠮᠣᠩᠭᠣᠯᠴᠤᠳ ᠮᠡᠳᠡᠳᠡᠭ ᠦᠭᠡᠢ》 ᠭᠡᠵᠦ ᠮᠠᠨ ᠢ ᠮᠠᠩᠭᠠᠷ ᠲᠤ ᠦᠵᠡᠨ᠎ᠡ᠃ ᠵᠢᠮᠢᠰ ᠨᠣᠭᠣᠭ᠎ᠠ ᠲᠡᠭᠦᠬᠦ ᠳᠦ ᠴᠠᠭ ᠤᠯᠠᠷᠢᠯ ᠭᠡᠵᠦ ᠪᠠᠶᠢᠳᠠᠭ ᠢ ᠬᠢᠲᠠᠳ ᠬᠦᠮᠦᠰ ᠬᠡᠷᠡᠭᠰᠡᠬᠦ ᠦᠭᠡᠢ᠂ ᠳᠡᠷᠡᠰᠦ ᠬᠢᠯᠭᠠᠨ᠎ᠠ ᠶᠢ ᠨᠣᠭᠣᠭᠠᠨ ᠢᠶᠠᠷ ᠨᠢ ᠬᠢᠲᠤᠵᠤ᠂ ᠭᠦᠢᠯᠡᠰᠦ ᠶᠢ ᠪᠣᠯᠴᠤᠤ ᠨᠢ ᠬᠠᠲᠠᠭᠤᠷᠠᠬᠤ ᠠᠴᠠ ᠡᠮᠦᠨ᠎ᠡ ᠤᠷᠤᠯᠳᠤᠨ ᠲᠡᠭᠦᠨ᠎ᠡ᠃ ᠥᠪᠡᠷ ᠦᠨ ᠬᠢ ᠪᠡᠨ ᠡᠪᠦᠷ ᠲᠦ ᠯᠠ ᠣᠷᠣᠭᠤᠯᠵᠤ ᠪᠠᠶᠢᠪᠠᠯ ᠲᠦᠭᠦᠬᠡᠢ᠂ ᠳᠤᠲᠠᠭᠤ ᠪᠠᠶᠢᠭᠰᠠᠨ ᠴᠤ ᠬᠠᠮᠢᠶ᠎ᠠ ᠦᠭᠡᠢ᠃ ᠢᠳᠡᠵᠦ ᠤᠭᠤᠬᠤ ᠶᠢᠨ ᠬᠢ ᠪᠡᠨ ᠤᠴᠢᠷ ᠢ ᠶᠠᠭᠠᠬᠢᠵᠤ ᠡᠶᠢᠭᠡᠳ ᠯᠠ ᠣᠯᠤᠨ᠎ᠠ᠃
   ᠮᠣᠩᠭᠣᠯ ᠬᠦᠮᠦᠨ ᠬᠢᠭᠡᠳ ᠬᠢᠲᠠᠳ ᠬᠦᠮᠦᠨ ᠦ ᠲᠤᠬᠠᠢ ᠴᠣᠬᠣᠷ ᠪᠣᠳᠣᠯ ᠢᠶᠠᠨ ᠬᠡᠯᠬᠢᠨ ᠤᠩᠰᠢᠭᠴᠢ ᠲᠠᠨ᠎ᠠ ᠡᠷᠭᠦᠨ ᠪᠠᠷᠢᠪᠠ᠃ ᠠᠳᠠᠯᠢ ᠡᠰᠡ ᠠᠳᠠᠯᠢ ᠶᠢᠨ ᠲᠤᠬᠠᠢ ᠳ᠋ᠦᠩᠨᠡᠯᠲᠡ ᠶᠢ ᠲᠠ ᠪᠦᠬᠦᠨ ᠮᠢᠨᠢ ᠳᠣᠣᠷ᠎ᠠ ᠳᠣᠣᠷ᠎ᠠ ᠪᠠᠨ ᠪᠣᠯᠭᠣᠭᠠᠭᠲᠤᠨ᠃ ᠬᠠᠷᠢᠨ ᠪᠢ ᠣᠭᠲᠣ ᠥᠭᠡᠷ᠎ᠡ ᠬᠡᠮᠡᠬᠦ ᠥᠪᠡᠷ ᠦᠨ ᠪᠣᠳᠣᠯ ᠳᠤ ᠪᠠᠨ ᠦᠨᠡᠨᠴᠢ ᠬᠡᠪ ᠢᠶᠡᠷ ᠦᠯᠡᠳᠡᠵᠦ ᠪᠤᠢ ᠶᠢ ᠪᠠᠨ ᠵᠢᠷᠦᠬᠡᠯᠡᠨ ᠥᠴᠡᠶ᠎ᠡ᠃

ᠡᠬᠢ ᠰᠤᠷᠪᠤᠯᠵᠢ᠄ dayarmongol.mn 



  
     
     