

ᠱᠤᠩᠬᠤᠷ ᠤᠨ ᠠᠭᠤᠯᠠᠨ ᠳᠤ ᠰᠤᠶᠤᠯ ᠤᠨ ᠬᠤᠷ᠎ᠠ ᠱᠠᠬᠢᠯ᠎ᠠ

2019-08-28 11:00
  808
  0
  ᠠᠷᠪᠠᠨ ᠳᠠᠪᠤᠨ ᠤ ᠰᠠᠷ᠎ᠠ ᠨᠢ ᠠᠭᠠᠷ ᠳᠡᠭᠡᠷ᠎ᠡ ᠳᠡᠭᠳᠡᠯ᠎ᠡ ᠬᠥᠢ
  ᠠᠷᠤ ᠥᠪᠥᠷ ᠢᠶᠠᠨ ᠳᠠᠭᠠᠭᠠᠳ ᠡᠭᠦᠯᠡ ᠥᠭᠡᠢ ᠨᠢ ᠶᠠᠭᠤ ᠶᠤᠮ ᠳ᠋ᠠ ᠬᠥᠢ
  ᠬᠠᠶᠢᠷᠠᠳᠠᠢ ᠬᠤᠩᠭᠤᠷ ᠴᠢᠮᠠᠢᠢ ᠪᠠᠨ ᠬᠥᠯᠢᠶᠡᠭᠰᠡᠭᠡᠷ ᠤᠳᠠᠯ᠎ᠡ ᠬᠥᠢ
  ᠬᠠᠷᠢᠨ ᠴᠢ ᠮᠢᠨᠢ ᠬᠥᠷᠥᠭᠡᠳ ᠢᠷᠡᠬᠦ ᠥᠭᠡᠢ ᠨᠢ ᠶᠠᠭᠤ ᠶᠤᠮ ᠳ᠋ᠠ ᠬᠥᠢ ᠁
  8 ᠰᠠᠷ᠎ᠠ ᠶᠢᠨ 7 ᠤ ᠡᠳᠥᠷ᠂ ᠭᠭᠢᠪ ᠳᠤᠷᠭ᠎ᠠ ᠪᠠᠷ ᠴᠢᠮᠡᠭᠯᠡᠭᠳᠡᠭᠰᠡᠨ ᠱᠤᠩᠬᠤᠷ ᠤᠨ ᠠᠭᠤᠯᠠ ᠶᠢᠨ ᠪᠠᠷ᠎ᠠ ᠠᠯᠤᠰ ᠤᠨ ᠠᠯᠤᠰ ᠲᠤ  ᠰᠦᠨᠳᠡᠷᠯᠡᠵᠤ᠂ ᠢᠷᠠᠭᠤ ᠰᠠᠶᠢᠬᠠᠨ ᠢᠨᠠᠬ ᠤᠨ ᠳᠠᠭᠤᠤ ︽ᠤᠪᠤᠭᠠᠨ ᠲᠡᠭᠡᠷᠡᠬᠢ ᠠᠭᠤᠯᠵᠠᠯᠲᠠ︾ ᠬᠤᠯᠠ ᠶᠢᠨ ᠬᠤᠯᠠ ᠳᠤ ᠤᠶᠠᠩᠭᠠᠷᠠᠨ᠎ᠠ᠃ ᠥᠯᠢᠭᠡᠷ ᠳᠤᠮᠤᠬ ᠲᠠᠢ ᠱᠤᠩᠬᠤᠷ ᠤᠨ ᠠᠭᠤᠯᠠᠨ ᠳᠤ᠂ ᠥᠨᠥᠳᠥᠷ ︽ᠨᠢᠭᠡ ᠪᠥᠰᠡ ᠨᠢᠭᠡ ᠵᠠᠮ︾ ᠳᠠᠭᠠᠤ ᠶᠢᠨ ᠺᠠᠨᠠᠳᠠ᠂ ᠰᠢᠩᠭᠠᠫᠤᠷ᠂  ᠹᠷᠠᠨᠼᠢ᠂ ᠫᠤᠯᠠᠨᠳ᠋ ᠵᠡᠷᠭᠡ 20 ᠤᠯᠤᠰ ᠤᠨ ᠵᠠᠭᠤᠨ ᠨᠥᠬᠦᠷᠰᠡᠭ ᠬᠥᠮᠥᠰ᠂ ᠤᠯᠤᠰ ᠤᠨ ᠳᠤᠳᠤᠭᠠᠳᠤ ᠶᠢᠨ ᠮᠠᠨᠵᠤ᠂ ᠬᠤᠳᠤᠩ᠂ ᠵᠤᠸᠠᠩ᠂ ᠲᠥᠵᠢᠶᠠ ᠵᠡᠷᠭᠡ ᠴᠥᠬᠡᠨ ᠳᠤᠭᠠᠳᠤ ᠥᠨᠳᠥᠰᠥᠳᠡᠨ ᠤ 10 ᠬᠤᠤᠰ ᠠᠮᠠᠷᠠᠬᠴᠤᠳ ᠵᠢᠴᠢ ᠳᠤᠮᠳᠠ ᠵᠡᠭᠦᠨ ᠡᠧᠦ᠋ᠷᠥᠫᠠ ᠶᠢᠨ ᠪᠥᠵᠢᠭ ᠤᠨ  ᠵᠤᠰᠠᠯᠠᠩ᠂ ︽ᠵᠢᠭᠠᠰᠤᠨ ᠨᠢᠳᠤ︾ ᠤᠯᠠᠨ ᠤᠯᠤᠰ ᠤᠨ ᠳᠧᠯᠸᠢᠰ ᠤᠨ ᠨᠠᠶᠢᠷ ᠲᠤ ᠤᠷᠤᠯᠴᠠᠬᠰᠠᠨ ᠵᠤᠴᠢᠳ ᠪᠤᠯᠤᠨ ᠯᠢᠶᠤᠤᠨᠢᠩ᠂ ᠭᠤᠧᠠᠩᠳᠦ᠋ᠩ᠂ ᠬᠤᠪᠧᠢ᠂ ᠪᠡᠭᠡᠵᠢᠩ ᠵᠡᠷᠭᠡ ᠮᠤᠵᠢ ᠬᠤᠲᠠ ᠶᠢᠨ ᠬᠠᠮᠢᠶ᠎ᠠ ᠪᠥᠬᠦᠢ ᠬᠤᠳᠠᠯᠳᠤᠭᠠᠨ ᠤ ᠨᠡᠶᠢᠭᠡᠮᠯᠢᠭ᠂ ᠤᠯᠤᠰ ᠤᠨ ᠳᠤᠳᠤᠭᠠᠳᠤ ᠶᠢᠨ ᠨᠡᠷᠡᠳᠥ ᠠᠵᠤ ᠠᠬᠤᠢᠢᠯᠠᠯ ᠤᠨ ᠲᠥᠯᠥᠭᠡᠯᠡᠭᠴᠢᠳ ᠪᠠ ᠲᠤᠬᠠᠢ ᠶᠢᠨ ᠭᠠᠵᠠᠷ ᠤᠨ ᠬᠡᠰᠡᠭ ᠮᠠᠯᠴᠢᠨ ᠲᠠᠷᠢᠶᠠᠴᠢᠨ ᠢ ᠪᠠᠭᠳᠠᠭᠠᠬᠰᠠᠨ 4000 ᠭᠠᠷᠤᠢ ᠬᠥᠮᠥᠰ ᠴᠤᠬᠯᠠᠷᠠᠵᠤ᠂ ᠥᠪᠥᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ ᠰᠤᠶᠤᠯ ᠪᠤᠯᠤᠨ ᠵᠢᠭᠤᠯᠴᠢᠯᠠᠯ ᠤᠨ ᠲᠢᠩᠬᠢᠮ᠂ ᠲᠥᠩᠯᠢᠶᠤᠤ ᠬᠤᠲᠠ ᠶᠢᠨ ᠵᠠᠰᠠᠬ ᠤᠨ ᠤᠷᠳᠤᠨ ᠠᠴᠠ ᠭᠤᠤᠯᠯᠠᠨ ᠡᠷᠬᠢᠯᠡᠭᠰᠡᠨ ︽ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ ᠪᠤᠬᠢᠷᠳᠤᠯ ᠥᠭᠡᠢ ᠬᠥᠭᠵᠢᠯᠲᠠ ᠶᠢ ᠰᠥᠪᠡᠭᠴᠢᠯᠡᠬᠦ︾ ᠤᠪᠤᠭᠠᠨ ᠳᠡᠭᠡᠷᠡᠬᠢ ᠠᠭᠤᠯᠵᠠᠯᠲᠠ ᠭᠤᠤᠯ ᠰᠡᠳᠥᠪᠳᠤ ᠠᠵᠢᠯᠯᠠᠭᠠᠨ ᠤ ᠡᠬᠢᠯᠡᠯᠲᠠ ᠶᠢᠨ ᠶᠤᠰᠤᠯᠠᠯ ᠳᠤ ᠤᠷᠤᠯᠴᠠᠬᠰᠠᠨ ᠪᠠᠶᠢᠨ᠎ᠠ᠃
 ᠡᠬᠢᠯᠡᠯᠲᠠ ᠶᠢᠨ ᠶᠤᠰᠤᠯᠠᠯ ᠨᠢ ᠭᠠᠵᠠᠷ ᠤᠷᠤᠨ ᠤ ᠤᠨᠴᠠᠯᠢᠬ ᠪᠥᠬᠦᠢ ᠥᠨᠳᠥᠰᠥᠲᠠᠨ ᠤ ᠵᠠᠩ ᠥᠢᠯᠡ ᠶᠢᠨ ᠪᠤᠳᠠᠳᠤ ᠥᠵᠡᠭᠳᠡᠯᠳᠤ ᠲᠤᠬᠯᠠᠯᠲᠠ — ᠤᠪᠤᠭᠠᠨ ᠲᠠᠬᠢᠯᠭ᠎ᠠ ᠪᠤᠯᠤᠨ ᠬᠤᠷᠴᠢᠨ ᠬᠤᠷᠢᠮ ᠢᠶᠠᠷ ᠭᠤᠤᠯ ᠰᠢᠵᠢᠮ ᠪᠤᠯᠭᠠᠵᠤ᠂ ᠪᠦᠷᠢᠨ ᠥᠵᠡᠮᠵᠢ ᠶᠢᠨ ᠬᠡᠯᠪᠡᠷᠢ ᠪᠠᠷ ᠲᠠᠯ᠎ᠠ ᠨᠤᠲᠤᠬ ᠤᠨ ᠰᠤᠶᠤᠯ ᠪᠠ ᠵᠠᠩ ᠥᠢᠯᠡ ᠶᠢᠨ ᠥᠪᠡᠷᠮᠢᠴᠡ ᠬᠡᠪ ᠨᠡᠮᠪᠠ ᠶᠢ ᠢᠯᠡᠷᠡᠭᠦᠯᠥᠨ᠂ ᠥᠵᠡᠭᠴᠢᠳ ᠲᠤ ᠤᠷᠠᠨ ᠭᠤᠴᠥ᠂ ᠢᠭᠳᠥᠯᠥᠯ ᠲᠤᠬᠳᠤᠯᠤᠯ ᠲᠠᠢ ᠨᠢᠭᠡᠨ ᠲᠠᠯᠠᠪᠠᠢ ᠰᠤᠶᠤᠯ ᠤᠨ ᠬᠦᠷᠳᠡᠭᠡᠯ ᠬᠠᠩᠭᠠᠬᠰᠠᠨ ᠪᠠᠶᠢᠨ᠎ᠠ᠃ ᠤᠪᠤᠭᠠᠨ ᠲᠠᠬᠢᠯᠭ᠎ᠠ ᠶᠢᠨ ᠠᠵᠢᠯᠯᠠᠭ᠎ᠠ ᠨᠢ ᠬᠤᠷᠴᠢᠨ ᠤ ᠥᠪ ᠵᠤᠵᠠᠭᠠᠨ ᠥᠨᠳᠥᠰᠥᠲᠠᠨ ᠤ ᠰᠤᠶᠤᠯ ᠤᠨ ᠥᠩᠬᠡ ᠳᠥᠷᠰᠥ ᠶᠢ ᠢᠯᠡᠷᠡᠭᠦᠯᠵᠤ᠂ ᠥᠪᠡᠳᠡᠭᠰᠢ ᠶᠡᠭᠡ ᠶᠤᠰᠤᠯᠠᠯ ᠢ ᠳᠤᠪᠤᠶᠢᠯᠭᠠᠨ᠂ ᠠᠬᠤᠢ ᠲᠠᠯᠠᠪᠠᠢ ᠶᠢᠨ ᠵᠤᠴᠢᠳ ᠢ ᠤᠷᠤᠯᠴᠠᠭᠤᠯᠵᠤ᠂ ᠶᠤᠰᠤᠯᠠᠯ ᠤᠨ ᠲᠥᠪ ᠶᠡᠬᠡᠮᠰᠥᠭ ᠢ ᠪᠡᠶᠡᠴᠢᠯᠠᠨ ᠥᠢᠯᠠᠭᠠᠭᠤᠯᠵᠠᠢ᠃ ᠬᠤᠷᠴᠢᠨ ᠬᠤᠷᠢᠮ ᠨᠢ ᠥᠩᠭᠡ ᠢᠯᠭᠠᠷᠠᠬᠰᠠᠨ ᠥᠨᠳᠥᠰᠥᠳᠠᠨ ᠤ ᠳᠠᠭᠤᠤ ᠪᠥᠵᠢᠭ ᠪᠠᠷ ᠤᠷᠠᠯᠢᠬ ᠤᠨ ᠠᠷᠭ᠎ᠠ ᠠᠪᠴᠠᠯ ᠪᠤᠯᠭᠠᠵᠤ᠂ ᠬᠤᠷᠴᠢᠨ ᠤ ᠲᠠᠯ᠎ᠠ ᠨᠤᠲᠤᠬ ᠤᠨ ᠬᠤᠷᠢᠮ ᠢ ᠥᠨᠡᠨ ᠬᠦ ᠠᠬᠤᠢ ᠲᠠᠯᠠᠪᠠᠢ ᠳᠤ ᠠᠮᠢᠯᠠᠭᠤᠯᠵᠤ᠂ ︽ᠬᠠᠶᠢᠷ᠎ᠠ ᠶᠢᠨ ᠲᠤᠬᠳᠤᠯᠤᠯ︾᠂ ︽ᠪᠠᠷᠢ ᠲᠤᠰᠤᠬᠰᠠᠨ ᠨᠢ︾᠂ ︽ᠶᠡᠭᠡ ᠬᠤᠷᠢᠮ︾ ᠵᠡᠷᠭᠡ ᠭᠤᠷᠪᠠᠨ ᠠᠭᠤᠯᠭ᠎ᠠ ᠪᠥᠬᠦᠢ ᠲᠤᠬᠯᠠᠯᠲᠠ ᠪᠠᠷ ᠬᠤᠷᠴᠢᠨ ᠬᠤᠷᠢᠮ ᠤᠨ ᠥᠪᠡᠷᠮᠢᠴᠠ ᠤᠨᠴᠠᠯᠢᠬ ᠢ ᠤᠯᠠᠨ᠎ᠠ ᠲᠡᠯᠭᠡᠵᠠᠢ᠃ ᠫᠤᠯᠠᠨᠳ᠋ ᠤᠨ ᠨᠢᠭᠡᠨ ᠵᠢᠭᠤᠯᠴᠢᠯᠠᠬᠴᠢ ᠰᠤᠷᠪᠤᠯᠵᠢᠯᠠᠬᠴᠢ ᠳᠤ᠄ ︽ᠡᠨᠡ ᠤᠳᠠᠭ᠎ᠠ ᠪᠢ ᠬᠤᠩᠭᠤᠷ ᠨᠠᠶᠢᠵᠠ ᠲᠠᠢ ᠪᠠᠨ ᠠᠳᠡ ᠢᠷᠡᠭᠡᠳ ᠮᠤᠩᠭᠤᠯ ᠥᠨᠳᠥᠰᠥᠲᠠᠨ ᠤ ᠬᠤᠪᠴᠠᠰᠥ ᠵᠠᠰᠠᠯ᠂ ᠳᠠᠭᠤᠤ ᠬᠥᠭᠵᠢᠮ᠂ ᠰᠤᠶᠤᠯ ᠵᠡᠷᠭᠡ ᠶᠢ ᠠᠩᠬ᠎ᠠ ᠤᠳᠠᠭ᠎ᠠ ᠬᠠᠷᠠᠬᠰᠠᠨ᠂ ᠥᠨᠡᠭᠡᠷ ᠭᠤᠶᠤ ᠪᠠᠶᠢᠨ᠎ᠠ᠂ ᠡᠨᠡ ᠵᠢᠯ ᠨᠢ ᠮᠥᠨ ᠬᠦ ᠫᠤᠯᠠᠨᠳ᠋ ᠪᠤᠯᠤᠨ ᠳᠤᠮᠳᠠᠳᠤ ᠶᠢᠨ ᠭᠠᠳᠠᠭᠠᠳᠤ ᠬᠠᠷᠢᠴᠠᠭ᠎ᠠ ᠪᠠᠶᠢᠭᠤᠯᠤᠬᠰᠠᠨ 70 ᠵᠢᠯ ᠤᠨ ᠤᠢ ᠪᠤᠯᠬᠤᠷ ᠮᠠᠨᠤᠰ ᠲᠤ ᠨᠡᠩ ᠤᠳᠬ᠎ᠠ ᠠᠭᠤᠯᠭ᠎ᠠ ᠲᠠᠢ ᠰᠠᠨᠠᠬᠳᠠᠵᠤ ᠪᠠᠶᠢᠨ᠎ᠠ︾ ᠭᠡᠵᠤ ᠪᠠᠶᠠᠷᠯᠠᠨ ᠬᠡᠯᠡᠵᠤ ᠪᠠᠶᠢᠯ᠎ᠠ᠃
  ᠲᠤᠰ ᠤᠳᠠᠭ᠎ᠠ ᠶᠢᠨ ᠭᠤᠤᠯ ᠰᠡᠳᠥᠪᠳᠥ ᠠᠵᠢᠯᠯᠠᠭ᠎ᠠ ᠨᠢ ᠥᠪᠡᠳᠡᠭᠰᠢ ᠡᠬᠢᠯᠡᠯᠲᠠ ᠶᠢᠨ ᠶᠤᠰᠤᠯᠠᠯ ᠵᠢᠴᠢ ᠵᠢᠭᠤᠯᠴᠢᠯᠠᠯ᠂ ᠰᠤᠶᠤᠯ᠂ ᠥᠨᠳᠥᠰᠥᠲᠠᠨ ᠤ ᠵᠠᠩ ᠥᠢᠯᠡ ᠶᠢᠨ ᠠᠵᠢᠯᠯᠠᠭᠠᠨ ᠢᠶᠠᠷ ᠪᠥᠷᠢᠯᠳᠥᠵᠠᠢ᠃ ᠡᠬᠢᠯᠡᠯᠲᠠ ᠶᠢᠨ ᠶᠤᠰᠤᠯᠠᠯ ᠤᠨ ᠳᠠᠷᠠᠭ᠎ᠠ᠂ ᠴᠤᠬᠯᠠᠭᠠᠨ ᠳᠤ ᠤᠷᠤᠯᠴᠠᠬᠰᠠᠨ ᠬᠥᠮᠥᠰ ᠪᠠᠰᠠ ᠪᠤᠳᠠᠰ ᠤᠨ ᠪᠤᠰᠤ ᠰᠤᠶᠤᠯ ᠤᠨ ᠥᠪ ᠤᠨ ᠲᠥᠷᠥᠯ ᠵᠥᠢᠯ᠂ ᠰᠤᠶᠤᠯ ᠵᠢᠭᠤᠯᠴᠢᠯᠠᠯ ᠤᠨ ᠪᠥᠲᠥᠭᠡᠭᠳᠡᠭᠦᠨ ᠤ ᠥᠵᠡᠭᠦᠯᠭᠡ ᠶᠢ ᠰᠤᠨᠢᠷᠬᠠᠵᠠᠭᠠᠪᠠ᠃ ᠪᠤᠳᠠᠰ ᠤᠨ ᠪᠤᠰᠤ ᠰᠤᠶᠤᠯ ᠤᠨ ᠥᠪ ᠤᠨ ᠲᠥᠷᠥᠯ ᠵᠥᠢᠯ ᠤᠨ ᠪᠥᠲᠥᠭᠡᠭᠳᠡᠭᠦᠨ ᠤ ᠥᠵᠡᠭᠦᠯᠭᠡ ᠳᠤ  ᠤᠯᠤᠰ᠂ ᠥᠪᠡᠷᠳᠡᠭᠡᠨ ᠵᠠᠰᠠᠬᠤ ᠤᠷᠤᠨ᠂ ᠬᠤᠲᠠ ᠪᠠ ᠬᠤᠰᠢᠭᠤ ᠳᠥᠷᠪᠡᠨ ᠳᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠭᠤᠷᠪᠠᠨ ᠲᠤᠮᠤ ᠲᠥᠷᠥᠯ ᠤᠨ ᠡᠮᠡᠭᠡᠯ᠂ ᠲᠥᠷᠪᠡᠨ ᠤᠳᠠᠰᠤᠳᠤ ᠬᠤᠭᠤᠷ᠂ ᠶᠠᠰᠥ ᠪᠠᠷᠢᠬᠤ ᠮᠡᠷᠭᠡᠵᠢᠯ ᠵᠡᠷᠭᠡ 15 ᠲᠥᠯᠥᠭᠡᠯᠡᠬᠦ ᠴᠢᠨᠠᠷᠲᠠᠢ ᠪᠤᠳᠠᠰ ᠤᠨ ᠪᠤᠰᠤ ᠰᠤᠶᠤᠯ ᠤᠨ ᠥᠪ ᠤᠨ ᠲᠥᠷᠥᠯ ᠵᠥᠢᠯ ᠢ ᠲᠥᠪᠯᠡᠷᠡᠭᠦᠯᠥᠨ ᠳᠡᠯᠭᠡᠨ ᠥᠵᠡᠭᠦᠯᠵᠠᠢ᠃ ᠰᠤᠶᠤᠯ ᠵᠢᠭᠤᠯᠴᠢᠯᠠᠯ ᠤᠨ ᠪᠥᠲᠥᠭᠡᠭᠳᠡᠭᠦᠨ ᠤ ᠥᠵᠡᠭᠦᠯᠭᠡ ᠳᠤ ᠵᠢᠭᠤᠯᠴᠢᠯᠠᠯ ᠤᠨ ᠤᠨᠴᠠᠯᠢᠬᠳᠤ ᠢᠳᠡᠭᠡᠨ ᠤ ᠵᠥᠢᠯ᠂ ᠠᠷᠡᠰᠥᠨ ᠥᠢᠯᠡᠳᠭᠦᠨ ᠤ ᠵᠥᠢᠯ᠂ ᠭᠠᠷ ᠬᠠᠳᠬᠤᠮᠠᠯ ᠪᠠ ᠬᠥᠷᠥᠮᠠᠯ ᠤᠨ ᠵᠥᠢᠯ᠂ ᠥᠨᠳᠥᠰᠥᠲᠠᠨ ᠤ ᠤᠨᠴᠠᠯᠢᠬᠳᠤ ᠭᠠᠷ ᠤᠷᠠᠯᠠᠯ ᠤᠨ ᠪᠥᠲᠥᠭᠡᠭᠳᠡᠭᠦᠨ᠂ ᠵᠢᠭᠤᠯᠴᠢᠯᠠᠯ ᠤᠨ ᠳᠤᠷᠠᠰᠬᠠᠯ ᠤᠨ ᠪᠠᠷᠠᠭ᠎ᠠ ᠵᠡᠷᠭᠡ ᠶᠢ   ᠪᠠᠭᠳᠠᠭᠠᠪᠠ᠃ ᠪᠠᠰᠠ ᠬᠤᠶᠠᠳᠤᠭᠠᠷ ᠬᠤᠭᠤᠴᠠᠭᠠᠨ ᠤ ᠤᠯᠠᠨ ᠤᠯᠤᠰ ᠤᠨ ᠵᠠᠯᠠᠭᠤᠴᠤᠳ ᠤᠨ ᠵᠤᠯ ᠵᠢᠷᠭᠠᠯ ᠤᠨ ᠶᠠᠷᠢᠯᠴᠠᠭᠠᠨ ᠤ ᠳᠠᠪᠴᠠᠩ ᠢ ᠡᠷᠬᠢᠯᠡᠵᠤ ︽ᠵᠤᠯ ᠵᠢᠷᠭᠠᠯ ᠢ ᠴᠥᠮ ᠳᠡᠮᠡᠴᠡᠵᠤ ᠪᠠᠶᠢᠵᠤ ᠤᠯᠤᠨ᠎ᠠ︾ ᠭᠡᠬᠦ ᠶᠡᠷᠥᠩᠬᠡᠢ ᠵᠤᠷᠢᠯᠳᠠ ᠪᠠ ᠵᠤᠷᠢᠬ ᠰᠠᠨᠠᠭ᠎ᠠ ᠶᠢ ᠰᠤᠷᠳᠠᠯᠴᠢᠯᠠᠬᠰᠠᠨ  ᠪᠠᠶᠢᠨ᠎ᠠ᠃   ᠵᠣᠬᠢᠶᠠᠭᠴᠢ᠄  ᠪᠣᠣ ᠴᠢᠩ ᠱᠧᠩ



  
     
     