-
649405
ᠠᠪᠤ ᠮᠢᠨᠢ ᠳ᠋ᠢᠸᠠᠵᠠᠨ ᠤ ᠬᠠᠭᠠᠯᠭᠠᠨ ᠳᠤ ᠴᠣᠣᠵᠢ ᠤᠷᠠᠯᠠᠵᠤ ᠰᠠᠭᠤᠭ᠎ᠠ
2017-11-23 14:49
129
1
ᠯᠤᠲᠤᠪᠠᠲᠤ ᠶᠢᠨ ᠰᠠᠶᠢᠨᠪᠠᠶᠠᠷ︵ᠮᠣᠩᠭᠣᠯ︶
᠁ᠷ᠂ ᠴᠣᠶᠢᠨᠣᠮ ᠤᠨ ᠨᠡᠷᠡᠮᠵᠢᠲᠦ︽ᠵᠠᠯᠠᠭᠤ ᠨᠠᠰᠤ︾ᠳᠤᠭᠤᠶᠢᠯᠠᠩ ᠤᠨ ᠭᠡᠰᠢᠭᠦᠨ᠂ ᠮᠣᠩᠭᠣᠯ ᠤᠯᠤᠰ ᠤᠨ ᠪᠣᠯᠪᠠᠰᠤᠷᠠᠯ ᠤᠨ ᠶᠡᠬᠡ ᠰᠤᠷᠭᠠᠭᠤᠯᠢ ᠶᠢᠨ ᠨᠡᠶᠢᠭᠡᠮ ᠦᠨ ᠬᠦᠮᠦᠨᠯᠢᠭ ᠦᠨ ᠤᠬᠠᠭᠠᠨ ᠤ ᠰᠡᠳᠬᠦᠯ ᠵᠦᠢ ᠶᠢᠨ ᠠᠩᠭᠢ ᠶᠢᠨ ᠣᠶᠤᠲᠠᠨ
︽ ᠬᠡᠰᠢᠭᠡ ᠳᠤ︾
ᠮᠠᠨᠠᠨᠲᠣ ᠬᠣᠲᠠ ᠶᠢᠨ ᠨᠢᠭᠡᠨ ᠡᠳᠦᠷ ᠡᠬᠢᠯᠡᠵᠦ
ᠮᠠᠷᠲᠠᠭᠳᠠᠬᠤ ᠡᠳᠦᠷ ᠦᠳ ᠰᠡᠳᠬᠢᠯ ᠦᠨ ᠰᠢᠷᠬ᠎ᠠ ᠮᠡᠲᠦ ᠪᠦᠳᠡᠭᠢᠷᠡᠭᠰᠡᠭᠡᠷ ᠪᠠᠶᠢᠨ᠎ᠠ
ᠮᠠᠩᠭᠠᠷ ᠡ ᠭᠡᠵᠦ ᠳᠠᠭᠤᠳᠠᠭᠤᠯᠬᠤ ᠳᠤᠷᠠᠲᠠᠢ ᠦᠬᠢᠳ ᠨᠢ
ᠮᠠᠯᠠᠭᠠᠢ ᠶᠢᠨ ᠢᠶᠡᠨ ᠪᠦᠴᠡ ᠪᠡᠷ ᠴᠤ ᠤᠷᠠᠬᠠᠳᠠᠵᠤ ᠮᠡᠳᠡᠬᠦ ᠡᠨᠡ ᠯᠡ ᠬᠣᠲᠠᠳ ᠡ
ᠬᠠᠭᠤᠴᠢᠨ ᠮᠠᠭᠤ ᠢᠨᠢᠶᠡᠮᠰᠦᠭᠯᠡᠯ ᠢᠶᠡᠨ ᠨᠢᠭᠤᠷ ᠲᠤ ᠪᠠᠨ ᠵᠢᠷᠤᠴᠢᠬᠠᠳᠠᠭ
ᠬᠢᠲᠤᠭ᠎ᠠ ᠮᠡᠲᠦ ᠥᠨᠥᠬᠢ ᠯᠡ ᠪᠣᠷᠤᠭᠠᠨᠲᠤ ᠭᠤᠳᠤᠮᠵᠢ ᠪᠠᠷ ᠴᠢᠮ᠎ᠠ ᠤᠷᠤᠭᠤ ᠪᠠᠨ ᠠᠯᠬᠤᠯᠠᠬᠤ ᠳᠤ ᠪᠠᠨ
ᠥᠴᠦᠭᠡᠳᠦᠷ ᠦᠨ ᠠᠨᠠᠭᠰᠠᠨ ᠰᠢᠷᠬ᠎ᠠ ᠲᠠᠬᠢᠭᠠᠳ ᠰᠡᠲᠡᠷᠡᠬᠦ ᠶᠢ ᠮᠡᠳᠡᠷᠨᠡᠮ
ᠪᠣᠷᠤᠭᠠᠨ ᠲᠠᠲᠠᠷᠠᠬᠤ ᠶᠠᠩᠵᠤ ᠦᠭᠡᠢ ᠪᠥᠷᠬᠥᠭ ᠡᠳᠦᠷ ᠦᠳ ᠲᠦ
ᠪᠣᠯᠵᠣᠭ᠎ᠠ ᠨᠢ ᠪᠥᠲᠥᠯᠭᠦᠶᠢᠳᠡᠭᠰᠡᠨ ᠦᠬᠢᠳ
ᠬᠥᠰᠢᠭ ᠢᠶᠡᠨ ᠣᠷᠣᠯᠠᠨ ᠴᠣᠩᠬᠣᠨ ᠤ ᠳᠡᠷᠭᠡᠳᠡ ᠵᠣᠭᠰᠤᠳᠠᠭ
ᠬᠥᠰᠢᠭ ᠨᠢ ᠴᠤ ᠬᠡᠷᠡᠭ ᠦᠭᠡᠢ ᠪᠥᠷᠬᠥᠭ ᠡᠨᠡ ᠡᠳᠦᠷ ᠦᠳ
ᠴᠢᠩᠭ᠎ᠠ ᠬᠠᠰᠬᠢᠷᠠᠴᠢᠬᠠᠪᠠᠯ ᠪᠣᠷᠣᠭᠠᠨ ᠲᠤᠰᠤᠯ᠎ᠠ ᠴᠠᠷᠴᠠᠬᠤ ᠭᠡᠳ
ᠴᠢᠷᠠᠮᠠᠨ ᠨᠢᠴᠦᠬᠦᠨ ᠢᠷᠡᠭᠰᠡᠨ ᠢ ᠮᠢᠨᠢ ᠮᠡᠳᠡᠴᠢᠬᠡᠳ ᠰᠡᠷᠢᠭᠦᠬᠡᠨ ᠪᠠᠶᠢᠨ᠎ᠠ
ᠨᠥᠬᠥᠷ ᠲᠦ ᠪᠡᠨ ᠬᠠᠶᠠᠭᠳᠠᠭᠰᠠᠨ ᠪᠦᠰᠡᠭᠦᠢ ᠶᠢᠨ ᠨᠢᠳᠦ ᠰᠢᠭ
ᠨᠥᠭᠦᠭᠡᠳᠥᠷ ᠡᠶᠢᠮᠦ ᠯᠡ ᠪᠠᠶᠢᠨ᠎ᠠ
ᠴᠢᠮ᠎ᠠ ᠤᠷᠤᠭᠤ ᠪᠠᠨ ᠶᠠᠭᠠᠷᠠᠭᠰᠠᠭᠠᠷ ᠥᠷᠲᠡᠭᠡ ᠤᠷᠤᠭᠤ ᠠᠯᠬᠤᠯᠠᠭᠰᠠᠭᠠᠷ ᠯᠡ
ᠪᠠᠭ᠎ᠠ ᠳᠤ ᠪᠠᠨ ᠠᠷᠠᠰᠤ ᠪᠠᠨ ᠬᠠᠭᠤᠯᠠᠭᠤᠯᠴᠢᠬᠠᠭᠰᠠᠨ ᠬᠦᠮᠦᠰ
ᠪᠠᠷᠠᠭᠠᠷ ᠴᠢᠷᠠᠢ ᠳᠤ ᠪᠠᠨ ᠪᠣᠷᠤᠭᠠᠨ ᠢ ᠵᠦᠬᠦᠭᠰᠡᠭᠡᠷ ᠵᠥᠷᠢᠨ᠎ᠡ
ᠬᠠᠷᠢᠨ ᠪᠢ ᠳᠡᠪᠲᠡᠭᠰᠡᠨ ᠠᠭᠠᠷᠤᠤᠯ ᠰᠢᠭ᠋
ᠴᠠᠭ ᠬᠤᠭᠤᠴᠠᠭᠠᠨ ᠤ ᠰᠢᠳᠦᠨ ᠳᠦ ᠪᠤᠲᠠᠷᠠᠨ ᠠᠯᠬᠤᠨ᠎ᠠ
ᠲᠣᠭᠲᠠᠭᠠᠯ ᠤᠰᠤ᠂ ᠦᠬᠢᠳ ᠦᠨ ᠨᠢᠳᠦ ᠴᠤ ᠨᠠᠳᠠᠳᠤ ᠰᠠᠭᠠᠳ ᠪᠣᠯᠬᠤ ᠦᠭᠡᠢ
ᠲᠣᠭᠣᠷᠢᠮ ᠰᠢᠭ᠋ ᠴᠢᠮ᠎ᠠ ᠤᠷᠤᠭᠤ ᠪᠠᠨ ᠰᠢᠪᠠᠭᠤ ᠰᠢᠭ᠋ ᠨᠢᠰᠦᠭᠰᠡᠭᠡᠷ ᠯᠡ
ᠥᠷᠲᠡᠭᠡᠨ ᠳᠡᠭᠡᠷ᠎ᠡ ᠢᠷᠡᠯ᠎ᠡ
ᠵᠠᠮ ᠤᠨ ᠡᠭᠦᠳᠡ ᠶᠢᠨ ᠭᠠᠯᠲᠤ ᠲᠡᠷᠭᠡ ᠰᠡᠳᠬᠢᠯ ᠢ ᠮᠢᠨᠢ ᠳᠠᠭᠠᠭᠰᠠᠨ ᠦᠭᠡᠢ
ᠵᠠᠯᠪᠢᠷᠠᠵᠤ ᠮᠥᠷᠭᠦᠭᠦᠯᠬᠦ ᠪᠤᠷᠬᠠᠳ ᠴᠤ ᠪᠣᠷᠣᠭᠠᠨ ᠤ ᠡᠭᠦᠯᠡ ᠪᠡᠷ ᠳᠠᠯᠳᠠᠯᠠᠭᠳᠠᠵᠠᠢ
ᠣᠳᠣ ᠯᠡ ᠬᠠᠰᠬᠢᠷᠠᠴᠢᠬᠠᠪᠠᠯ ᠴᠠᠰᠤ ᠣᠷᠣᠨ᠎ᠠ
ᠣᠷᠢᠶᠠᠯᠲᠠ ᠮᠡᠲᠦ ᠬᠡᠶᠢᠰᠴᠦ ᠣᠳᠣᠶᠠ
ᠴᠢᠨᠤ ᠲᠥᠯᠥᠭᠡ ᠲᠠᠬᠢᠨ ᠡᠪᠡᠳᠦᠶᠡ
ᠭᠡᠷ ᠲᠦ ᠪᠡᠨ ᠬᠠᠷᠢᠶ᠎ᠠ
ᠥᠷᠭᠦᠭᠡᠰᠦ ᠪᠦᠷᠢ ᠳᠦ ᠨᠢ ᠬᠠᠶᠢᠷ᠎ᠠ ᠰᠢᠭᠢᠭᠰᠡᠨ ᠡᠵᠢ ᠵᠠᠷᠠᠭ᠎ᠠ
ᠦᠷ᠎ᠡ ᠳᠦ ᠪᠡᠨ ᠵᠢᠮᠢᠰ ᠲᠡᠭᠦᠳᠡᠭ ᠣᠷᠴᠢᠯᠠᠩ ᠳᠤ
ᠥ ᠴᠢᠨᠤ ᠲᠤᠬᠠᠢ ᠬᠠᠭᠤᠴᠢᠨ ᠳᠤᠷᠠᠰᠤᠮᠵᠢ ᠨᠤᠭᠤᠳ
ᠥ ᠮᠢᠨᠤ ᠬᠠᠭᠤᠴᠢᠨ ᠳᠡᠪᠲᠡᠷ ᠲᠡᠢ ᠴᠤᠭ ᠰᠢᠲᠠᠬᠤ ᠮᠡᠲᠦ
ᠵᠢᠪᠠᠷ ᠲᠤ ᠡᠮᠲᠡᠯᠡᠭᠦᠯᠦᠨ ᠪᠠᠶᠢᠵᠤ ᠥᠨᠥᠬᠢ ᠯᠡ ᠭᠤᠳᠤᠮᠵᠢ ᠪᠠᠷ ᠭᠡᠷ ᠲᠦ ᠪᠡᠨ ᠬᠠᠷᠢᠨ᠎ᠠ
ᠣᠳᠣ ᠡᠨᠳᠡ ᠦᠬᠢᠳ ᠨᠢ ᠦᠭᠡᠢ
ᠣᠷᠢᠶᠠᠯᠲᠠ ᠵᠤᠵᠠᠭᠠᠯᠠᠭᠰᠠᠨ ᠬᠦᠮᠦᠰ ᠲᠡᠢ
ᠬᠠᠷᠢᠨ ᠪᠢ ᠲᠠᠭᠠᠷᠠᠴᠢᠭᠰᠠᠨ
ᠵᠢᠭᠠᠯᠬᠠᠨ ᠴᠢᠨᠤ ᠪᠠᠨ ᠢᠨᠢᠶᠡᠮᠰᠦᠭᠯᠡᠯ ᠢ ᠴᠤ ᠮᠠᠷᠲᠠᠴᠢᠭᠰᠠᠨ
ᠵᠢᠷᠭᠠᠬᠤ ᠶᠢᠨ ᠲᠤᠯᠠ ᠳᠤ ᠦᠬᠦᠵᠦ ᠮᠡᠳᠡᠬᠦ ᠡᠨᠡ ᠬᠦᠮᠦᠰ ᠯᠡ
ᠰᠡᠳᠬᠢᠯ ᠢ ᠮᠢᠨᠢ ᠬᠥᠩᠭᠡᠯᠡᠬᠦ ᠶᠤᠮ ᠰᠢᠭ ᠪᠠᠶᠢᠨ᠎ᠠ
ᠳᠠᠷᠠᠭ᠎ᠠ ᠵᠣᠨ ᠣᠴᠢᠶ᠎ᠠ
ᠳᠠᠷᠠᠭᠠᠴᠢ ᠪᠣᠯᠬᠤ ᠦᠭᠡᠢ ᠰᠢᠦ ᠬᠡᠰᠢᠭᠡ ᠡ ᠁
᠁
ᠬᠣᠶᠠᠷ ᠪᠡᠶ᠎ᠡ ᠪᠡᠨ ᠬᠠᠯᠠᠭᠠᠢ ᠰᠢᠭ᠋ ᠲᠡᠪᠡᠷᠢᠶ᠎ᠡ
ᠰᠡᠭᠦᠯᠴᠢ ᠶᠢᠨ ᠠᠮᠢᠰᠬᠤᠯ ᠢᠶᠠᠷ ᠮᠢᠨᠢ
ᠬᠠᠮᠲᠤ ᠳᠤ ᠪᠠᠨ ᠣᠯᠠᠨ ᠵᠢᠯ ᠠᠮᠢᠳᠤᠷᠠᠶ᠎ᠠ
ᠴᠢ ᠨᠠᠳᠠ ᠤᠷᠤᠭᠤ ᠪᠢ ᠴᠢᠮ᠎ᠠ ᠤᠷᠤᠭᠤ ᠠᠮᠢᠰᠬᠤᠯᠠᠶᠠ
ᠨᠢᠭᠡ ᠨᠢ ᠯᠡ ᠡᠷᠭᠢᠭᠡᠳ ᠬᠠᠷᠠᠴᠢᠬᠠᠪᠠᠯ
ᠬᠣᠶᠠᠭᠤᠯᠠ ᠪᠠᠨ ᠦᠬᠦᠶ᠎ᠡ ᠲᠠᠭᠠᠯᠠᠭᠳᠠᠵᠤ ᠪᠠᠶᠢᠨ᠎ᠠ ᠦᠦ
ᠬᠠᠷᠢᠭᠤᠯᠠᠭᠠᠴᠢ ᠬᠠᠶᠢᠷᠠᠲᠤ ᠮᠢᠨᠢ
ᠲᠠᠭᠠᠯᠠᠭᠳᠠᠬᠤ ᠦᠭᠡᠢ ᠪᠠᠶᠢᠪᠠᠯ ᠶᠠᠪᠤ ᠳ᠋ᠠ
ᠴᠠᠭ ᠬᠤᠭᠤᠴᠠᠭᠠᠨ ᠳᠤ ᠴᠢ ᠪᠢᠳᠡ ᠴᠠᠪᠴᠢᠭᠤᠯᠵᠤ ᠪᠠᠶᠢᠭᠰᠠᠨ ᠠᠴᠠ ᠬᠣᠶᠢᠰᠢ
ᠲᠤᠰ ᠲᠤᠰ ᠲᠤ ᠪᠠᠨ ᠶᠠᠪᠤᠪᠠᠯ ᠪᠣᠯᠲᠠᠬᠤ ᠳᠤ ᠠᠮᠤᠷ ᠪᠢᠵᠡ᠁
᠁
ᠠᠪᠤ ᠮᠢᠨᠢ ᠳ᠋ᠢᠸᠠᠵᠠᠨ ᠤ ᠬᠠᠭᠠᠯᠭᠠᠨ ᠳᠤ ᠴᠣᠣᠵᠢ ᠤᠷᠠᠯᠠᠵᠤ ᠰᠠᠭᠤᠭ᠎ᠠ
ᠪᠤᠳᠤᠭ ᠨᠢ ᠬᠠᠯᠴᠢᠷᠠᠭᠰᠠᠨ ᠥᠭᠡᠵᠢᠨ ᠰᠢᠭ ᠭᠤᠨᠢᠭᠯᠠᠨ ᠰᠠᠭᠤᠭ᠎ᠠ
ᠪᠤᠷᠴᠠᠨ ᠤ ᠰᠢᠭᠤᠳᠠᠶ ᠢ ᠬᠡᠷᠢᠶ᠎ᠡ ᠨᠦᠭᠥᠳ ᠴᠣᠭᠣᠯᠴᠢᠬᠠᠳᠠᠭ ᠡᠳᠦᠷ ᠦᠳ ᠢ
ᠡᠵᠢ ᠮᠢᠨᠢ ᠨᠥᠬᠦᠭᠰᠡᠭᠡᠷ ᠰᠠᠭᠤᠭ᠎ᠠ
ᠬᠣᠶᠠᠷ ᠶᠡᠷᠲᠢᠨᠴᠦ ᠳᠦ ᠠᠪᠤ ᠡᠵᠢ ᠮᠢᠨᠢ ᠵᠠᠪ ᠦᠭᠡᠢ ᠯᠡ ᠰᠠᠭᠤᠭ᠎ᠠ
ᠤᠳᠠᠬᠤ ᠦᠭᠡᠢ ᠪᠣᠷᠤᠭᠠᠨ ᠣᠷᠤᠭᠠᠰᠠᠢ
ᠶᠠᠭ ᠯᠡ ᠠᠪᠤ ᠶᠢᠨ ᠳᠣᠲᠣᠭᠰᠢ ᠪᠠᠨ ᠵᠠᠯᠬᠢᠭᠰᠠᠨ ᠰᠢᠨᠠᠯᠠᠨ ᠰᠢᠭ᠋ ᠲᠡᠷᠡ ᠪᠣᠷᠤᠭᠠᠨ ᠳᠤ
ᠡᠵᠢ ᠢ ᠬᠥᠲᠦᠯᠦᠭᠡᠳ ᠭᠦᠶᠦᠮᠡᠷ ᠪᠠᠶᠢᠨ᠎ᠠ
ᠱᠠᠯᠪᠠ ᠨᠣᠷᠤᠮᠠᠷ ᠪᠠᠶᠢᠨ᠎ᠠ
ᠭᠣᠣᠯ ᠤᠨ ᠴᠢᠯᠠᠭᠤ ᠰᠢᠭ᠋ ᠡᠯᠡᠭᠳᠡᠮᠡᠷ ᠪᠠᠶᠢᠨ᠎ᠠ
ᠵᠢᠵᠢᠭᠷᠡᠭᠰᠡᠭᠡᠷ ᠵᠢᠵᠢᠭᠷᠡᠭᠰᠡᠭᠡᠷ ᠴᠠᠭ ᠬᠤᠭᠤᠴᠠᠭᠠᠨ ᠤ ᠤᠷᠤᠰᠬᠠᠯ ᠢ ᠳᠠᠭᠠᠨ ᠣᠳᠤᠭᠠᠳ
ᠵᠢᠵᠢᠭᠬᠡᠨ ᠪᠠᠶᠢᠭᠰᠠᠨ ᠪᠡᠶ᠎ᠡ ᠪᠡᠷ ᠢᠶᠡᠨ ᠣᠳᠣ ᠯᠡ ᠠᠪᠤ ᠳᠤ ᠪᠠᠨ ᠣᠴᠢᠪᠠᠯ
ᠭᠤᠨᠢᠭ ᠢᠶᠠᠷ ᠤᠷᠠᠯᠠᠭᠰᠠᠨ ᠲᠦᠯᠬᠢᠭᠦᠷ ᠢ ᠨᠢ ᠬᠣᠯᠠ ᠶᠢᠨ ᠬᠣᠯᠠ ᠰᠢᠳᠡᠴᠢᠬᠡᠭᠡᠳ
ᠡᠵᠢ ᠶᠢᠨ ᠢᠶᠡᠨ ᠢᠷᠡᠬᠦ ᠶᠢ ᠠᠪᠤ ᠲᠠᠢ ᠪᠠᠨ ᠴᠤᠭ ᠬᠦᠯᠢᠶᠡᠶ᠎ᠡ᠁
︵2017᠂11᠂23ᠡᠷᠢᠶᠡᠨ ᠬᠣᠲᠠᠨ᠎ᠠ︶