-
44618
ᠳᠠᠷᠤᠭ᠎ᠠ ᠡ ᠁
2016-02-17 16:02
360
2
ᠲ ᠂ ᠪᠦᠷᠢᠨᠰᠠᠩ
ᠳᠠᠷᠤᠭ᠎ᠠ ᠡ ᠂
ᠪᠡᠯᠴᠡᠭᠡᠷ ᠵᠢᠭᠡᠯᠡᠨ ᠰᠦᠷᠦᠭ ᠲᠠᠯᠪᠢᠭᠠᠳ
ᠪᠡᠷᠬᠡ ᠶᠢᠨ ᠢᠷᠭᠡᠳ ᠬᠠᠭᠠᠨ ᠰᠢᠭ᠋ ᠁
ᠪᠦᠳᠦᠭᠦᠨ ᠲᠠᠮᠠᠭ᠎ᠠ ᠲᠠᠢ ᠭᠡᠷᠡᠴᠢ ᠠᠳᠬᠤᠭᠠᠳ
ᠨᠤᠳᠤᠭ ᠤᠨ ᠠᠷᠠᠳ ᠤᠨ ᠡᠵᠡᠨ ᠰᠢᠭ ᠁
ᠲᠠᠷᠴᠠᠭᠲᠤ ᠶᠢᠨ ᠬᠦᠨᠳᠡᠢ ᠮᠠᠯ ᠠᠷᠪᠢᠳᠤᠭᠠᠳ
ᠲᠠᠯᠬᠢ ᠪᠡᠷ ᠬᠤᠰᠤᠭᠤᠯᠤᠭᠰᠠᠨ ᠠᠷᠠᠰᠤ ᠰᠢᠭ᠋ ᠁
ᠲᠠᠨᠢᠯ ᠪᠤᠰᠤ ᠡᠳᠡᠭᠡᠷ ᠬᠦᠮᠦᠰ
ᠳᠠᠷᠬᠠᠨ ᠸᠠᠩ ᠤᠨ ᠠᠪᠤ ᠨᠢ ᠰᠢᠭ᠋ ᠁
ᠳᠠᠷᠤᠭ᠎ᠠ ᠶᠢᠨ ᠲᠤᠯᠤᠭᠠᠢ ᠶᠢ ᠨᠢᠭᠡ ᠳᠤᠬᠢᠭᠤᠯᠤᠭᠠᠳ
ᠳᠠᠷᠤᠭᠰᠠᠨ ᠬᠤᠷᠤᠭᠤ ᠨᠢ ᠭᠡᠷᠡᠴᠢ ᠪᠤᠯᠵᠠᠢ ᠁
ᠲᠠᠮᠠᠭᠠᠲᠤ ᠴᠠᠭᠠᠰᠤᠨ ᠤ ᠭᠡᠷ᠎ᠡ ᠵᠤᠬᠢᠶᠠᠭᠠᠳ
ᠲᠠᠷᠴᠠᠭᠲᠤ ᠶᠢᠨ ᠬᠦᠨᠳᠡᠢ ᠪᠤᠰᠤᠳ ᠤᠨ ᠪᠤᠯᠵᠠᠢ ᠁
ᠳᠠᠷᠤᠭ᠎ᠠ ᠡ
ᠪᠤᠷᠬᠠᠨᠲᠤ ᠶᠢᠨ ᠡᠩᠭᠡᠷ ᠦᠨ ᠴᠠᠶᠢᠷ ᠤᠨ ᠠᠭᠤᠷᠠᠬᠠᠢ
ᠪᠤᠬᠢᠷᠳᠤᠯ ᠰᠠᠴᠤᠭᠠᠳ ᠮᠠᠯᠴᠢᠳ ᠵᠤᠪᠠᠵᠤ ᠪᠠᠶᠢᠨ᠎ᠠ
ᠪᠤᠳᠠ ᠪᠤᠭ ᠳ᠋ᠤᠨᠢ ᠰᠢᠳᠦ ᠤᠷᠭᠤᠭᠠᠳ
ᠪᠤᠲᠠᠨ ᠤ ᠡᠩᠭᠡᠷ ᠬᠡᠪᠲᠡᠭᠡ ᠪᠡᠷ ᠢᠶᠡᠨ ᠦᠬᠦᠵᠦ ᠪᠠᠶᠢᠨ᠎ᠠ
ᠪᠤᠯᠠᠭᠲᠤ ᠶᠢᠨ ᠲᠤᠬᠤᠢ ᠶᠢᠨ ᠪᠤᠷᠭᠠᠰᠤ ᠤᠯᠢᠶᠠᠰᠤ ᠴᠢᠨᠢ
ᠬᠦᠷᠦᠰᠦ ᠨᠢ ᠭᠠᠩᠳᠠᠭᠠᠳ ᠤᠷᠭᠤᠭ᠎ᠠ ᠪᠠᠷ ᠢᠶᠠᠨ ᠬᠤᠪᠠᠬᠠᠶᠢᠷᠠᠵᠤ ᠪᠠᠶᠢᠨ᠎ᠠ
ᠪᠤᠷᠤᠲᠠᠯ᠎ᠠ ᠶᠢᠨ ᠲᠠᠷᠢᠶ᠎ᠠ ᠲᠦᠮᠦᠰᠦ ᠴᠢᠨᠢ
ᠤᠰᠤ ᠪᠠᠷ ᠳᠤᠲᠠᠭᠠᠳ ᠪᠤᠰᠤᠭ᠎ᠠ ᠪᠠᠷ ᠢᠶᠠᠨ ᠬᠠᠲᠠᠵᠤ ᠪᠠᠶᠢᠨ᠎ᠠ ᠁
ᠳᠠᠷᠤᠭ᠎ᠠ ᠡ
ᠡᠮᠦᠨ᠎ᠡ ᠨᠠᠭᠤᠷ ᠲᠤ ᠵᠢᠭᠠᠰᠤ ᠲᠡᠵᠢᠭᠡᠭᠡᠳ
ᠡᠯᠳᠡᠪ ᠢᠶᠡᠷ ᠠᠭᠠᠰᠢᠯᠠᠳᠠᠭ ᠬᠦᠮᠦᠰ ᠦᠳ ᠢ ᠦᠵᠡᠶ᠎ᠡ
ᠡᠩᠭᠡᠷ ᠵᠦᠷᠢᠭᠦᠯᠵᠦ ᠳᠤᠭᠲᠤᠶᠢᠯᠠᠵᠤ ᠵᠤᠭᠰᠤᠭᠠᠳ
ᠡᠵᠡᠨ ᠦ ᠯᠠᠷᠵᠢᠶ᠎ᠠ ᠲᠠᠢ ᠰᠤᠷᠲᠤᠭᠠᠯᠠᠳᠠᠭ ᠢ ᠨᠢ ᠬᠠᠷᠠᠶ᠎ᠠ
ᠮᠠᠯ ᠰᠦᠷᠦᠭ ᠴᠢᠨᠢ ᠤᠰᠤ ᠪᠠᠷ ᠳᠤᠲᠠᠭᠠᠳ
ᠨᠠᠭᠤᠷ ᠢᠶᠠᠨ ᠡᠷᠭᠢᠭᠡᠳ ᠤᠶᠠᠷᠠᠯᠲᠠᠢ ᠮᠦᠭᠡᠷᠡᠵᠦ ᠪᠠᠶᠢᠨ᠎ᠠ
ᠮᠠᠩᠬᠠᠨ ᠤ ᠤᠷᠤᠢ ᠰᠠᠯᠬᠢᠨ ᠢᠶᠠᠷ ᠤᠬᠢᠯᠠᠭᠠᠳ
ᠮᠠᠨ ᠤ ᠨᠤᠳᠤᠭ ᠤᠨ ᠲᠡᠭᠷᠢ ᠬᠢᠯᠢᠩᠨᠡᠵᠦ ᠪᠠᠶᠢᠨ᠎ᠠ ᠁
ᠳᠠᠷᠤᠭ᠎ᠠ ᠡ
ᠠᠭᠤᠯᠠᠰ ᠤᠨ ᠬᠢᠷ᠎ᠠ ᠰᠢᠷᠬᠠᠨ ᠳᠠᠭᠠᠨ ᠡᠮᠵᠡᠭᠡᠨᠡᠵᠦ
ᠡᠵᠡᠨ ᠢᠶᠡᠨ ᠬᠠᠷᠠᠭᠠᠳ ᠶᠤᠤᠯᠠᠬᠤ ᠰᠢᠭ᠋ ᠶᠤᠮ
ᠲᠠᠯ᠎ᠠ ᠶᠢᠨ ᠵᠢᠰᠦᠨ ᠰᠤᠷᠪᠠᠢ ᠪᠠᠷ ᠳᠦᠭᠦᠷᠦᠭᠡᠳ
ᠰᠦᠯᠳᠡ ᠪᠡᠨ ᠰᠠᠷᠠᠪᠴᠢᠯᠠᠭᠠᠳ ᠤᠬᠢᠯᠠᠬᠤ ᠴᠤ ᠰᠢᠭ᠋ ᠶᠤᠮ
ᠭᠤᠤᠯ ᠤᠨ ᠰᠠᠪᠠ ᠴᠢᠨᠢ ᠤᠰᠤ ᠪᠠᠨ ᠦᠭᠡᠶᠢᠯᠡᠵᠦ
ᠡᠷᠭᠢ ᠨᠢ ᠶᠡᠭᠦᠷᠡᠭᠡᠳ ᠮᠡᠭᠰᠢᠬᠦ ᠴᠤ ᠰᠢᠭ ᠶᠤᠮ
ᠭᠤᠤ ᠰᠤᠵᠠᠭ ᠴᠢᠨᠢ ᠬᠠᠶᠠᠭᠳᠠᠮᠠᠯ ᠢᠶᠠᠷ ᠳᠦᠭᠦᠷᠦᠭᠡᠳ
ᠭᠤᠮᠤᠳᠠᠯ ᠢᠶᠠᠨ ᠬᠦᠮᠦᠰ ᠳᠤ ᠲᠤᠭᠠᠴᠠᠬᠤ ᠴᠤ ᠰᠢᠭ᠋ ᠶᠤᠮ
ᠭᠠᠩᠭᠠᠩ ᠰᠠᠶᠢᠬᠠᠨ ᠡᠬᠡ ᠪᠠᠶᠢᠭᠠᠯᠢ
ᠦᠩᠭᠡ ᠪᠠᠨ ᠠᠯᠳᠠᠭᠠᠳ ᠦᠨᠦ ᠵᠤᠪᠠᠵᠤ ᠪᠠᠶᠢᠨ᠎ᠠ
ᠭᠠᠳᠠ ᠮᠠᠶᠢᠷᠠᠨ ᠤ ᠰᠦᠨᠡᠰᠦ ᠤᠷᠤᠰᠢᠭᠰᠠᠨ
ᠭᠠᠵᠠᠷ ᠰᠢᠷᠤᠶ ᠤᠳᠤ ᠬᠢᠯᠢᠩᠨᠡᠵᠤ ᠪᠠᠶᠢᠨ᠎ᠠ ᠁
ᠳᠠᠷᠤᠭ᠎ᠠ ᠡ
ᠬᠢᠮᠢ ᠶᠢᠨ ᠦᠢᠯᠡᠳᠪᠦᠷᠢ ᠢᠷᠡᠭᠰᠡᠨ ᠡᠴᠡ ᠠᠪᠤᠭᠠᠳ
ᠬᠡᠴᠡᠭᠦᠦ ᠪᠤᠬᠢᠷᠳᠠᠭᠰᠠᠨ ᠢ ᠲᠠ ᠮᠡᠳᠡᠯᠭᠦᠢ
ᠬᠡᠷᠡᠭ ᠦᠨ ᠡᠵᠡᠨ ᠨᠢ ᠬᠡᠨ ᠪᠤᠯᠤᠭᠠᠳ
ᠬᠠᠤᠯᠢ ᠪᠠᠷ ᠰᠢᠳᠭᠡᠭᠳᠡᠭᠰᠡᠨ ᠢ ᠴᠢ ᠲᠠᠨᠢᠯᠭᠦᠢ
ᠲᠤᠰᠤᠨ ᠠᠭᠤᠷᠠᠬᠠᠢ ᠬᠡᠵᠢᠶ᠎ᠡ ᠨᠡᠭᠡᠭᠡᠭᠳᠡᠭᠡᠳ
ᠲᠤᠤᠷ ᠲᠠᠲᠠᠭᠰᠠᠨ ᠢ ᠲᠠ ᠮᠡᠳᠡᠯᠭᠦᠢ
ᠲᠤᠨᠤᠭᠰᠠᠨ ᠤᠰᠤ ᠨᠢ ᠬᠤᠤᠷ ᠲᠠᠯᠪᠢᠭᠠᠳ
ᠲᠤᠷᠭᠤᠭᠳᠠᠵᠤ ᠲᠠᠮᠫᠤᠷᠡᠭ᠌ᠰᠠᠨ ᠢ ᠴᠢ ᠮᠡᠳᠡᠯᠭᠦᠢ
ᠲᠦᠮᠡᠨ ᠠᠷᠠᠳ ᠤᠨ ᠠᠰᠢᠭ ᠲᠤᠰᠠ
ᠳᠠᠷᠤᠭ᠎ᠠ ᠲᠠᠨ ᠢ ᠬᠠᠷᠠᠵᠤ ᠪᠠᠶᠢᠨ᠎ᠠ ᠰᠢᠦ
ᠲᠦᠷᠦ ᠭᠦᠷᠦᠨ ᠦ ᠦᠨᠡᠨ ᠶᠤᠰᠤ
ᠳᠠᠷᠤᠭ᠎ᠠ ᠲᠠᠨ ᠢ ᠰᠢᠯᠭᠠᠵᠤ ᠪᠠᠶᠢᠨ᠎ᠠ ᠡ ᠁