 

ᠠᠯᠳᠠᠨ ᠭᠠᠳᠠᠰᠣ ᠶᠢᠨ ᠰᠢᠳᠦᠭᠡᠨ

2017-12-10 14:37
  317
  1

     ᠣᠶᠢᠷ᠎ᠠ ᠶᠢᠨ ᠵᠢᠯ ᠤᠳ ᠠᠴᠠ ᠮᠣᠩᠭᠤᠯᠴᠤᠳ ᠤᠨ ᠤᠯᠠᠨ ᠲᠠᠶᠢᠯᠭ᠎ᠠ ᠳᠠᠬᠢᠯᠭ᠎ᠠ᠂ ᠵᠠᠩ ᠦᠢᠯᠡ ᠰᠡᠷᠭᠦᠭᠡᠭᠳᠡᠨ ᠲᠣᠳᠣᠭᠠᠳᠣ ᠭᠠᠳᠠᠭᠠᠳᠣ ᠶᠢᠨ ᠡᠷᠳᠡᠮᠳᠡᠨ ᠰᠣᠳᠣᠯᠭᠠᠳᠠᠨ ᠤ ᠠᠩᠬᠠᠷᠣᠯ ᠢ ᠲᠠᠲᠠᠬᠰᠠᠨ ᠪᠠᠶᠢᠨ᠎ᠠ᠃ ᠮᠣᠩᠭᠤᠯ ᠰᠣᠶᠣᠯ ᠤᠨ ᠭᠠᠶᠢᠬᠠᠮᠰᠢᠭ ᠪᠣᠯᠣᠭᠰᠠᠨ ᠴᠢᠩᠬᠢᠰ ᠬᠠᠭᠠᠨ ᠤ ᠰᠣᠳᠣᠯᠣᠯ ᠨᠢ ᠨᠡᠩ ᠴᠤ ᠲᠡᠯᠡᠬᠡᠢ ᠶᠢᠨ ᠰᠣᠳᠣᠯᠭᠠᠨ ᠤ ᠭᠤᠣᠯ ᠰᠡᠳᠦᠪ ᠪᠤᠯᠣᠭᠰᠠᠨ ᠶᠤᠮ᠃ ᠬᠡᠪᠡᠴᠦ ᠴᠢᠩᠬᠢᠰ ᠬᠠᠭᠠᠨ ᠤ ᠠᠯᠳᠠᠨ ᠭᠠᠳᠠᠰᠣ ᠪᠠ ᠦᠨᠳᠡᠭᠡᠨ ᠴᠠᠭᠠᠨ ᠤ ᠰᠢᠨᠵᠢᠯᠡᠭᠡᠨ ᠤ ᠲᠠᠯ᠎ᠠ ᠳᠠᠬᠢ ᠮᠦᠷᠳᠡᠯᠭᠡ ᠰᠣᠳᠣᠯᠣᠯ ᠮᠠᠰᠢ ᠴᠣᠬᠠᠭ ᠪᠠᠶᠢᠵᠦ᠂ ᠮᠠᠰᠢ ᠠᠷᠪᠢᠨ ᠵᠢᠷᠣᠮ ᠵᠦᠢᠯ ᠤᠳ ᠨᠢ ᠣᠷᠬᠢᠭᠳᠠᠨ ᠭᠡᠭᠡᠭᠳᠡᠬᠦ ᠬᠠᠨᠳᠣᠰᠢ ᠲᠠᠢ ᠪᠣᠯᠵᠠᠢ᠃ ᠠᠯᠳᠠᠨ ᠭᠠᠳᠠᠰᠣ ᠶᠢᠨ ᠰᠢᠳᠦᠭᠡᠨ ᠢ ᠰᠠᠬᠢᠭᠴᠢ ᠶᠢᠨ ᠦᠷ᠎ᠡ ᠬᠤᠶᠢᠴᠢᠰ ᠪᠣᠯᠣᠭᠰᠠᠨ ᠤ ᠬᠤᠪᠢ ᠳᠤ ᠠᠳᠡ ᠠᠯᠳᠠᠨ ᠭᠠᠳᠠᠰᠣ ᠶᠢᠨ ᠲᠣᠬᠠᠢ ᠲᠦᠭᠦᠮ ᠦᠭᠦᠯᠡᠵᠦ᠂ ᠮᠣᠩᠭᠤᠯ ᠲᠦᠮᠡᠨ ᠪᠠ ᠮᠣᠩᠭᠤᠯ ᠰᠣᠶᠣᠯ ᠢ ᠪᠠᠭ᠋ᠠᠷᠬᠠᠨ ᠰᠣᠳᠣᠯᠵᠣ ᠪᠠᠶᠢᠭ᠎ᠠ ᠡᠷᠳᠡᠮᠳᠡᠨ ᠮᠡᠷᠭᠡᠳ ᠲᠠᠢ ᠰᠠᠨᠠᠯ ᠢᠶᠠᠨ ᠰᠣᠯᠢᠯᠴᠠᠶ᠎ᠠ᠃
        ᠠᠯᠳᠠᠨ ᠭᠠᠳᠠᠰᠣ ᠵᠢᠴᠢ ᠲᠡᠭᠦᠨ ᠤ ᠰᠠᠬᠢᠭᠴᠢ᠃ ᠠᠯᠳᠠᠨ ᠭᠠᠳᠠᠰᠣ ᠶᠢᠨ ᠰᠢᠳᠦᠭᠡᠨ ᠤ ᠲᠣᠬᠠᠢ ᠨᠣᠲᠤᠭ ᠤᠨ ᠬᠦᠮᠦᠰ ᠤᠨ ᠶᠠᠷᠢᠬᠤ ᠠᠴᠠ ᠰᠣᠨᠣᠰᠪᠠᠯ ᠠᠯᠳᠠᠨ ᠭᠠᠳᠠᠰᠣ ᠶᠢᠨ ᠰᠢᠳᠦᠭᠡᠨ ᠤ ᠴᠣᠮᠴᠤᠭ ᠲᠣᠲᠣᠷ᠎ᠠ ᠪᠣᠭᠳᠠ ᠡᠵᠡᠨ ᠤ ᠰᠦᠷᠯᠢᠭ ᠬᠦᠷᠦᠭ᠂ ᠡᠮᠡᠭᠲᠠᠢ ᠬᠦᠮᠦᠨ ᠤ ᠲᠠᠷᠣᠭᠤᠯᠭ᠎ᠠ ᠶᠢᠨ ᠭᠠᠭᠴᠠ ᠰᠢᠪᠡᠭᠡ᠂ ᠡᠷᠡᠭᠲᠠᠢ ᠬᠦᠮᠦᠨ ᠤ ᠨᠢᠭᠡ ᠬᠦᠯᠦᠰᠦᠳᠦ ᠮᠠᠯᠠᠭᠠᠢ᠂ ᠨᠢᠭᠡ ᠢᠯᠳᠦ᠂ ᠣᠷᠣᠩᠭᠤ ᠶᠢᠨ ᠡᠪᠡᠷ ᠢ ᠳᠠᠬᠢᠵᠣ ᠪᠠᠶᠢᠵᠠᠢ᠃ ᠬᠦᠯᠦᠰᠦᠳᠦ ᠮᠠᠯᠠᠭᠠᠢ᠂ ᠭᠠᠭᠴᠠ ᠰᠢᠪᠡᠭᠡ ᠵᠡᠷᠭᠡ ᠬᠡᠳᠦᠨ ᠵᠦᠢᠯ ᠤᠨ ᠡᠳ᠋ ᠢ ᠲᠠᠪᠣᠨ ᠦᠩᠭᠡ ᠶᠢᠨ ᠲᠣᠷᠭ᠎ᠠ ᠪᠠᠷ ᠴᠣᠭᠯᠠᠭᠠᠳ ᠵᠢᠵᠢᠭ ᠰᠢᠷ᠎ᠡ ᠠᠪᠳᠠᠷ᠎ᠠ ᠲᠣᠳᠣᠷ᠎ᠠ ᠬᠠᠳᠠᠭᠠᠯᠠᠵᠣ ᠪᠠᠶᠢᠭᠰᠠᠨ ᠭᠡᠨ᠎ᠡ᠃ ᠰᠢᠷ᠎ᠠ ᠠᠪᠳᠠᠷ᠎ᠠ ᠶᠢᠨ ᠲᠡᠭᠡᠷ᠎ᠡ ᠲᠠᠯ᠎ᠠ ᠳᠤ ᠡᠵᠡᠨ ᠤ ᠬᠦᠷᠦᠭ ᠢ ᠡᠯᠭᠦᠨ ᠳᠠᠬᠢᠵᠣ ᠪᠠᠶᠢᠪᠠ᠃ ᠠᠯᠳᠠᠨ ᠭᠠᠳᠠᠰᠤ ᠶᠢᠨ ᠰᠢᠳᠦᠭᠡᠨ ᠤ ᠴᠣᠮᠴᠤᠭ ᠤᠨ ᠬᠦᠷᠢᠶᠠᠨ ᠲᠣᠲᠣᠷ᠎ᠠ ᠦᠭᠡᠷ᠎ᠡ ᠬᠦᠮᠦᠨ ᠢ ᠲᠣᠷ᠎ᠠ ᠪᠠᠷ ᠢᠶᠠᠨ ᠣᠷᠣᠭᠤᠯᠳᠠᠭ ᠦᠭᠡᠢ᠂ ᠵᠦᠪᠬᠡᠨ ᠬᠦᠷᠢᠶᠡᠨ ᠭᠠᠳᠠᠨ᠎ᠠ ᠠᠴᠠ ᠨᠢ ᠮᠦᠷᠬᠦᠨ ᠳᠠᠬᠢᠳᠠᠭ᠃ ᠠᠯᠳᠠᠨ ᠭᠠᠳᠠᠰᠣ ᠶᠢᠨ ᠰᠢᠳᠦᠭᠡᠨ ᠤ ᠴᠤᠮᠴᠤᠭ ᠨᠢ ᠬᠠᠰᠢᠶ᠎ᠠ ᠲᠠᠢ᠂ ᠬᠠᠰᠢᠶᠠᠨ ᠠᠴᠠ ᠣᠨᠤᠭ᠎ᠠ ᠣᠶᠠᠵᠣ ᠪᠣᠯᠳᠠᠭ ᠦᠭᠡᠢ᠃ ᠴᠣᠮᠴᠤᠭ ᠤᠨ ᠭᠠᠳᠠᠨ᠎ᠠ ᠵᠣᠯᠠ ᠡᠷᠭᠦᠳᠡᠭ᠃ ᠴᠣᠮᠴᠤᠭ ᠤᠨ ᠡᠭᠦᠳᠡ ᠬᠠᠭᠠᠯᠭ᠎ᠠ ᠶᠢ ᠲᠣᠷ᠎ᠠ ᠪᠠᠷ ᠨᠡᠭᠡᠭᠡᠳᠡᠭ ᠦᠭᠡᠢ᠃ ᠮᠦᠷᠭᠦᠯᠴᠢᠳ ᠢᠷᠡᠪᠡᠯ ᠴᠣᠮᠴᠤᠭ ᠤᠨ ᠭᠠᠳᠠᠨ᠎ᠠ ᠵᠣᠯᠠ ᠬᠦᠵᠡ ᠪᠠᠨ ᠠᠰᠠᠭᠠᠵᠣ ᠡᠷᠭᠦᠳᠡᠭ᠃ ᠡᠮᠡᠭᠲᠠᠢ ᠬᠦᠮᠦᠨ ᠢ ᠬᠦᠷᠢᠶᠡᠨ ᠳᠤ ᠴᠦ ᠣᠷᠣᠭᠤᠯᠳᠠᠭ ᠦᠭᠡᠢ᠂ ᠵᠦᠪᠬᠡᠨ ᠬᠤᠯᠠ ᠠᠴᠠ ᠮᠦᠷᠭᠦᠭᠦᠯᠳᠡᠭ᠃ ᠪᠠᠭᠯᠢᠭ ᠤᠨ ᠬᠦᠷᠢᠶ᠎ᠡ ᠨᠢ ᠠᠷᠪᠠᠨ ᠭᠤᠷᠪᠠᠨ ᠲᠣᠬᠤᠢ ᠦᠨᠳᠦᠷ᠂ ᠬᠦᠷᠢᠶᠡᠨ ᠡᠭᠦᠳᠡ ᠪᠠ ᠴᠣᠮᠴᠤᠭ ᠤᠨ ᠡᠭᠦᠳᠡ ᠨᠢ ᠡᠮᠦᠨᠡᠰᠢ ᠬᠠᠨᠳᠣᠵᠣ ᠪᠠᠶᠢᠵᠠᠢ᠃ ᠳᠠᠬᠢᠯᠭ᠎ᠠ ᠶᠢᠨ ᠡᠳᠦᠷ ᠴᠦ ᠡᠮᠡᠭᠲᠡᠢ ᠬᠦᠮᠦᠨ ᠬᠤᠯᠠ ᠠᠴᠠ ᠮᠦᠷᠭᠦᠵᠦ ᠴᠣᠮᠴᠤᠭ ᠲᠤ ᠣᠶᠢᠷᠠᠳᠣᠳᠠᠭ ᠦᠭᠡᠢ ᠪᠠᠶᠢᠭᠰᠠᠨ ᠭᠡᠯ᠎ᠠ᠃ ᠴᠣᠮᠴᠤᠭ ᠲᠣᠲᠣᠷᠠᠬᠢ ᠡᠳᠡᠭᠡᠷ ᠡᠳ᠋ ᠤᠳ ᠢ 1956 ᠣᠨ ᠳᠤ ᠡᠵᠡᠨ ᠬᠤᠷᠤᠭ᠎ᠠ ᠳᠤ ᠰᠢᠯᠵᠢᠭᠦᠯᠦᠨ ᠠᠪᠠᠴᠢᠭᠰᠠᠨ ᠪᠠᠶᠢᠨ᠎ᠠ᠃
     ᠴᠢᠩᠬᠢᠰ ᠬᠠᠭᠠᠨ ᠤ ᠣᠩᠭᠤᠨ ᠤ ᠴᠠᠭᠠᠨ ᠰᠦᠷᠦᠭ ᠤᠨ ᠲᠠᠶᠢᠯᠭ᠎ᠠ ᠠᠴᠠ ᠡᠮᠦᠨ᠎ᠡ ᠠᠯᠳᠠᠨ ᠭᠠᠳᠠᠰᠣ ᠶᠢᠨ ᠰᠢᠳᠦᠭᠡᠨ ᠢ ᠰᠠᠬᠢᠭᠴᠢ ᠡᠵᠡᠨ ᠬᠤᠷᠤᠭ᠎ᠠ ᠣᠷᠣᠭᠤ ᠶᠠᠪᠣᠬᠤ ᠣᠨᠤᠭ᠎ᠠ ᠮᠣᠷᠢ᠂ ᠮᠠᠶᠢᠬᠠᠨ ᠬᠦᠰᠬᠡ ᠪᠠᠨ ᠪᠡᠯᠡᠳᠬᠡᠨ᠂ ᠵᠠᠮᠴᠢ᠂ ᠭᠠᠯᠴᠢ ᠵᠡᠷᠭᠡ ᠪᠠᠨ ᠲᠣᠭᠳᠠᠭᠠᠳᠠᠭ᠃ ᠣᠨᠣᠯᠭ᠎ᠠ ᠠᠴᠢᠯᠭ᠎ᠠ ᠳᠤ ᠪᠠᠭ᠎ᠠ ᠳᠠᠭᠠᠨ ᠭᠤᠷᠪᠠᠨ ᠰᠠᠶᠢᠨ ᠠᠭᠳᠠ ᠪᠡᠯᠡᠳᠬᠡᠳᠡᠭ ᠪᠦᠭᠡᠳ ᠨᠣᠮᠣᠬᠠᠨ ᠲᠦᠯᠭᠡᠨ᠂ ᠶᠠᠪᠣᠳᠠᠯ ᠰᠠᠶᠢᠲᠠᠢ᠂ ᠬᠤᠯᠠ ᠶᠢᠨ ᠠᠶᠠᠨ ᠳᠤ ᠶᠠᠪᠣᠬᠤ ᠬᠦᠴᠦ ᠲᠠᠮᠢᠷ ᠰᠠᠶᠢᠲᠠᠢ ᠮᠣᠷᠢᠳ ᠢ ᠰᠣᠩᠭᠤᠳᠠᠭ᠃ ᠬᠡᠷᠪᠡ ᠠᠯᠳᠠᠨ ᠭᠠᠳᠠᠰᠦ ᠶᠢᠨ ᠰᠢᠳᠦᠭᠡᠨ ᠢ ᠰᠠᠬᠢᠭᠴᠢ ᠶᠢᠨ ᠬᠢ ᠮᠣᠷᠢ ᠣᠨᠤᠭ᠎ᠠ ᠪᠠᠨ ᠪᠡᠯᠡᠳᠬᠡᠬᠦ ᠳᠤ ᠬᠦᠴᠢᠷ ᠲᠠᠢ ᠪᠣᠯ ᠪᠣᠰᠣᠳ ᠡᠷᠦᠭᠡ ᠠᠴᠠ ᠬᠠᠮᠵᠢᠵᠣ ᠪᠡᠯᠡᠳᠬᠡᠳᠡᠭ ᠪᠦᠭᠡᠳ ᠲᠣᠬᠠᠢ ᠶᠢᠨ ᠭᠠᠵᠠᠷ ᠤᠨ ᠵᠠᠰᠠᠭ ᠤᠨ ᠭᠠᠵᠠᠷ ᠠᠴᠠ ᠠᠯᠪᠠᠨ ᠪᠢᠴᠢᠭ ᠪᠠᠭᠤᠯᠭᠠᠵᠣ ᠲᠠᠲᠡ ᠨᠠᠷ ᠤᠨ ᠴᠢᠩᠬᠢᠰ ᠬᠠᠭᠠᠨ ᠤ ᠣᠩᠭᠤᠨ ᠳᠠᠬᠢ ᠲᠠᠬᠢᠯᠭ᠎ᠠ ᠶᠢᠨ ᠠᠯᠪᠠ ᠶᠢ ᠬᠦᠢᠴᠡᠳᠬᠡᠬᠦ ᠪᠡᠯᠡᠳᠬᠡᠯ ᠠᠵᠢᠯ ᠢ ᠲᠡᠮᠵᠢᠳᠡᠭ ᠪᠠᠶᠢᠪᠠ᠃ ᠬᠤᠯᠠ ᠶᠢᠨ ᠠᠶᠠᠨ ᠳᠤ ᠶᠠᠪᠣᠬᠤ ᠳᠤ ᠬᠡᠷᠡᠭᠯᠡᠳᠡᠭ ᠭᠠᠣᠯᠢᠨ ᠲᠣᠭᠤᠭ᠎ᠠ᠂ ᠲᠡᠮᠦᠷ ᠲᠣᠯᠭ᠎ᠠ᠂ ᠣᠰᠣᠨ ᠰᠠᠪᠠ᠂ ᠢᠳᠡᠰᠢ ᠬᠦᠨᠡᠰᠦ᠂ ᠣᠷᠣᠩᠭᠤ ᠶᠢᠨ ᠡᠪᠡᠷ ᠵᠢᠴᠢ ᠦᠳᠬᠡ ᠰᠢᠭᠦᠰᠦ᠂ ᠰᠢᠷ᠎ᠠ ᠲᠣᠰᠣ᠂ ᠰᠠᠴᠣᠯᠢ ᠶᠢᠨ ᠰᠠᠷᠬᠤᠳ ᠵᠡᠷᠭᠡ ᠪᠠᠨ ᠣᠭᠤᠳᠠᠯᠠᠨ ᠠᠴᠢᠵᠣ᠂ ᠴᠠᠭᠠᠨ ᠰᠦᠷᠦᠭ ᠤᠨ ᠲᠠᠶᠢᠯᠭ᠎ᠠ ᠠᠴᠠ ᠡᠮᠦᠨ᠎ᠡ ᠬᠡᠳᠦᠨ ᠡᠲᠦᠷ ᠨᠣᠲᠤᠭ ᠠᠴᠠ ᠪᠠᠨ ᠮᠣᠷᠳᠠᠵᠣ ᠬᠡᠭᠡᠷ᠎ᠡ ᠪᠠᠭᠤᠳᠠᠯᠯᠠᠨ ᠬᠡᠮᠲᠠᠢ ᠢᠳᠡᠵᠦ ᠶᠠᠪᠣᠳᠠᠭ ᠪᠠᠶᠢᠪᠠ᠃ ᠢᠩᠬᠢᠵᠦ ᠡᠵᠡᠨ ᠬᠤᠷᠤᠭ᠎ᠠ ᠶᠢ ᠴᠢᠭᠯᠡᠨ ᠶᠠᠪᠣᠬᠤ ᠳᠠᠭᠠᠨ ᠠᠯᠳᠠᠨ ᠭᠠᠳᠠᠰᠣ ᠶᠢᠨ ᠰᠢᠳᠦᠭᠡᠨ ᠢᠶᠠᠨ ᠡᠷᠬᠢᠮᠯᠡᠨ ᠬᠦᠨᠳᠦᠳᠬᠡᠬᠦ ᠶᠢᠨ ᠲᠣᠯᠠᠳᠠ ᠵᠠᠮ ᠲᠠᠭᠠᠣ ᠶᠢᠨ ᠠᠶᠢᠯ ᠳᠤ ᠣᠷᠣᠬᠤ ᠶᠢ ᠴᠡᠭᠡᠷᠯᠡᠳᠡᠭ᠃ ᠵᠠᠮ ᠤᠨ ᠬᠦᠮᠦᠰ ᠠᠯᠳᠠᠨ ᠭᠠᠳᠠᠰᠣ ᠶᠢᠨ ᠰᠢᠳᠦᠭᠡᠨ ᠢ ᠵᠠᠯᠠᠨ ᠶᠠᠪᠣᠵᠣ ᠪᠠᠶᠢᠭ᠎ᠠ ᠶᠢ ᠦᠵᠡᠮᠡᠭᠴᠡ ᠮᠣᠷᠢᠨ ᠠᠴᠠ ᠪᠠᠨ ᠪᠠᠭᠤᠵᠣ᠂ ᠲᠡᠭᠡᠳᠦᠯᠡᠨ ᠮᠦᠷᠭᠦᠵᠦ ᠠᠳᠢᠰ ᠠᠪᠴᠣ ᠲᠠᠭᠠᠳᠬᠠᠳᠠᠭ ᠪᠠᠶᠢᠭᠰᠠᠨ ᠪᠢᠯᠡ᠃
      ᠠᠯᠳᠠᠨ ᠭᠠᠳᠠᠰᠣ ᠶᠢᠨ ᠰᠢᠳᠦᠭᠡᠨ ᠢᠶᠠᠨ 6 ᠰᠠᠷ᠎ᠠ ᠶᠢᠨ 20᠎ ᠤ ᠦᠳᠡ ᠶᠢᠨ ᠡᠮᠦᠨ᠎ᠡ ᠡᠷᠭᠡᠪᠰᠢ ᠴᠢᠩᠬᠢᠰ ᠬᠠᠭᠠᠨ ᠤ ᠣᠩᠭᠤᠨ ᠳᠤ ᠵᠠᠯᠠᠵᠣ ᠠᠪᠠᠴᠢᠳᠠᠭ᠃ ᠴᠢᠩᠬᠢᠰ ᠬᠠᠭᠠᠨ ᠤ ᠣᠩᠭᠤᠨ ᠳᠤ ᠬᠦᠷᠦᠭᠰᠡᠨ ᠤ ᠲᠠᠷᠠᠭ᠎ᠠ ᠵᠠᠮᠴᠢ ᠠᠴᠠ ᠣᠩᠭᠤᠨ ᠤ ᠶᠠᠮᠣᠳᠠᠳ ᠲᠤ ᠮᠡᠳᠡᠭᠳᠡᠨ ᠵᠣᠯᠭᠠᠵᠣ ᠳᠠᠬᠢᠯᠭ᠎ᠠ ᠶᠢᠨ ᠠᠯᠪᠠ ᠬᠦᠢᠴᠡᠳᠬᠡᠬᠦ ᠣᠴᠢᠷ ᠤᠳ ᠢ ᠶᠠᠷᠢᠯᠴᠠᠨ ᠵᠦᠪᠳᠡᠯᠴᠡᠳᠡᠭ᠃ ᠴᠠᠢ ᠪᠣᠳᠠᠭᠠᠨ ᠤ ᠲᠠᠷᠠᠭ᠎ᠠ ᠶᠠᠮᠣᠳᠠᠳ ᠤᠨ ᠲᠠᠭᠠᠭᠤᠯᠭ᠎ᠠ ᠪᠠᠷ ᠴᠢᠩᠬᠢᠰ ᠬᠠᠭᠠᠨ ᠤ ᠴᠢᠨᠳᠠᠷ ᠤᠨ ᠡᠮᠦᠨ᠎ᠡ ᠨᠢᠨᠳᠠᠷ᠂ ᠬᠠᠳᠠᠭ᠂ ᠵᠣᠯᠠ᠂ ᠵᠠᠮ ᠤᠨ ᠬᠦᠮᠦᠰ ᠤᠨ ᠡᠷᠭᠦᠯᠳᠡ ᠪᠠᠨ ᠡᠷᠭᠦᠵᠦ ᠲᠠᠭᠠᠳᠬᠠᠯ ᠬᠦᠰᠡᠨ ᠳᠠᠬᠢᠯᠭ᠎ᠠ ᠬᠢᠵᠦ᠂ ᠦᠳᠡᠰᠢ ᠨᠢ ᠪᠡᠶ᠎ᠡ ᠶᠢᠨ ᠠᠷᠢᠭᠤᠳᠬᠠᠯ ᠬᠢᠵᠦ ᠮᠠᠷᠭᠠᠰᠢ ᠶᠢᠨ ᠠᠯᠪᠠ ᠬᠦᠢᠴᠡᠳᠬᠡᠯ ᠤᠨ ᠪᠡᠯᠡᠳᠬᠡᠯ ᠢᠶᠠᠨ ᠰᠠᠶᠢᠲᠣᠷ ᠬᠢᠳᠡᠭ᠃ 21᠎ ᠤ ᠦᠷᠯᠦᠭᠡ ᠡᠷᠳᠡ ᠪᠣᠰᠴᠦ ᠨᠢᠭᠤᠷ ᠭᠠᠷ ᠢᠶᠠᠨ ᠣᠬᠢᠶᠠᠭᠠᠳ ᠢᠳᠡᠰᠢ ᠣᠣᠭᠤᠰᠢ ᠪᠠᠨ ᠲᠡᠩᠴᠡᠭᠦᠯᠡᠨ ᠢᠳᠡᠵᠦ᠂ ᠴᠡᠪᠡᠷ ᠠᠷᠢᠭᠤᠨ ᠬᠤᠪᠴᠠᠰᠣ ᠬᠤᠨᠠᠷ ᠢᠶᠠᠨ ᠰᠣᠯᠢᠵᠣ ᠡᠮᠦᠰᠦᠭᠡᠳ ᠳᠠᠬᠢᠯᠭ᠎ᠠ ᠳᠤ ᠡᠭᠦᠷᠭᠡ ᠬᠦᠢᠴᠡᠳᠬᠡᠬᠦ ᠪᠠᠷ ᠪᠡᠯᠡᠳᠭᠡᠳᠡᠭ᠃ ᠣᠴᠢᠷ ᠨᠢ ᠭᠠᠳᠠᠰᠣᠯᠠᠨ ᠵᠣᠭᠰᠣᠬᠤ ᠠᠯᠪᠠ ᠶᠢ ᠬᠦᠢᠴᠡᠳᠬᠡᠬᠦ ᠳᠤ ᠬᠦᠳᠡᠯᠬᠦ ᠦᠭᠡᠢ ᠵᠣᠭᠰᠣᠵᠣ ᠪᠠᠶᠢᠬᠤ ᠶᠢ ᠪᠠᠳᠣᠯᠠᠬᠤ ᠭᠡᠷᠡᠭᠲᠠᠢ᠃ ᠢᠩᠬᠢᠭᠡᠳ ᠮᠠᠯᠠᠭᠠᠢ ᠪᠠᠨ ᠵᠡᠭᠦᠭᠡᠳ ᠪᠡᠶ᠎ᠡ ᠪᠠᠨ ᠬᠤᠪᠴᠠᠰᠤᠯᠠᠭᠠᠳ ᠠᠷᠢᠭᠤᠨ ᠰᠠᠩ ᠤᠨ ᠠᠷᠴᠠ ᠪᠠᠷ ᠠᠷᠢᠭᠤᠳᠬᠠᠳᠠᠭ᠃ ᠳᠠᠬᠢᠯᠭ᠎ᠠ ᠶᠢᠨ ᠭᠠᠵᠠᠷ ᠲᠤ ᠬᠦᠷᠦᠭᠡᠳ ᠭᠠᠳᠠᠰᠣᠯᠠᠨ ᠵᠣᠭᠰᠣᠳᠠᠭ ᠬᠦᠮᠦᠨ ᠤ ᠬᠦᠯ ᠢ ᠨᠢ ᠴᠡᠪᠡᠷ ᠠᠷᠢᠭᠤᠨ ᠰᠢᠷ᠎ᠡ ᠡᠯᠡᠰᠦ ᠪᠠᠷ ᠭᠤᠳᠣᠯ ᠤᠨ ᠲᠦᠷᠡᠢ ᠪᠣᠯᠳᠠᠯ᠎ᠠ ᠪᠣᠯᠠᠵᠣ᠂ ᠡᠯᠡᠰᠦᠨ ᠲᠡᠭᠡᠷ᠎ᠡ ᠨᠢ ᠵᠢᠨᠣᠩ ᠨᠣᠶᠠᠨ ᠪᠡᠯᠭᠡ ᠲᠠᠮᠪᠠᠷᠢᠯ ᠲᠠᠢ ᠦᠭᠡ ᠪᠠ ᠲᠠᠷᠣᠯᠭ᠎ᠠ ᠶᠢᠨ ᠠᠭᠤᠯᠭ᠎ᠠ ᠲᠠᠢ ᠦᠭᠡ ᠶᠢ ᠪᠢᠴᠢᠵᠣ ᠲᠠᠮᠠᠭ᠎ᠠ ᠲᠠᠷᠣᠵᠣ ᠡᠭᠦᠷᠭᠡ ᠪᠠᠨ ᠬᠦᠢᠴᠡᠳᠬᠡᠨ᠎ᠡ᠃ ᠡᠯᠡᠰᠦᠨ ᠲᠡᠭᠡᠷᠡᠬᠢ ᠦᠭᠡ ᠨᠢ ᠳᠠᠬᠢᠯᠭ᠎ᠠ ᠪᠠᠷᠠᠳᠠᠯ᠎ᠠ ᠪᠠᠨ ᠲᠣᠲᠣ ᠪᠣᠯ ᠠᠮᠣᠭᠤᠯᠠᠩ ᠴᠠᠭ ᠵᠢᠯ ᠪᠣᠯᠵᠣ᠂ ᠣᠯᠣᠰ ᠲᠦᠪᠰᠢᠨ ᠲᠦᠮᠡᠨ ᠠᠮᠣᠭᠤᠯᠠᠩ ᠪᠠᠶᠢᠬᠤ ᠶᠢ ᠪᠡᠯᠬᠡᠳᠡᠳᠡᠭ ᠪᠠᠶᠢᠵᠠᠢ᠃ ᠬᠦᠷᠦᠯᠴᠡᠨ ᠢᠷᠡᠭᠰᠡᠨ ᠮᠦᠷᠭᠦᠯᠴᠢᠳ ᠠᠯᠳᠠᠨ ᠭᠠᠳᠠᠰᠣ ᠶᠢᠨ ᠰᠢᠳᠦᠭᠡᠨ ᠳᠤ ᠵᠠᠯᠪᠠᠷᠢᠨ ᠮᠦᠷᠭᠦᠵᠦ ᠭᠡᠰᠢᠭ ᠪᠣᠶᠠᠨ ᠢᠶᠠᠨ ᠲᠠᠭᠠᠳᠬᠠᠨ ᠰᠠᠶᠢᠨ ᠰᠠᠶᠢᠬᠠᠨ ᠢᠶᠠᠨ ᠬᠦᠰᠡᠨ ᠵᠦᠩᠨᠡᠳᠡᠭ ᠪᠢᠯᠡ᠃ ᠦᠳᠡ ᠬᠦᠷᠬᠦ ᠳᠤ ᠭᠠᠳᠠᠰᠣᠯᠠᠨ ᠵᠣᠭᠰᠣᠵᠣ ᠪᠠᠶᠢᠭ᠎ᠠ ᠬᠦᠮᠦᠨ ᠤ ᠬᠢᠨᠢ ᠪᠠᠶ᠎ᠡ ᠨᠢ ᠲᠠᠮᠢᠷᠳᠠᠬᠤ ᠳᠤ ᠬᠤᠶᠠᠷ ᠬᠦᠮᠦᠨ ᠰᠣᠭᠤ ᠶᠢᠨ ᠲᠣᠣᠷ᠎ᠠ ᠠᠴᠠ ᠲᠣᠯᠵᠣ ᠵᠣᠭᠰᠣᠳᠠᠭ ᠪᠣᠶᠣ ᠣᠷᠣᠩᠭᠤ ᠶᠢᠨ ᠡᠪᠡᠷ ᠢᠶᠠᠷ ᠲᠣᠯᠣᠨ ᠵᠣᠭᠰᠣᠳᠠᠭ ᠪᠠᠶᠢᠭᠰᠠᠨ᠃ ᠠᠮᠢᠳᠣ ᠪᠠᠭᠠᠨ᠎ᠠ ᠪᠣᠯᠵᠣ ᠬᠦᠳᠡᠯᠦᠯ ᠦᠭᠡᠢ ᠵᠣᠭᠰᠣᠳᠠᠭ᠂ ᠬᠠᠷᠢᠨ ᠦᠨᠳᠡᠭᠡᠨ ᠴᠠᠭᠠᠨ ᠢ ᠬᠦᠳᠦᠯᠦᠨ ᠣᠶᠠᠭ᠎ᠠ ᠪᠣᠯᠵᠣ ᠵᠣᠭᠰᠣᠳᠠᠭ ᠪᠢᠰᠢ ᠪᠠᠶᠢᠪᠡ᠃ ᠢᠩᠬᠢᠭᠡᠳ ᠲᠡᠭᠷᠢ ᠳᠠᠬᠢᠯᠭ᠎ᠠ ᠶᠢᠨ ᠶᠣᠰᠣᠯᠠᠯ ᠲᠡᠭᠦᠰᠬᠦ ᠦᠶ᠎ᠡ ᠪᠠᠷ ᠵᠢᠨᠣᠩ ᠨᠣᠶᠠᠨ ᠠᠴᠠ ᠠᠯᠳᠠᠨ ᠭᠠᠳᠠᠰᠣ ᠶᠢᠨ ᠠᠯᠪᠠ ᠬᠦᠢᠴᠡᠳᠬᠡᠭᠰᠡᠨ ᠢ ᠪᠠᠶᠢᠴᠠᠭᠠᠨ ᠰᠢᠨᠵᠢᠯᠡᠵᠦ᠂ ᠲᠦᠷᠦ ᠲᠦᠪᠰᠢᠨ ᠠᠮᠣᠭᠤᠯᠠᠩ᠂ ᠬᠡᠷᠡᠭ ᠬᠤᠪᠢᠰᠣᠯ ᠣᠴᠢᠷ ᠶᠠᠪᠣᠳᠠᠯ ᠤᠨ ᠲᠣᠬᠠᠢ ᠪᠦᠷ ᠰᠢᠨᠵᠢᠯᠡᠯᠳᠡ ᠬᠢᠭᠰᠡᠨ ᠤ ᠲᠠᠷᠠᠭ᠎ᠠ ︽ᠠᠯᠳᠠᠨ ᠭᠠᠳᠠᠰᠣ ᠶᠢ ᠰᠢᠯᠵᠢᠭᠦᠯ!︾ ᠬᠡᠵᠦ ᠠᠶᠢᠯᠠᠳᠬᠠᠬᠤ ᠳᠤ ᠠᠯᠳᠠᠨ ᠭᠠᠳᠠᠰᠣ ᠰᠠᠬᠢᠭᠴᠢ ᠦᠭᠯᠢᠭᠡ᠂ ᠡᠷᠭᠦᠯᠳᠡ ᠶᠢᠨ ᠡᠳ᠋᠂ ᠵᠣᠭᠤᠰ ᠮᠦᠩᠭᠦ ᠪᠠᠨ ᠠᠪᠣᠭᠠᠳ ᠮᠣᠷᠢ ᠪᠠᠨ ᠣᠨᠣᠭᠠᠳ ᠲᠠᠷᠬᠠᠳ ᠤᠨ ᠠᠯᠳᠠᠨ ᠭᠠᠳᠠᠰᠣ ᠶᠢᠨ ᠦᠭᠯᠢᠭᠡ ᠶᠢ ᠪᠣᠯᠢᠶᠠᠬᠤ ᠬᠦᠭᠡᠭᠡᠴᠡᠯᠳᠦᠯ ᠠᠴᠠ ᠲᠣᠳᠠᠭᠠᠨ ᠵᠠᠶᠢᠯᠠᠵᠣ᠂ ᠲᠠᠬᠢᠯᠭ᠎ᠠ ᠶᠢᠨ ᠭᠠᠵᠠᠷ ᠲᠤ ᠳᠠᠬᠢᠨ ᠢᠷᠡᠬᠦ ᠦᠭᠡᠢ ᠭᠡᠷ ᠣᠷᠣᠭᠤ ᠪᠠᠨ ᠪᠣᠴᠠᠳᠠᠭ᠃ ᠡᠳᠡᠭᠡᠷ ᠪᠦᠬᠦᠨ ᠪᠦᠭᠡ ᠶᠢᠨ ᠲᠡᠭᠷᠢ ᠳᠠᠬᠢᠯᠭ᠎ᠠ ᠶᠢᠨ ᠶᠣᠰᠣᠯᠠᠯ ᠲᠣᠮᠳᠠᠬᠢ ᠨᠢᠭᠡᠨ ᠶᠣᠰᠣ᠂ ᠬᠠᠷᠢᠨ ᠰᠡᠭᠦᠯᠡᠷ ᠨᠢ ᠠᠯᠳᠠᠨ ᠭᠠᠳᠠᠰᠣ ᠶᠢᠨ ᠰᠠᠬᠢᠬᠴᠢ ᠨᠢ ᠴᠢᠩᠬᠢᠰ ᠬᠠᠭᠠᠨ ᠤ ᠮᠣᠷᠢᠨ ᠭᠠᠳᠠᠰᠣ ᠶᠢ ᠬᠤᠯᠠᠭᠠᠶᠢᠯᠠᠭᠰᠠᠨ ᠬᠤᠯᠠᠭᠠᠶᠢᠴᠢ ᠪᠣᠷᠣᠭᠤᠯᠠᠨ ᠲᠣᠳᠠᠭᠠᠵᠣ ᠪᠠᠶᠢᠭ᠎ᠠ ᠭᠡᠰᠡᠨ ᠲᠣᠮᠤᠭ ᠪᠣᠯᠣᠨ ᠬᠤᠪᠢᠷᠠᠭᠰᠠᠨ ᠪᠠᠶᠢᠨ᠎ᠠ᠃
     ᠠᠯᠳᠠᠨ ᠭᠠᠳᠠᠰᠣ ᠨᠢ ᠦᠨᠳᠡᠭᠡᠨ ᠴᠠᠭᠠᠨ ᠰᠢᠳᠦᠭᠡᠨ ᠲᠠᠢ ᠠᠳᠠᠯᠢ ᠴᠦᠮ ᠪᠣᠭᠳᠠ ᠡᠵᠡᠨ ᠤ ᠦᠶ᠎ᠡ ᠠᠴᠠ ᠣᠯᠠᠮᠵᠢᠯᠠᠵᠣ ᠢᠷᠡᠭᠰᠡᠨ ᠲᠠᠶᠢᠯᠭ᠎ᠠ ᠳᠠᠬᠢᠯᠭ᠎ᠠ ᠶᠢᠨ ᠦᠨᠡᠲᠦ ᠰᠣᠶᠣᠯ ᠤᠨ ᠦᠪ ᠪᠢᠯᠡ᠃ ᠮᠦᠨᠴᠦ ᠴᠢᠩᠬᠢᠰ ᠬᠠᠭᠠᠨ ᠤ ᠣᠩᠭᠤᠨ ᠰᠦᠨᠡᠰᠦ ᠦᠨᠢᠳᠡ ᠮᠦᠩᠬᠡ ᠠᠮᠢᠲᠠᠢ ᠪᠠᠶᠢᠬᠤ ᠶᠢᠨ ᠪᠡᠯᠭᠡ ᠲᠠᠮᠳᠡᠭ ᠮᠦᠨ᠃ ᠬᠡᠵᠢᠶ᠎ᠡ ᠠᠴᠠ ᠠᠯᠳᠠᠨ ᠭᠠᠳᠠᠰᠦ ᠰᠠᠬᠢᠭᠴᠢ ᠨᠢ ᠦᠨᠳᠡᠭᠡᠨ ᠴᠠᠭᠠᠨ ᠤ ᠬᠠᠵᠠᠭᠤ ᠳᠤ ᠵᠣᠭᠰᠣᠵᠣ ᠭᠠᠳᠠᠰᠣ ᠪᠣᠯᠵᠣ ᠡᠬᠢᠯᠡᠭᠰᠡᠨ ᠢ ᠮᠠᠲ᠋ᠧᠷᠢᠶᠠᠯ ᠳᠤ ᠲᠡᠶᠢᠮᠦ ᠲᠣᠲᠣᠷᠬᠠᠢ ᠲᠡᠮᠳᠡᠭᠯᠡᠭᠰᠡᠨ ᠦᠭᠡᠢ᠃ ᠣᠷᠣᠰ ᠤᠨ ᠨᠡᠷᠡᠳᠦ ᠪᠠᠷᠳᠠᠭᠠᠴᠢᠨ ᠫᠣᠲᠠᠨᠠᠩ ᠤᠨ 1884 ᠣᠨ ᠳᠤ ᠪᠢᠴᠢᠭᠰᠡᠨ ︽ᠲᠠᠩᠭᠤᠳ ᠲᠦᠪᠡᠳ ᠤᠨ ᠵᠠᠬ᠎ᠠ ᠣᠷᠣᠨ ᠪᠠ ᠮᠣᠩᠭᠤᠯ︾ ᠬᠡᠬᠦ ᠨᠣᠮ ᠳᠤ᠂ ︽ᠨᠢᠭᠡ ᠬᠦᠮᠦᠨ ᠵᠣᠭᠰᠣᠵᠣ ᠪᠣᠢ᠂ ᠲᠡᠭᠦᠨ ᠢ ᠠᠯᠳᠠᠨ ᠭᠠᠳᠠᠰᠣ ᠭᠡᠨ᠎ᠡ᠃ ᠲᠡᠷᠡ ᠬᠦᠮᠦᠨ ᠤ ᠬᠦᠯ ᠢ ᠭᠠᠵᠠᠷ ᠲᠤ ᠪᠣᠯᠠᠵᠣ ᠨᠢᠭᠡ ᠣᠷᠣᠩᠭᠤ ᠶᠢᠨ ᠡᠪᠡᠷ ᠢ ᠲᠣᠯᠣᠭᠤᠯᠣᠭᠰᠠᠨ ᠪᠠᠶᠢᠨ᠎ᠠ᠃ ᠲᠡᠭᠦᠨ ᠤ ᠲᠡᠷᠭᠡᠳᠡ ᠨᠢᠭᠡ ᠫᠢᠯᠠ ᠪᠠᠶᠢᠬᠤ ᠪᠦᠭᠡᠳ ᠫᠢᠯᠠ ᠶᠢᠨ ᠬᠠᠵᠠᠭᠤ ᠳᠤ ᠲᠦᠷᠪᠡᠨ ᠡᠮᠡᠭᠡᠯ ᠪᠣᠢ᠂ ᠠᠯᠳᠠᠨ ᠭᠠᠳᠠᠰᠣ ᠶᠢᠨ ᠡᠮᠦᠨ᠎ᠡ ᠬᠡᠳᠦᠨ ᠮᠦᠷ ᠲᠡᠷᠡᠰᠦᠨ ᠣᠩᠭᠠᠷᠢᠯ ᠪᠠᠶᠢᠵᠣ᠂ ᠣᠩᠭᠠᠷᠢᠯ ᠪᠦᠷᠢ ᠳᠤ ᠬᠤᠨᠢᠨ ᠣᠩᠭᠠᠰᠣ ᠵᠠᠩᠬᠢᠳᠴᠠᠢ︾ ᠭᠡᠵᠦ ᠴᠢᠩᠬᠢᠰ ᠬᠠᠭᠠᠨ ᠤ ᠠᠯᠳᠠᠨ ᠭᠠᠳᠠᠰᠣ ᠶᠢ ᠲᠡᠯᠡᠬᠡᠢ ᠳ᠋ᠠᠬᠢᠨ ᠳᠤ ᠠᠩᠬ᠎ᠠ ᠲᠠᠨᠢᠯᠴᠠᠭᠤᠯᠣᠭᠰᠠᠨ ᠪᠠᠶᠢᠨ᠎ᠠ᠃ ︽ᠨᠢᠭᠡ ᠬᠦᠮᠦᠨ ᠵᠣᠭᠰᠣᠵᠣ ᠪᠣᠢ︾ ᠬᠡᠰᠡᠨ ᠠᠴᠠ ᠦᠵᠡᠪᠡᠯ ᠰᠢᠳᠦᠭᠡᠨ ᠤ ᠰᠠᠬᠢᠭᠴᠢ ᠴᠠᠭᠠᠨ ᠮᠣᠷᠢ ᠬᠦᠳᠦᠯᠦᠨ ᠵᠣᠭᠰᠣᠵᠣ ᠪᠠᠶᠢᠭᠰᠠᠨ ᠦᠭᠡᠢ᠂ ᠬᠠᠷᠢᠨ ᠨᠢᠭᠡᠨ ᠪᠡᠶ᠎ᠡ ᠪᠠᠨ ᠲᠠᠭᠠᠭᠠᠭᠰᠠᠨ ᠰᠢᠳᠦᠭᠡᠨ ᠤ ᠳᠠᠬᠢᠯᠭ᠎ᠠ ᠶᠢ ᠬᠦᠢᠴᠡᠳᠬᠡᠭᠴᠢ ᠪᠣᠯᠣᠨ᠎ᠠ᠃ ᠨᠡᠯᠢᠶᠡᠳ ᠬᠦᠮᠦᠰ ᠠᠯᠳᠠᠨ ᠭᠠᠳᠠᠰᠣ ᠶᠢᠨ ︽ᠭᠠᠳᠠᠰᠣ︾ ᠭᠡᠰᠡᠨ ᠦᠭᠡ ᠶᠢ ᠮᠣᠷᠢᠨ ᠤ ᠣᠶᠠᠭ᠎ᠠ ᠬᠡᠵᠦ ᠣᠶᠢᠯᠠᠭᠠᠭᠰᠠᠨ ᠠᠴᠠ ᠦᠨᠳᠡᠭᠡᠨ ᠴᠠᠭᠠᠨ ᠢ ᠬᠦᠳᠦᠯᠦᠨ ᠵᠣᠭᠰᠣᠵᠣ ᠪᠠᠶᠢᠨ᠎ᠠ ᠭᠡᠵᠦ ᠦᠵᠡᠭᠰᠡᠨ ᠪᠠᠶᠢᠬᠤ ᠮᠠᠭᠠᠳ᠃ ᠭᠠᠳᠠᠰᠣ ᠪᠣᠯ ᠭᠠᠵᠠᠷ ᠲᠤ ᠰᠢᠬᠢᠳᠦᠨ ᠦᠨᠢᠳᠡ ᠬᠦᠳᠡᠯᠦᠰᠢ ᠦᠭᠡᠢ ᠪᠠᠶᠢᠳᠠᠭ᠃ ᠠᠯᠳᠠᠨ ᠭᠠᠳᠠᠰᠣ ᠶᠢᠨ ᠰᠢᠳᠦᠭᠡᠨ ᠨᠢ ᠴᠢᠩᠬᠢᠰ ᠬᠠᠭᠠᠨ ᠤ ᠣᠩᠭᠤᠨ ᠤ ᠲᠠᠶᠢᠯᠭ᠎ᠠ ᠳᠠᠬᠢᠯᠭ᠎ᠠ ᠶᠢᠨ ᠨᠢᠭᠡᠨ ᠰᠠᠯᠵᠣ ᠪᠣᠯᠣᠰᠢ ᠦᠭᠡᠢ ᠴᠢᠬᠤᠯᠠ ᠠᠭᠤᠯᠭ᠎ᠠ᠂ ᠪᠦᠷᠢᠯᠳᠦᠭᠦᠨ ᠮᠦᠷᠳᠡᠭᠡᠨ ᠴᠢᠩᠬᠢᠰ ᠬᠠᠭᠠᠨ ᠤ ᠣᠶᠣᠨ ᠰᠠᠨᠠᠭ᠎ᠠ᠂ ᠵᠣᠷᠢᠭ ᠰᠦᠰᠦ ᠨᠢ ᠲᠠᠯ᠎ᠠ ᠨᠣᠳᠤᠭ ᠤᠨ ᠮᠣᠩᠭᠤᠯᠴᠣᠳ ᠤᠨ ᠰᠡᠳᠬᠢᠯ ᠳᠤ ᠰᠢᠮᠡᠵᠢᠨ ᠦᠨᠢᠳᠡ ᠮᠦᠩᠬᠡᠷᠡᠵᠦ᠂ ᠮᠦᠨᠴᠦ ᠮᠣᠩᠭᠤᠯᠴᠣᠳ ᠮᠦᠩᠭᠡ ᠲᠡᠭᠷᠢ ᠶᠢᠨ ᠠᠯᠳᠠᠨ ᠭᠠᠳᠠᠰᠣ ᠣᠳᠣ ᠪᠠᠷ ᠵᠦᠭᠴᠢᠯᠡᠳᠡᠭ ᠮᠡᠲᠦ ᠮᠦᠩᠭᠡ ᠲᠡᠭᠷᠢ ᠠᠴᠠ ᠮᠣᠩᠭᠤᠯᠴᠣᠳ ᠲᠤ ᠵᠦᠭ ᠴᠢᠭᠯᠡᠯ ᠢ ᠬᠡᠷᠡᠯᠳᠦᠭᠦᠯᠦᠨ ᠵᠢᠭᠠᠵᠣ᠂ ᠬᠦᠴᠢᠷ ᠪᠡᠷᠬᠡᠰᠢᠶᠡᠯ ᠢ ᠲᠤᠭᠤᠯᠣᠨ᠂ ᠢᠯᠠᠯᠳᠠ ᠶᠢᠨ ᠵᠦᠭ ᠬᠦᠳᠦᠯᠳᠡᠭ᠃ ᠠᠯᠳᠠᠨ ᠭᠠᠳᠠᠰᠣ ᠶᠢᠨ ᠰᠢᠳᠦᠭᠡᠨ ᠢ ᠲᠡᠭᠡᠳᠦᠯᠡᠬᠦ ᠳᠡᠭᠡᠨ ᠠᠮᠢᠳᠦ ᠬᠦᠮᠦᠨ ᠢᠶᠠᠷ ᠣᠷᠣᠯᠠᠭᠤᠯᠣᠨ ᠲᠠᠶᠢᠯᠭ᠎ᠠ ᠳᠠᠬᠢᠯᠭ᠎ᠠ ᠶᠢᠨ ᠠᠯᠪᠠ ᠶᠢ ᠬᠦᠢᠴᠡᠳᠬᠡᠭᠦ ᠪᠣᠯ ᠡᠵᠡᠨ ᠪᠣᠭᠳᠠ ᠶᠢᠨ ᠭᠠᠪᠢᠶ᠎ᠠ ᠵᠢᠳᠬᠦᠯ᠂ ᠵᠣᠷᠢᠭ ᠰᠠᠨᠠᠭ᠎ᠠ ᠦᠨᠢᠳᠡ ᠮᠦᠩᠭᠡᠷᠡᠵᠦ ᠠᠷᠢᠭᠤᠨ ᠰᠦᠨᠡᠰᠦ ᠨᠢ ᠡᠭᠦᠷᠢᠳᠡ ᠠᠮᠢᠳᠣ ᠪᠠᠶᠢᠭᠠᠰᠠᠢ ᠬᠡᠵᠦ ᠪᠡᠯᠭᠡᠳᠡᠭᠰᠡᠨ ᠪᠠᠶᠢᠨ᠎ᠠ᠃
       ᠲᠡᠭᠷᠢ ᠶᠢᠨ ᠠᠯᠳᠠᠨ ᠭᠠᠳᠠᠰᠣ ᠶᠢᠨ ᠲᠣᠬᠠᠢ ᠪᠡᠯᠭᠡᠳᠦ ᠰᠣᠷᠭᠠᠯ᠃ ᠰᠢᠶᠠ ᠣᠯᠣᠰ᠂ ᠠᠯᠳᠠᠨ ᠣᠯᠣᠰ ᠤᠨ ᠦᠢᠮᠡᠭᠡᠨ ᠪᠣᠯᠵᠣ ︽ᠡᠳᠦᠭᠡ ᠠᠯᠳᠠᠨ ᠣᠯᠣᠰ ᠤᠨ ᠬᠡᠯᠡᠯᠴᠡᠬᠦ ᠶᠢ ᠦᠵᠡᠬᠦᠯᠡ᠂ ᠲᠡᠭᠷᠢ ᠶᠢᠨ ᠪᠠᠶᠢᠳᠠᠯ ᠳᠤᠷ ᠬᠤᠶᠢᠳᠦ ᠽᠢ ᠸᠧᠢ ᠣᠳᠣᠨ ᠤ ᠭᠡᠷᠡᠯ ᠣᠮᠠᠷ᠎ᠠ ᠠᠴᠠ ᠭᠠᠷᠣᠮᠣᠢ ᠬᠡᠮᠡᠮᠦᠢ᠃ ᠡᠳᠡᠭᠡᠷ ᠢᠶᠠᠷ ᠦᠵᠡᠬᠦᠯᠡ ᠬᠡᠷᠪᠡ ᠲᠡᠭᠷᠢ ᠶᠢᠨ ᠴᠠᠭ ᠪᠣᠯᠪᠠᠣ ᠬᠡᠮᠡᠨ ᠡᠮᠢᠶᠡᠮᠣᠢ︕︾ ᠬᠡᠮᠡᠭᠰᠡᠨ ᠳᠤᠷ ᠲᠠᠶᠢᠹᠦ᠋ ᠯᠢᠦ ᠪᠦᠸᠧ ᠯᠢᠨ ᠲᠠᠪᠰᠢᠵᠣ ᠦᠭᠦᠯᠡᠷᠦᠨ᠄ ︽ᠡᠵᠡᠨ ᠤ ᠠᠶᠢᠯᠠᠳᠣᠭᠰᠠᠨ ᠠᠨᠣ ᠬᠡᠬᠡᠭᠡᠨ ᠲᠠᠰᠣᠷᠬᠠᠢ᠂ ᠬᠤᠶᠢᠳᠣ ᠮᠣᠩᠭᠤᠯ ᠣᠯᠣᠰ ᠤᠨ ᠡᠵᠡᠨ ᠮᠠᠭᠠᠳ ᠠᠯᠳᠠᠨ ᠭᠠᠳᠠᠰᠣ ᠣᠳᠣᠨ ᠮᠦᠨ᠂ ᠲᠡᠭᠦᠨ ᠯᠦᠭᠡ ᠲᠡᠮᠡᠴᠡᠬᠦ ᠠᠴᠠ ᠲᠠᠭᠠᠵᠣ ᠣᠯᠣᠰ ᠲᠦᠷᠦ ᠶᠢ ᠠᠮᠣᠷ ᠢᠶᠠᠷ ᠰᠠᠬᠢᠨ ᠪᠦᠷᠢᠨ ᠪᠣᠯᠭᠠᠬᠤᠢ ᠳᠤᠷ ᠦᠯᠦ ᠬᠦᠷᠦᠮᠣᠢ︾ ᠬᠡᠵᠦ ᠴᠢᠩᠬᠢᠰ ᠬᠠᠭᠠᠨ ᠢ ᠠᠯᠳᠠᠨ ᠭᠠᠳᠠᠰᠣ ᠣᠳᠣ ᠲᠠᠢ ᠵᠦᠢᠷᠯᠡᠨ᠂ ᠲᠡᠭᠷᠢᠯᠢᠭ ᠬᠦᠪᠡᠭᠦᠨ ᠬᠡᠮᠡᠨ ᠲᠡᠭᠡᠳᠦᠯᠡᠨ ᠶᠠᠷᠢᠵᠠᠢ᠃ ᠠᠯᠳᠠᠷᠳᠣ ᠵᠣᠬᠢᠶᠠᠯᠴᠢ ᠢᠨᠵᠠᠨᠠᠰᠢ ᠶᠢᠨ ᠰᠢᠯᠦᠭ ᠲᠤ ︽ᠠᠯᠳᠠᠨ ᠭᠠᠳᠠᠰᠣ ᠶᠢ ᠲᠣᠭᠤᠷᠢᠵᠣ ᠪᠦᠬᠦᠢ ᠣᠳᠣᠨ ᠭᠠᠷᠠᠭ ᠴᠣᠭᠯᠠᠭᠠᠳ᠂ ᠠᠷᠣ ᠭᠠᠵᠠᠷ᠎ᠠ ᠪᠣᠳᠠᠳᠠᠶᠢᠶ᠎ᠠ ᠰᠠᠶᠢᠳ ᠮᠡᠷᠭᠡᠳ ᠬᠤᠷᠠᠵᠣ ᠲᠦᠷᠦᠪᠡᠢ᠂ ᠠᠷᠭ᠎ᠠ ᠬᠦᠴᠦᠨ ᠬᠤᠣᠰ ᠪᠦᠷᠢᠳᠴᠦ ᠪᠣᠳᠣᠬᠤ᠂ ᠠᠯᠢᠪᠠ ᠵᠦᠢᠯ ᠳᠤ ᠲᠡᠭᠷᠢ ᠶᠢ ᠲᠣᠯᠬᠤ ᠬᠠᠭᠠᠨ ᠤ ᠲᠦᠷᠦ ᠶᠢ ᠪᠦᠳᠦᠭᠡᠪᠡᠢ︾ ᠬᠡᠮᠡᠨ ᠲᠣᠩᠭᠠᠵᠣ᠂ ︽ᠠᠯᠳᠠᠨ ᠲᠣᠪᠴᠢ︾᠎ ᠳᠤ᠂ ︽ᠬᠠᠨ ᠵᠠᠶᠢᠰᠠᠩ ᠤᠨ ᠲᠣᠯᠭ᠎ᠠ ᠪᠣᠯᠬᠤ ᠬᠠᠮᠤᠭ ᠣᠯᠣᠰ ᠤᠨ ᠰᠢᠳᠦᠭᠡᠨ ᠪᠣᠯᠣᠭᠠᠳ ᠬᠠᠮᠤᠭ ᠤᠨ ᠮᠦᠩᠬᠡ ᠭᠠᠳᠠᠰᠣᠨ ᠨᠠᠢᠮᠠᠨ ᠴᠠᠭᠠᠨ ᠭᠡᠷ ᠪᠣᠯᠪᠠ︾ ᠬᠡᠵᠦ ᠲᠡᠮᠳᠡᠭᠯᠡᠭᠰᠡᠨ ᠪᠠᠶᠢᠨ᠎ᠠ᠃ ︽ᠡᠷᠳᠡᠮ ᠢᠶᠠᠷ ᠵᠠᠰᠠᠬᠤ ᠵᠠᠰᠠᠭ ᠢ ᠶᠠᠪᠣᠭᠤᠯᠪᠠᠰᠣ ᠦᠯᠢᠭᠡᠷᠯᠡᠪᠡᠰᠦ ᠠᠯᠳᠠᠨ ᠭᠠᠳᠠᠰᠣ ᠣᠳᠣᠨ ᠯᠤᠭ᠎ᠠ ᠠᠳᠠᠯᠢ ᠲᠡᠭᠦᠨ ᠤ ᠠᠭᠠᠷ ᠲᠤ ᠠᠬᠤᠢ ᠣᠯᠠᠨ ᠣᠳᠣᠨ ᠬᠤᠷᠠᠨ ᠴᠣᠭᠯᠠᠷᠠᠨ ᠢᠷᠡᠮᠣᠢ ᠬᠡᠮᠡᠵᠦᠬᠦᠢ︾ ᠬᠡᠵᠦ ᠬᠦᠮᠦᠨ ᠤ ᠨᠡᠶᠢᠭᠡᠮ ᠤᠨ ᠵᠠᠰᠠᠭ ᠵᠠᠰᠠᠯᠳᠠ ᠶᠢ ᠠᠯᠳᠠᠨ ᠭᠠᠳᠠᠰᠣ ᠯᠤᠭ᠎ᠠ ᠵᠦᠪᠯᠡᠵᠦ ᠦᠭᠦᠯᠡᠭᠰᠡᠨ ᠪᠠᠶᠢᠳᠠᠭ᠃ ᠡᠳᠡᠭᠡᠷ ᠲᠡᠮᠳᠡᠭᠯᠡᠯ ᠲᠣᠭᠠᠴᠢᠯᠳᠠ ᠠᠴᠠ ᠦᠵᠡᠪᠠᠯ ᠡᠵᠡᠨ ᠪᠣᠭᠳᠠ ᠶᠢᠨ ᠰᠠᠭᠤᠷᠢᠨ ᠢ ᠮᠠᠭᠠᠳ ᠲᠡᠭᠷᠢ ᠶᠢᠨ ᠠᠯᠳᠠᠨ ᠭᠠᠳᠠᠰᠣ ᠰᠢᠭ᠋ ᠪᠠᠳᠣ ᠪᠠᠬᠢ ᠬᠡᠵᠦ ᠠᠳᠠᠯᠢᠳᠬᠠᠨ᠂ ᠮᠣᠩᠭᠤᠯ ᠤᠨ ᠦᠷᠨᠢᠯᠳᠡ᠂ ᠣᠶᠣᠨ ᠰᠠᠨᠠᠭ᠎ᠠ ᠵᠢᠴᠢ ᠲᠦᠷᠦ ᠬᠦᠷᠦᠨ ᠢ ᠵᠠᠰᠠᠬᠤ ᠪᠣᠭᠳᠠ ᠡᠵᠡᠨ ᠤ ᠲᠡᠭᠷᠢᠯᠢᠭ ᠣᠶᠣᠨ ᠰᠠᠨᠠᠭ᠎ᠠ ᠶᠢ ᠲᠣᠲᠣᠷᠬᠠᠢ ᠲᠣᠩᠭᠠᠨ ᠢᠯᠡᠳᠬᠡᠵᠡᠢ᠃ ᠰᠣᠣᠳᠣ ᠪᠣᠭᠳᠠ ᠴᠢᠩᠬᠢᠰ ᠬᠠᠭᠠᠨ ᠪᠠᠰᠠ ᠲᠡᠭᠦᠦ ᠨᠠᠷ ᠬᠦᠪᠡᠭᠦᠳ ᠢᠶᠠᠨ ᠰᠣᠶᠣᠨ ᠵᠠᠷᠯᠢᠭ ᠪᠣᠯᠣᠷᠣᠨ᠄ ︽ ᠣᠷᠭᠤᠬᠤᠢ ᠠᠴᠠ ᠰᠢᠩᠭᠡᠬᠦᠢ ᠳᠤᠷ ᠬᠦᠷᠳᠡᠯᠡ᠂ ᠲᠡᠭᠷᠢ ᠳ᠋ᠠ ᠲᠡᠯᠡᠬᠡᠢ ᠶᠢ ᠰᠣᠶᠣᠷᠬᠠᠭᠳᠠᠬᠤᠨ ᠪᠦᠭᠡᠳᠡᠯ᠎ᠡ᠂ ᠲᠦᠷᠦ ᠶᠢ ᠲᠡᠳᠬᠦᠯᠳᠡᠬᠦ ᠲᠡᠭᠦᠦ ᠨᠠᠷ ᠬᠦᠪᠡᠭᠦᠳ ᠲᠦᠷᠦᠯᠳᠦᠵᠦ᠂ ᠣᠯᠣᠰ ᠵᠠᠰᠠᠯᠳᠠᠬᠤ ᠦᠳᠡᠭᠦᠰ ᠪᠣᠭᠤᠨ ᠦᠭᠳᠡᠵᠦ᠂ ᠬᠠᠮᠤᠭ ᠲᠦᠷᠦ ᠶᠢᠨ ᠭᠠᠳᠠᠰᠣᠨ᠂ ᠣᠯᠠᠨ ᠣᠯᠣᠰ ᠤᠨ ᠠᠷᠭᠠᠮᠵᠢ ᠪᠣᠯᠪᠠᠢ ‍ᠶ᠎ᠠ᠃ ᠪᠢ ᠭᠠᠳᠠᠰᠣᠨ ᠪᠣᠯᠵᠣ ᠲᠦᠷᠦ ᠶᠢ ᠪᠠᠬᠢᠯᠡᠨ ᠰᠠᠬᠢᠵᠣ᠂ ᠠᠷᠭᠠᠮᠵᠢ ᠪᠣᠯᠵᠣ ᠣᠯᠣᠰ ᠢ ᠪᠠᠷᠢᠨ ᠬᠠᠳᠠᠭᠤᠵᠢᠰᠣ᠃ ᠲᠡᠭᠦᠦ ᠨᠠᠷ ᠬᠦᠪᠡᠭᠦᠳ ᠮᠢᠨᠣ ᠲᠠ᠂ ᠲᠦᠪ ᠢᠵᠠᠭᠤᠷ ᠢ ᠰᠠᠬᠢᠨ᠂ ᠲᠦᠷᠦ ᠶᠢᠨ ᠲᠣᠯᠠ ᠲᠦᠷᠦᠯᠳᠦᠨ ᠰᠣᠶᠣᠨ ᠬᠠᠳᠠᠭᠤᠵᠢᠳᠬᠤᠨ︾ ᠬᠡᠮᠡᠨ ᠰᠣᠷᠭᠠᠯ ᠰᠣᠶᠣᠷᠬᠠᠭᠰᠠᠨ ᠪᠠᠶᠢᠨ᠎ᠠ᠃ ᠡᠨᠡ ᠪᠣᠯ ᠴᠢᠩᠬᠢᠰ ᠬᠠᠭᠠᠨ ᠤ ᠲᠡᠭᠡᠳᠦ ᠲᠡᠭᠷᠢ ᠶᠢᠨ ᠠᠴᠢ ᠪᠠᠷ ᠬᠠᠮᠤᠭ ᠲᠦᠷᠦ ᠶᠢ ᠲᠦᠪᠯᠡᠷᠡᠭᠦᠯᠦᠨ ᠡᠵᠡᠯᠡᠵᠦ᠂ ᠣᠯᠣᠰ ᠢ ᠵᠠᠰᠠᠬᠤ ᠲᠦᠰᠢᠮᠡᠯ ᠰᠠᠶᠢᠳ ᠲᠠᠢ ᠪᠣᠯᠵᠣ᠂ ᠲᠦᠷᠦ ᠣᠯᠣᠰ ᠢᠶᠠᠨ ᠣᠯᠠᠮ ᠨᠢᠭᠡᠳᠬᠡᠨ ᠵᠠᠬᠢᠷᠬᠤ ᠪᠠᠷ ᠬᠠᠳᠠᠭᠤᠵᠢᠨ ᠴᠢᠷᠮᠠᠶᠢᠵᠣ᠂ ᠲᠡᠭᠦᠦᠨᠡᠷ ᠬᠦᠪᠡᠭᠦᠳ ᠨᠢ ᠲᠦᠷᠦ ᠶᠢᠨ ᠲᠦᠯᠦᠭᠡ ᠬᠠᠳᠠᠭᠤᠵᠢᠨ ᠲᠡᠮᠡᠴᠡᠭᠳᠦᠨ ᠭᠡᠰᠡᠨ ᠲᠦᠷᠦ ᠵᠠᠰᠠᠬᠤ ᠰᠣᠷᠭᠠᠯ ᠮᠦᠨ᠃ ᠮᠦᠨᠴᠦ ᠲᠡᠭᠷᠢ ᠶᠢᠨ ᠠᠯᠳᠠᠨ ᠭᠠᠳᠠᠰᠣ — ᠠᠯᠳᠠᠨ ᠠᠷᠭᠠᠮᠵᠢᠶ᠎ᠠ — ᠲᠡᠭᠷᠢ ᠶᠢᠨ ᠬᠦᠯᠦᠭ ᠤᠨ ᠬᠠᠷᠢᠴᠠᠭ᠎ᠠ ᠬᠤᠯᠪᠣᠭ᠎ᠠ ᠪᠠᠷ ᠣᠷᠴᠢᠯᠠᠩ ᠤᠨ ᠲᠦᠮᠡᠨ ᠪᠣᠳᠠᠰ ᠤᠨ ᠲᠣᠭᠳᠠᠬᠤᠢ ᠣᠷᠣᠰᠢᠬᠤᠢ ᠶᠢᠨ ᠵᠢᠮ᠎ᠡ ᠶᠣᠰᠣ ᠶᠢ ᠬᠤᠷᠢᠶᠠᠩᠭᠤᠶᠢᠯᠠᠵᠠᠢ᠃ ᠡᠨᠡ ᠲᠣᠲᠣᠷᠠᠬᠢ ︽ᠭᠠᠳᠠᠰᠣᠨ︾ ᠭᠡᠳᠡᠭ ᠨᠢ ᠠᠯᠳᠠᠨ ᠭᠠᠳᠠᠰᠣ ᠣᠳᠣᠨ ᠢ ᠬᠡᠯᠡᠵᠦ᠂ ᠲᠦᠪ᠂ ᠭᠤᠣᠯ᠂ ᠲᠦᠪᠯᠡᠷᠡᠭᠦᠯᠦᠭᠴᠢ ᠬᠡᠰᠡᠨ ᠣᠳᠬ᠎ᠠ ᠪᠠᠷ ᠬᠡᠷᠡᠭᠯᠡᠭᠳᠡᠵᠡᠢ᠃
       ᠮᠣᠩᠭᠤᠯᠴᠣᠳ ᠲᠡᠭᠷᠢ ᠶᠢᠨ ᠨᠢᠭᠡᠨ ᠣᠳᠣ ᠶᠢ ᠠᠯᠳᠠᠨ ᠭᠠᠳᠠᠰᠣ ᠬᠡᠵᠦ ᠮᠡᠳᠡᠷᠡᠭᠰᠡᠨ ᠨᠢ ᠪᠣᠯ ᠡᠷᠳᠡ ᠢᠵᠠᠭᠤᠷ ᠤᠨ ᠨᠡᠭᠦᠳᠡᠯ ᠰᠣᠶᠣᠯ ᠠᠴᠠ ᠢᠷᠡᠯᠳᠡ ᠲᠠᠢ᠂ ᠮᠣᠩᠭᠤᠯᠴᠣᠳ ᠨᠡᠭᠦᠳᠡᠯ ᠠᠮᠢᠳᠣᠷᠠᠯ ᠤᠨ ᠲᠣᠮᠳᠠ ᠠᠯᠳᠠᠨ ᠭᠠᠳᠠᠰᠣ ᠣᠳᠣ ᠪᠠᠷ ᠵᠦᠭ ᠴᠢᠭ ᠢᠶᠠᠨ ᠣᠯᠳᠠᠭ᠃ ᠨᠠᠰᠤᠳᠠᠨ ᠪᠤᠭᠤᠷᠤᠯᠴᠤᠳ ᠤᠨ ᠶᠠᠷᠢᠶᠠᠨ ᠳᠤ ︽ᠬᠠᠨ ᠬᠤᠷᠮᠤᠰᠳᠠ ᠲᠡᠭᠷᠢ ᠴᠦ ᠠᠯᠳᠠᠨ ᠭᠠᠳᠠᠰᠣ ᠤᠳᠤ ᠠᠴᠠ ᠵᠥᠪᠰᠢᠶᠡᠷᠡᠯ ᠠᠪᠳᠠᠭ ᠶᠤᠰᠤ ᠪᠤᠢ︾ ᠬᠡᠵᠦ ᠶᠠᠷᠢᠳᠠᠭ ᠪᠦᠭᠡᠳ ᠴᠢᠩᠬᠢᠰ ᠬᠠᠭᠠᠨ ᠤ ᠤᠩᠭᠤᠨ ᠤ ᠪᠤᠷᠤ ᠥᠨᠳᠥᠷ ᠲᠡᠭᠡᠷᠡᠬᠢ ᠬᠠᠳᠠᠨ ᠫᠠᠶᠢᠰᠠ ᠲᠡᠬᠡᠷ᠎ᠡ ︽ᠠᠯᠳᠠᠨ ᠭᠠᠳᠠᠰᠤ ᠲᠡᠭᠷᠢ ᠶᠢᠨ ᠭᠤᠤᠯ︾ ᠬᠡᠵᠤ ᠪᠢᠴᠢᠭᠳᠡᠭᠰᠡᠨ ᠪᠠᠶᠢᠳᠠᠭ᠃ ᠡᠳᠡᠭᠡᠷ ᠪᠦᠬᠦᠨ ᠨᠢ ᠴᠢᠩᠬᠢᠰ ᠬᠠᠭᠠᠨ ᠤ ᠠᠯᠳᠠᠨ ᠭᠠᠳᠠᠰᠣ ᠪᠣᠯ ᠬᠦᠳᠡᠯᠦᠰᠢ ᠦᠭᠡᠢ ᠣᠷᠣᠰᠢᠳᠠᠭ ᠲᠡᠭᠷᠢ ᠶᠢᠨ ᠠᠯᠳᠠᠨ ᠭᠠᠳᠠᠰᠣ ᠣᠳᠣᠨ ᠤ ᠪᠡᠯᠭᠡᠳᠡᠯ ᠮᠦᠨ ᠭᠡᠰᠡᠨ ᠢ ᠪᠠᠳᠣᠯᠠᠵᠣ᠂ ᠲᠡᠭᠷᠢ᠂ ᠭᠠᠵᠠᠷ᠂ ᠮᠣᠩᠭᠤᠯ ᠬᠦᠮᠦᠨ ᠭᠤᠷᠪᠠ ᠶᠢᠨ ᠡᠶᠡᠳᠦᠯ ᠢ ᠢᠯᠡᠳᠬᠡᠵᠦ᠂ ᠨᠠᠷᠠ ᠰᠠᠷᠠ᠂ ᠣᠷᠴᠢᠯᠠᠩ ᠤᠨ ᠲᠤᠭ᠎ᠠ ᠲᠣᠮᠰᠢ ᠦᠭᠡᠢ ᠣᠳᠣᠨ ᠮᠡᠴᠢᠳ ᠴᠦᠮ ᠲᠡᠭᠷᠢ ᠶᠢᠨ ᠠᠯᠳᠠᠨ ᠭᠠᠳᠠᠰᠣ ᠣᠳᠣᠨ ᠤ ᠲᠣᠭᠤᠷᠢᠨ ᠳᠤ ᠲᠣᠭᠳᠠᠵᠣ᠂ ᠬᠦᠬᠡ ᠮᠦᠩᠭᠡ ᠲᠡᠭᠷᠢ ᠶᠢᠨ ᠠᠤᠭ᠎ᠠ ᠶᠡᠭᠡ ᠬᠦᠴᠦᠨ ᠢ ᠪᠦᠷᠢᠯᠳᠦᠭᠦᠯᠵᠦ᠂ ᠣᠷᠴᠢᠯᠠᠩ ᠤᠨ ᠲᠦᠮᠡᠨ ᠪᠣᠳᠠᠰ ᠤᠨ ᠣᠷᠣᠰᠢᠬᠤᠢ᠂ ᠠᠮᠢᠳᠣᠷᠠᠬᠤᠢ᠂ ᠲᠣᠭᠳᠠᠬᠤᠢ ᠨᠢ ᠠᠯᠳᠠᠨ ᠭᠠᠳᠠᠰᠣ᠂ ᠠᠯᠳᠠᠨ ᠠᠷᠭᠠᠮᠵᠢᠶ᠎ᠠ᠂ ᠡᠷᠳᠡᠨᠢ ᠶᠢᠨ ᠬᠦᠯᠦᠭ ᠤᠨ ᠬᠤᠭᠤᠷᠣᠨᠳᠣᠬᠢ ᠬᠡᠯᠬᠢᠶ᠎ᠡ᠂ ᠬᠤᠯᠪᠣᠭᠠᠰᠣ ᠠᠴᠠ ᠬᠡᠯᠳᠦᠷᠢᠵᠦ ᠴᠢᠳᠠᠬᠤ ᠦᠭᠡᠢ ᠬᠡᠵᠦ ᠲᠣᠩᠭᠠᠵᠣ ᠪᠠᠶᠢᠨ᠎ᠠ᠃ ᠡᠭᠦᠨ ᠲᠠᠢ ᠠᠳᠠᠯᠢ ᠪᠠᠷ᠂ ᠴᠢᠩᠬᠢᠰ ᠬᠠᠭᠠᠨ ᠮᠤᠩᠭᠤᠯ ᠲᠥᠮᠡᠨ ᠢ ᠨᠢᠬᠡᠳᠬᠡᠵᠤ᠂ ᠮᠤᠩᠭᠤᠯ ᠤᠨ ᠡᠵᠡᠨᠳᠤ ᠲᠥᠷᠤ ᠶᠢ ᠪᠠᠶᠢᠭᠤᠯᠵᠤ᠂ ᠴᠢᠩᠬᠢᠰ ᠬᠠᠭᠠᠨ ᠢᠶᠠᠷ ᠲᠤᠯᠤᠭᠠᠶᠢᠯᠠᠭᠤᠯᠤᠭᠰᠡᠨ ᠲᠥᠷᠤ ᠶᠢᠨ ᠨᠣᠶᠠᠷᠬᠠᠬᠤ ᠬᠥᠴᠥᠨ ᠪᠤᠢ ᠪᠤᠯᠵᠤ᠂ ᠮᠤᠩᠭᠤᠯ ᠲᠥᠮᠡᠨ ᠳᠡᠭᠡᠨ ᠠᠯᠳᠠᠨ ᠭᠠᠳᠠᠰᠤ ᠪᠠ ᠥᠨᠳᠡᠬᠡᠨ ᠴᠠᠭᠠᠨ ᠢ ᠰᠢᠳᠦᠭᠡᠨᠴᠢᠯᠡᠨ ᠥᠯᠡᠳᠡᠬᠡᠵᠤ ᠮᠦᠩᠬᠡ ᠶᠢᠨ ᠬᠡᠷᠢᠶᠠᠰ ᠢ ᠰᠤᠶᠤᠷᠬᠠᠭᠰᠡᠨ ᠪᠠᠶᠢᠨ᠎ᠠ᠃ ᠮᠣᠩᠭᠤᠯᠴᠣᠳ ᠦᠶ᠎ᠡ ᠶᠢᠨ ᠦᠶ᠎ᠡ ᠪᠠᠷ ᠪᠣᠭᠳᠠ ᠡᠵᠡᠨ ᠤ ᠵᠣᠷᠢᠭ ᠰᠠᠨᠠᠭ᠎ᠠ ᠶᠢ ᠪᠢᠰᠢᠷᠡᠨ ᠲᠠᠶᠢᠵᠣ᠂ ᠨᠠᠢᠮᠠᠨ ᠴᠠᠭᠠᠨ ᠣᠷᠳᠣ᠂ ᠦᠨᠳᠡᠭᠡᠨ ᠴᠠᠭᠠᠨ᠂ ᠠᠯᠳᠠᠨ ᠭᠠᠳᠠᠰᠣ ᠶᠢᠨ ᠰᠢᠳᠦᠭᠡᠨ ᠢ ᠰᠠᠬᠢᠨ ᠲᠡᠭᠡᠳᠦᠯᠡᠵᠦ᠂ ᠲᠠᠶᠢᠯᠭ᠎ᠠ ᠳᠠᠬᠢᠯᠭ᠎ᠠ ᠶᠢᠨ ᠠᠯᠪᠠ ᠡᠭᠦᠷᠭᠡ ᠪᠠᠨ ᠣᠯᠠᠮᠵᠢᠯᠠᠨ ᠬᠦᠢᠴᠡᠳᠬᠡᠵᠦ᠂ ᠡᠵᠡᠨ ᠪᠣᠭᠳᠠ ᠶᠢᠨ ᠲᠥᠷᠤ ᠶᠢ ᠵᠠᠰᠠᠵᠤ ᠲᠥᠮᠡᠨ ᠢ ᠰᠤᠪᠢᠯᠠᠬᠤ ᠪᠡᠯᠭᠡᠳᠦ ᠰᠣᠷᠭᠠᠯ ᠨᠢ ᠮᠣᠩᠭᠤᠯᠴᠣᠳ ᠤᠨ ᠰᠡᠳᠬᠢᠯ ᠳᠤ ᠠᠯᠳᠠᠨ ᠭᠠᠳᠠᠰᠣ ᠣᠳᠣᠨ ᠮᠡᠳᠦ ᠪᠠᠳᠣ ᠪᠠᠬᠢ ᠰᠢᠩᠬᠡᠭᠰᠡᠨ ᠪᠠᠶᠢᠨ᠎ᠠ᠃ ᠮᠦᠨᠴᠦ ᠴᠢᠩᠬᠢᠰ ᠬᠠᠭᠠᠨ ᠤ ᠲᠡᠭᠷᠢᠯᠢᠭ ᠦᠵᠡᠯ ᠰᠠᠨᠠᠭ᠎ᠠ᠂ ᠭᠠᠪᠢᠶ᠎ᠡ ᠵᠢᠳᠬᠦᠯ ᠤᠨ ᠬᠢᠨᠢ ᠪᠣᠳᠠᠳᠣ ᠦᠨᠡᠯᠡᠯᠳᠡ ᠪᠣᠯᠣᠨ᠎ᠠ᠃
       ᠠᠯᠳᠠᠨ ᠭᠠᠳᠠᠰᠦ ᠶᠢᠨ ᠰᠢᠳᠦᠭᠡᠨ ᠤ ᠠᠬᠤᠢᠢᠴᠢ ᠠᠴᠢ ᠬᠤᠯᠪᠤᠬᠳᠠᠯ᠃ ᠦᠨᠳᠦᠰᠦᠳᠡᠨ ᠤ ᠰᠢᠯᠢᠳᠡᠭ ᠰᠣᠶᠣᠯ ᠤᠨ ᠦᠪ ᠢ ᠵᠠᠯᠭᠠᠮᠵᠢᠯᠠᠨ ᠣᠶᠣᠨ ᠰᠠᠨᠠᠭᠠᠨ ᠤ ᠪᠦᠳᠦᠭᠡᠨ ᠪᠠᠶᠢᠭᠤᠯᠣᠯᠳᠠ ᠬᠢᠬᠦ ᠨᠢ ᠣᠳᠣ ᠴᠠᠭ ᠦᠶ᠎ᠡ ᠶᠢᠨ ᠨᠡᠶᠢᠭᠡᠮ ᠵᠢᠷᠣᠮᠳᠣ ᠲᠡᠷᠢᠭᠦᠨ ᠤ ᠰᠣᠶᠣᠯ ᠤᠨ ᠪᠦᠳᠦᠭᠡᠨ ᠪᠠᠶᠢᠭᠤᠯᠣᠯᠳᠠ ᠶᠢᠨ ᠴᠢᠬᠤᠯᠠ ᠡᠭᠦᠷᠭᠡ ᠪᠣᠯᠣᠨ᠎ᠠ᠃ ᠴᠢᠩᠬᠢᠰ ᠬᠠᠭᠠᠨ ᠤ ᠲᠠᠶᠢᠯᠭ᠎ᠠ ᠳᠠᠬᠢᠯᠭ᠎ᠠ ᠪᠣᠯ ᠮᠣᠩᠭᠤᠯ ᠦᠨᠳᠦᠰᠦᠳᠡᠨ ᠤ ᠬᠠᠮᠳᠦ ᠶᠢᠨ ᠣᠶᠣᠨ ᠰᠠᠨᠠᠭᠠᠨ ᠤ ᠰᠠᠭᠤᠷᠢᠨ ᠲᠡᠭᠡᠷ᠎ᠡ ᠪᠣᠢ ᠪᠣᠯᠣᠭᠰᠠᠨ ᠨᠢᠭᠡ ᠵᠦᠢᠯ ᠤᠨ ᠰᠣᠶᠣᠯ ᠤᠨ ᠦᠵᠡᠭᠳᠡᠯ ᠪᠣᠯᠣᠨ᠎ᠠ᠃ ᠠᠯᠳᠠᠨ ᠭᠠᠳᠠᠰᠦ ᠶᠢᠨ ᠰᠢᠳᠦᠭᠡᠨ ᠨᠢ ᠴᠢᠩᠬᠢᠰ ᠬᠠᠭᠠᠨ ᠤ ᠲᠠᠶᠢᠯᠭ᠎ᠠ ᠳᠠᠬᠢᠯᠭ᠎ᠠ ᠶᠢᠨ ᠴᠢᠬᠤᠯᠠ ᠠᠭᠤᠯᠭ᠎ᠠ ᠪᠣᠯᠣᠭᠰᠠᠨ ᠤ ᠬᠤᠪᠢ ᠳᠤ ᠮᠦᠨᠴᠦ ᠮᠣᠩᠭᠤᠯᠴᠣᠳ ᠤᠨ ᠲᠡᠭᠷᠢ ᠭᠠᠵᠠᠷ ᠤᠨ ᠡᠶᠡᠳᠦᠯ᠂ ᠬᠦᠷᠦᠰᠦᠳᠦ ᠠᠯᠳᠠᠨ ᠲᠡᠯᠡᠬᠡᠢ ᠶᠢᠨ ᠲᠦᠮᠡᠨ ᠪᠣᠳᠠᠰ ᠲᠤ ᠰᠦᠨᠡᠰᠦ ᠰᠠᠬᠢᠭᠤᠰᠣ᠂ ᠡᠵᠡᠳ ᠣᠩᠭᠤᠳ ᠲᠠᠢ ᠬᠡᠮᠡᠬᠦ ᠦᠵᠡᠯ ᠣᠶᠢᠯᠠᠭᠠᠯᠳᠠ ᠶᠢᠨ ᠢᠯᠡᠷᠡᠬᠦᠯᠦᠯ ᠪᠠᠶᠢᠵᠦ᠂ ᠮᠣᠩᠭᠤᠯᠴᠣᠳ ᠤᠨ ᠡᠬᠡ ᠪᠠᠶᠢᠭᠠᠯᠢ ᠲᠠᠢ ᠪᠠᠨ ᠡᠶᠡᠯᠳᠦᠨ᠂ ᠣᠷᠴᠢᠨ ᠠᠬᠤᠢ ᠪᠠᠨ ᠬᠠᠮᠠᠭᠠᠯᠠᠬᠤ ᠦᠵᠡᠯ ᠣᠬᠠᠮᠰᠠᠷ ᠪᠠ ᠬᠦᠴᠢᠷ ᠪᠡᠷᠬᠡᠰᠢᠶᠡᠯ ᠠᠴᠠ ᠪᠡᠷᠬᠡᠰᠢᠶᠡᠬᠦ ᠦᠬᠡᠢ ᠡᠷᠡᠯᠬᠡᠭ ᠪᠠᠭᠠᠳᠣᠷᠯᠢᠭ ᠵᠣᠷᠢᠭ ᠰᠠᠨᠠᠭ᠎ᠠ ᠶᠢ ᠲᠣᠰᠬᠠᠳᠠᠭ᠃ ᠴᠢᠩᠬᠢᠰ ᠬᠠᠭᠠᠨ ᠤ ᠲᠠᠶᠢᠯᠭ᠎ᠠ ᠳᠠᠬᠢᠯᠭ᠎ᠠ ᠲᠡᠦᠬᠡᠨ ᠬᠦᠭᠵᠢᠯᠳᠡ ᠶᠢᠨ ᠶᠠᠪᠣᠴᠠ ᠳᠤ ᠮᠣᠩᠭᠤᠯ ᠦᠨᠳᠦᠰᠦᠳᠡᠨ ᠤ ᠣᠶᠣᠨ ᠣᠬᠠᠭᠠᠨ ᠤ ᠨᠠᠶᠢᠳᠡᠯᠭ᠎ᠠ᠂ ᠪᠦᠬᠦ ᠮᠣᠩᠭᠤᠯ ᠤᠨ ᠶᠡᠷᠦᠩᠬᠡᠢ ᠶᠢᠨ ᠰᠢᠳᠦᠭᠡᠨ ᠪᠣᠯᠵᠣ ᠮᠣᠩᠭᠤᠯ ᠲᠣᠭᠤᠷᠭᠠᠳᠠᠨ ᠤ ᠬᠠᠮᠳᠣ ᠶᠢᠨ ᠦᠵᠡᠯ ᠰᠠᠨᠠᠭᠠᠨ ᠤ ᠨᠢᠭᠳᠠᠷᠠᠯ ᠳᠤ ᠯᠣᠳᠣ ᠶᠡᠭᠡ ᠨᠦᠯᠦᠭᠡ ᠦᠵᠡᠭᠦᠯᠪᠡ᠃ ᠠᠯᠳᠠᠨ ᠭᠠᠳᠠᠰᠦ ᠶᠢᠨ ᠰᠢᠳᠦᠭᠡᠨ ᠨᠢ ᠮᠦᠨᠴᠦ ᠮᠣᠩᠭᠤᠯ ᠬᠦᠮᠦᠨ ᠤ ᠦᠵᠡᠯ ᠰᠠᠨᠠᠭ᠎ᠠ᠂ ᠰᠣᠶᠣᠯ ᠤᠨ ᠲᠣᠯᠭᠠᠭᠤᠷᠢ ᠪᠣᠯᠣᠨ ᠬᠦᠮᠦᠰ ᠤᠨ ᠠᠵᠢᠯ ᠦᠢᠯᠡᠰ ᠤᠨ ᠬᠢᠨᠢ ᠣᠶᠣᠨ ᠤ ᠬᠦᠳᠡᠯᠭᠡᠭᠦᠷ ᠬᠦᠴᠦᠨ ᠤ ᠬᠤᠪᠢ ᠪᠠᠷ ᠣᠷᠣᠰᠢᠨ᠂ ᠴᠢᠩᠬᠢᠰ ᠬᠠᠭᠠᠨ ᠤ ᠣᠩᠭᠤᠨ ᠤ ᠲᠠᠷᠬᠠᠳ ᠵᠢᠴᠢ ᠠᠯᠳᠠᠨ ᠭᠠᠳᠠᠰᠦ ᠶᠢᠨ ᠰᠠᠬᠢᠭᠴᠢ ᠶᠢᠨ ᠰᠡᠳᠬᠢᠯ ᠳᠤ ᠬᠠᠳᠠᠭᠰᠢᠨ ᠣᠷᠣᠰᠢᠭᠰᠠᠭᠠᠷ ᠢᠷᠡᠭᠰᠡᠨ ᠲᠣᠯᠠ ᠴᠢᠩᠬᠢᠰ ᠬᠠᠭᠠᠨ ᠤ ᠣᠩᠭᠤᠨ ᠳᠠᠬᠢ ᠬᠦᠢᠴᠡᠳᠬᠡᠵᠦ ᠪᠠᠶᠢᠭᠰᠠᠨ ᠣᠳᠣᠮᠰᠢᠯᠳᠣ ᠠᠯᠪᠠᠨ ᠡᠭᠦᠷᠭᠡ ᠪᠠᠨ ᠰᠡᠷᠭᠦᠭᠡᠵᠦ᠂ ᠠᠯᠳᠠᠨ ᠭᠠᠳᠠᠰᠣ ᠶᠢᠨ ᠰᠢᠳᠦᠭᠡᠨ ᠢ ᠡᠵᠡᠨ ᠬᠤᠷᠤᠭ᠎ᠠ ᠠᠴᠠ ᠣᠳᠤᠭ ᠤᠨ ᠡᠮᠦᠨᠡᠳᠦ ᠬᠤᠰᠢᠭᠤᠨ ᠳᠤ ᠰᠢᠯᠵᠢᠭᠦᠯᠦᠨ ᠵᠠᠯᠠᠵᠣ ᠡᠷᠭᠡᠰᠢᠭᠦᠯᠦᠨ ᠳᠠᠬᠢᠵᠣ᠂ ᠣᠭ ᠨᠣᠳᠤᠭ ᠲᠠᠬᠢ ᠴᠣᠮᠴᠤᠭ ᠣᠷᠳᠣ᠂ ᠳᠠᠬᠢᠯᠭ᠎ᠠ ᠶᠢᠨ ᠡᠳ᠋ ᠬᠡᠷᠡᠭᠰᠡᠯ᠂ ᠳᠠᠬᠢᠯᠭ᠎ᠠ ᠶᠢᠨ ᠶᠣᠰᠣᠯᠠᠯ ᠢ ᠠᠯᠬᠤᠮ ᠠᠯᠬᠤᠮ ᠢᠶᠠᠷ ᠲᠣᠩᠭᠠᠨ ᠰᠡᠷᠭᠦᠭᠡᠭᠰᠡᠨ ᠨᠢ ᠣᠯᠠᠮᠵᠢᠯᠠᠯᠳᠦ ᠰᠣᠶᠣᠯ ᠤᠨ ᠣᠶᠣᠨ ᠰᠠᠨᠠᠭᠠᠨ ᠤ ᠪᠦᠳᠦᠭᠡᠨ ᠪᠠᠶᠢᠭᠤᠯᠣᠯᠳᠠ ᠶᠢ ᠡᠷᠴᠢᠮᠲᠡᠢ ᠬᠢᠭᠰᠡᠨ ᠠᠮᠢᠳᠦ ᠵᠢᠱᠢᠶ᠎ᠡ ᠪᠣᠯᠣᠭᠰᠠᠨ ᠪᠠᠶᠢᠨ᠎ᠠ᠃
      ᠮᠣᠩᠭᠤᠯ ᠦᠨᠳᠦᠰᠦᠳᠡᠨ ᠤ ᠣᠳᠣᠮᠰᠢᠯᠳᠣ ᠰᠣᠶᠣᠯ ᠪᠣᠯᠣᠭᠰᠠᠨ ᠠᠯᠳᠠᠨ ᠭᠠᠳᠠᠰᠣ ᠶᠢᠨ ᠰᠣᠶᠣᠯ ᠢ ᠦᠨᠡᠳᠦ ᠰᠣᠶᠣᠯ ᠤᠨ ᠦᠪ ᠬᠦᠷᠦᠩᠭᠡ ᠪᠣᠯᠭᠠᠨ ᠬᠠᠶᠢᠷᠠᠯᠠᠨ ᠬᠠᠮᠠᠭᠠᠯᠠᠬᠤ ᠶᠢᠨ ᠲᠠᠭᠠᠤ ᠪᠠᠰᠠ ᠨᠢᠭᠤᠭᠳᠠᠮᠠᠯ ᠰᠣᠶᠣᠯ ᠤᠨ ᠷᠢᠳᠢ ᠰᠢᠳᠢ ᠶᠢ ᠰᠣᠨᠢᠷᠬᠠᠨ ᠰᠣᠳᠣᠯᠵᠦ᠂ ᠨᠡᠶᠢᠳᠡ ᠶᠢᠨ ᠰᠣᠶᠣᠯ ᠤᠨ ᠦᠢᠯᠡᠰ ᠪᠠ ᠰᠣᠶᠣᠯ ᠤᠨ ᠠᠵᠣ ᠦᠢᠯᠡᠰ ᠤᠨ ᠡᠷᠬᠢᠮ ᠨᠠᠨᠳᠢᠨ ᠡᠬᠢ ᠪᠠᠶᠠᠯᠢᠭ ᠪᠣᠯᠭᠠᠨ ᠨᠡᠭᠡᠭᠡᠨ ᠠᠰᠢᠬᠯᠠᠬᠤ ᠪᠣᠯ ᠠᠯᠳᠠᠨ ᠭᠠᠳᠠᠰᠣ ᠶᠢᠨ ᠲᠠᠶᠢᠯᠭ᠎ᠠ ᠳᠠᠬᠢᠯᠭ᠎ᠠ ᠶᠢᠨ ᠰᠣᠶᠣᠯ ᠢ ᠣᠯᠠᠮᠵᠢᠯᠠᠨ ᠵᠠᠯᠭᠠᠮᠵᠢᠯᠠᠬᠤ ᠶᠠᠪᠣᠴᠠ ᠳᠠᠬᠢ ᠵᠠᠶᠢᠯᠠᠰᠢ ᠦᠬᠡᠢ ᠵᠠᠮ ᠪᠣᠯᠣᠨ᠎ᠠ᠃ ᠰᠣᠶᠣᠯ ᠪᠣᠯ ᠡᠷᠳᠡᠨᠢ᠂ ᠨᠢᠭᠡᠨ ᠦᠨᠳᠦᠰᠦᠳᠡᠨ ᠤ ᠦᠪ ᠰᠣᠶᠣᠯ ᠪᠣᠯ ᠦᠨᠡᠳᠦ ᠦᠷᠳᠡᠭᠳᠦ ᠦᠪ ᠬᠦᠷᠦᠩᠭᠡ ᠪᠣᠯᠣᠨ᠎ᠠ᠃ ᠠᠯᠳᠠᠨ ᠭᠠᠳᠠᠰᠣ ᠬᠡᠳᠡᠭ ᠨᠢ ᠮᠣᠩᠭᠤᠯ ᠤᠨ ᠡᠷᠳᠡᠨ ᠤ ᠰᠣᠶᠣᠯ᠂ ᠴᠢᠩᠬᠢᠰ ᠬᠠᠭᠠᠨ ᠤ ᠲᠡᠭᠷᠢ ᠳᠠᠬᠢᠯᠭ᠎ᠠ ᠶᠢᠨ ᠨᠢᠭᠡᠨ ᠪᠦᠷᠢᠯᠳᠣᠭᠦᠨ᠂ ᠮᠦᠨᠴᠦ ᠪᠣᠭᠳᠠ ᠡᠵᠡᠨ ᠤ ᠪᠦᠬᠦ ᠮᠣᠩᠭᠤᠯ ᠳᠠᠭᠠᠨ ᠬᠡᠷᠢᠶᠡᠰᠦᠯᠡᠭᠰᠡᠨ ᠦᠨ᠎ᠡ ᠦᠷᠳᠡᠭ ᠲᠠᠢ ᠡᠷᠬᠢᠮ ᠨᠠᠨᠳᠢᠨ ᠦᠪ ᠬᠦᠷᠦᠩᠭᠡ ᠪᠣᠯᠣᠨ᠎ᠠ᠃ 1987 ᠣᠨ ᠤ ᠴᠢᠩᠬᠢᠰ ᠬᠠᠭᠠᠨ ᠤ ᠣᠩᠭᠤᠨ ᠤ ᠵᠢᠭᠤᠯᠴᠢᠯᠠᠯ ᠤᠨ ᠭᠠᠳᠠᠭᠰᠢ ᠨᠡᠭᠡᠭᠡᠯᠳᠡ ᠶᠢ ᠲᠠᠭᠠᠨ 800 ᠭᠠᠷᠣᠢ ᠵᠢᠯ ᠣᠯᠠᠮᠵᠢᠯᠠᠵᠣ ᠬᠠᠮᠠᠭᠠᠯᠠᠵᠣ ᠢᠷᠡᠭᠰᠡᠨ ᠴᠢᠩᠬᠢᠰ ᠬᠠᠭᠠᠨ ᠤ ᠲᠠᠶᠢᠯᠭ᠎ᠠ ᠳᠠᠬᠢᠯᠭ᠎ᠠ ᠶᠢᠨ ᠶᠣᠰᠣᠯᠠᠯ ᠨᠢ ᠢᠯᠡ ᠪᠣᠯᠵᠣ ᠮᠣᠩᠭᠤᠯ ᠦᠨᠳᠦᠰᠦᠳᠡᠨ ᠤ ᠵᠠᠷᠢᠮ ᠭᠡᠭᠡᠭᠳᠡᠵᠦ ᠣᠷᠬᠢᠭᠳᠠᠭᠰᠠᠨ ᠲᠡᠦᠬᠡ ᠰᠣᠶᠣᠯ ᠤᠳ ᠨᠢ ᠬᠦᠮᠦᠰ ᠲᠤ ᠮᠡᠳᠡᠷᠡᠭᠳᠡᠵᠦ ᠣᠯᠠᠮ ᠠᠷᠪᠢᠨ ᠡᠷᠳᠡᠮᠳᠡᠨ ᠰᠣᠳᠣᠯᠭᠠᠳᠠᠨ ᠲᠡᠯᠡᠬᠡᠢ ᠶᠢᠨ ᠭᠠᠶᠢᠬᠠᠮᠰᠢᠭ ᠢ ᠪᠦᠳᠦᠭᠡᠭᠰᠡᠨ ᠮᠣᠩᠭᠤᠯ ᠰᠣᠶᠣᠯ ᠤᠨ ᠷᠢᠳᠢ ᠰᠢᠳᠢ ᠶᠢ ᠲᠣᠩᠭᠠᠨ ᠰᠣᠳᠣᠯᠵᠣ ᠪᠠᠶᠢᠨ᠎ᠠ᠃ ᠠᠯᠳᠠᠨ ᠭᠠᠳᠠᠰᠣ ᠣᠪᠣᠭᠳᠡᠨ ᠤ ᠬᠢᠨ ᠲᠡᠭᠡᠳᠦᠰ ᠠᠴᠠ ᠣᠯᠠᠮᠵᠢᠯᠠᠵᠣ ᠢᠷᠡᠭᠰᠡᠨ ᠠᠯᠳᠠᠨ ᠭᠠᠳᠠᠰᠣ ᠶᠢᠨ ᠰᠢᠳᠦᠭᠡᠨ ᠢ ᠰᠠᠬᠢᠬᠤ ᠲᠠᠷᠬᠠᠨ ᠡᠭᠦᠷᠭᠡ ᠪᠠᠨ ᠰᠡᠷᠭᠦᠭᠡᠨ ᠬᠦᠢᠴᠡᠳᠬᠡᠵᠦ᠂ ᠣᠳᠣᠮᠰᠢᠯᠳᠣ ᠦᠪ ᠰᠣᠶᠣᠯ ᠢᠶᠠᠨ ᠵᠠᠯᠭᠠᠮᠵᠢᠯᠠᠵᠣ᠂ ᠡᠨᠡᠬᠦ ᠰᠣᠶᠣᠯ ᠤᠨ ᠰᠦᠯᠳᠡ ᠬᠡᠶᠢᠮᠣᠷᠢ ᠶᠢ ᠠᠮᠢᠯᠠᠭᠤᠯᠤᠨ ᠮᠠᠨᠳᠣᠭᠤᠯᠵᠣ᠂ ᠲᠡᠬᠦᠨ ᠤ ᠦᠪ ᠰᠣᠶᠣᠯ ᠤᠨ ᠦᠨ᠎ᠡ ᠦᠷᠳᠡᠭ ᠢ ᠲᠡᠯᠡᠬᠡᠢ ᠳ᠋ᠠᠬᠢᠨ ᠳᠤ ᠲᠦᠬᠡᠬᠡᠬᠦ ᠪᠠᠷ ᠴᠢᠷᠮᠠᠶᠢᠵᠦ ᠪᠠᠶᠢᠨ᠎ᠠ᠃ ( ᠠᠯᠳᠠᠨᠳᠠᠯᠠᠢ ᠭᠡᠭᠡᠨᠲᠠᠯ᠎ᠠ) 



  
     
     