-
31716
2022-06-06 10:44
32
0
᠃
᠃
᠃
ᠨᠢ ᠭᠠᠳᠠᠨ᠎ᠠ ᠪᠠᠨ
ᠨᠢ ᠳᠣᠲᠤᠨ᠎ᠠ ᠪᠠᠨ
ᠭᠡᠮ ᠨᠢ ᠡᠮᠦᠨ᠎ᠡ ᠪᠠᠨ
ᠭᠡᠮᠰᠢᠯ ᠨᠢ ᠬᠣᠶᠢᠨᠠ ᠪᠠᠨ
ᠰᠠᠶᠢᠨ ᠰᠠᠨᠠᠭ᠎ᠠ ᠲᠠᠯ᠎ᠠ ᠶᠢ ᠲᠤᠭᠤᠷᠢᠨ᠎ᠠ
ᠮᠠᠭᠤ ᠰᠠᠨᠠᠭ᠎ᠠ ᠪᠡᠶ᠎ᠡ ᠶᠢ ᠤᠷᠢᠶᠠᠨ᠎ᠠ᠃
ᠰᠠᠶᠢᠨ ᠰᠠᠨᠠᠭᠠᠨ ᠤ ᠦᠵᠦᠭᠦᠷ ᠰᠦ
ᠮᠠᠭᠤ ᠰᠠᠨᠠᠭᠠᠨ ᠤ ᠦᠵᠦᠭᠦᠷ ᠬᠦ᠋
ᠡᠷᠳᠡᠮ ᠮᠡᠳᠡᠯᠭᠡ ᠶᠢ ᠴᠢᠬᠤᠯᠠᠴᠢᠯᠠᠭᠰᠠᠨ ᠵᠦᠢᠷ ᠦᠭᠡ
ᠡᠳ᠋ ᠮᠢᠩᠭᠠᠨ ᠯᠠᠩ
ᠡᠷᠳᠡᠮ ᠲᠦᠮᠡᠨ ᠯᠠᠩ
ᠪᠦᠯᠬᠦᠮᠳᠡᠯ ᠦᠨ ᠲᠤᠬᠠᠢ ᠵᠦᠢᠷ ᠦᠭᠡ
ᠴᠣᠪᠤᠵᠣ ᠶᠠᠪᠤᠭᠰᠠᠨ ᠪᠠᠷᠰ ᠡᠴᠡ
ᠴᠤᠭᠯᠠᠷᠠᠵᠤ ᠰᠠᠭᠤᠭᠰᠠᠨ ᠱᠠᠭᠠᠵᠠᠭᠠᠢ ᠳᠡᠭᠡᠷ᠎ᠡ᠃
ᠵᠠᠮᠠᠭ ᠰᠠᠶᠢᠲᠠᠢ ᠤᠰᠤᠨ ᠳᠦ ᠵᠢᠭᠠᠰᠤ ᠣᠯᠠᠨ
ᠵᠠᠩ ᠰᠠᠶᠢᠳᠠᠢ ᠬᠦᠮᠦᠨ ᠳᠤ ᠨᠦᠬᠦᠷ ᠣᠯᠠᠨ᠃
ᠪᠦᠬᠦᠳᠡᠭᠡᠷ ᠢᠶᠡᠨ ᠳᠤᠷᠠᠲᠠᠢ ᠪᠤᠯ
ᠪᠦᠲᠦᠬᠦ ᠶᠢᠨ ᠳᠡᠮᠳᠡᠭ
ᠪᠦᠬᠦᠳᠡᠭᠡᠷ ᠢᠶᠡᠨ ᠵᠦᠪᠯᠡᠪᠡᠯ ᠪᠤᠷᠤᠭᠤ ᠦᠭᠡᠢ
ᠪᠦᠯᠢᠶᠡᠨ ᠤᠰᠤ ᠪᠠᠷ ᠤᠬᠢᠶᠠᠪᠠᠯ ᠭᠬᠢᠷ ᠦᠭᠡᠢ
ᠪᠦᠯᠬᠦᠮᠳᠡᠪᠡᠯ ᠪᠦᠳᠦᠨ᠎ᠡ
ᠰᠠᠷᠨᠢᠪᠠᠯ ᠰᠠᠳᠠᠷᠠᠨᠠ᠃
ᠬᠠᠮᠳᠤ ᠶᠢᠨ ᠴᠢᠮᠡᠭ ᠪᠦᠯᠬᠦᠮᠳᠡᠯ
ᠬᠠᠶᠢᠷ᠎ᠠ ᠶᠢᠨ ᠴᠢᠮᠡᠭ ᠰᠡᠳᠬᠢᠯ
ᠡᠪ ᠲᠦᠮᠡᠨ ᠯᠠᠩ
ᠡᠷᠳᠡᠮ ᠮᠢᠩᠭᠠᠨ ᠯᠠᠩ
ᠡᠪ ᠦᠭᠡᠢ ᠬᠦᠮᠦᠨ ᠶᠠᠭ
ᠡᠷᠳᠡᠮ ᠦᠭᠡᠢ ᠬᠦᠮᠦᠨ ᠲᠠᠭ
ᠪᠠᠭᠰᠢ ᠶᠢᠨ ᠲᠣᠬᠠᠢ ᠵᠦᠢᠷ ᠦᠭᠡ
ᠨᠢᠭᠡ ᠳᠦᠷᠦᠯ ᠦᠨ ᠡᠴᠢᠭᠡ ᠡᠬᠡ
ᠠᠷᠪᠠᠨ ᠲᠦᠷᠦᠯ ᠦᠨ ᠪᠠᠭᠰᠢ᠃
ᠪᠠᠭᠰᠢ ᠪᠠᠨ ᠭᠣᠯᠤᠪᠠᠯ ᠡᠷᠳᠡᠮ ᠬᠣᠯᠠᠳᠠᠨ᠎ᠠ
ᠪᠤᠳᠠᠭ᠎ᠠ ᠪᠠᠨ ᠭᠣᠯᠤᠪᠠᠯ ᠭᠡᠳᠡᠰᠦ ᠬᠤᠭᠤᠰᠤᠷᠠᠨ᠎ᠠ᠃
ᠪᠠᠭᠰᠢ ᠬᠡᠳᠦᠢ ᠬᠠᠯᠠ ᠲᠡᠢ ᠪᠤᠯ
ᠱᠠᠪᠢ ᠲᠡᠳᠦᠢ ᠵᠠᠯᠢ ᠲᠡᠢ᠃
ᠪᠠᠭᠰᠢ ᠰᠠᠶᠢᠲᠠᠢ ᠱᠠᠪᠢ ᠪᠠᠷᠳᠠᠩ
ᠪᠠᠭᠠᠲᠤᠷ ᠰᠠᠶᠢᠲᠠᠢ ᠴᠡᠷᠢᠭ ᠪᠠᠷᠲᠠᠩ