- ᠬᠠᠷᠠᠨᠤᠳ ᠵᠤᠯᠠᠨᠴᠢᠮᠡᠭ
1002
ᠰᠠᠷ᠎ᠠ ᠲᠠᠢ ᠰᠦᠨᠢ
2021-10-05 12:14
204
3
ᠲᠦᠨᠡᠷ ᠬᠠᠷᠠᠩᠭᠤᠢ ᠰᠦᠨᠢ ᠶᠢᠨ ᠲᠡᠭᠷᠢ ᠳᠦ ᠮᠥᠩᠭᠦᠨ ᠰᠠᠷᠠᠨ ᠳᠡᠭᠡᠷ᠎ᠡ ᠳᠡᠭᠳᠡᠭᠰᠡᠨ ᠨᠢ ᠬᠦᠮᠦᠨ ᠳᠦ ᠶᠠᠮᠠᠷ ᠨᠢᠭᠡᠨ ᠢ ᠰᠡᠳᠭᠢᠭᠦᠯᠦᠮᠡᠷ ᠃ ᠡᠨᠡ ᠴᠤ ᠶᠠᠭᠠᠬᠢᠮᠠᠢ᠃ ᠮᠣᠩᠭᠤᠯ ᠠᠢᠯ ᠤᠨ ᠭᠡᠷ ᠦᠨ ᠭᠠᠳᠠᠨ᠎ᠠ ᠪᠦᠲᠦᠨ ᠡᠳᠦᠷ ᠢᠳᠡᠰᠢᠯᠡᠭᠡᠳ ᠢᠷᠠᠭᠯᠠᠨ ᠬᠡᠪᠲᠡᠭᠡ ᠴᠠᠳᠬᠬᠤᠯᠠᠩ ᠬᠣᠨᠢᠳ ᠡᠵᠡᠨ ᠦ ᠬᠢ ᠪᠡᠨ ᠬᠣᠨᠢᠨ ᠬᠣᠲᠠ ᠶᠢ ᠲᠦᠭᠦᠷᠭᠡᠨᠡ᠃ ᠮᠥᠩᠭᠦᠨ ᠰᠠᠷᠠᠨ ᠳᠡᠭᠡᠷ᠎ᠡ ᠳᠡᠭᠳᠡᠵᠦ ᠲᠦᠨᠡᠷ ᠬᠠᠷᠠᠩᠭᠤᠢ᠃ ᠬᠥᠮᠦᠨ ᠦ ᠬᠥᠯ ᠨᠠᠮᠵᠢᠵᠤ ᠲᠠᠢᠪᠤᠩ ᠪᠠᠢᠳᠠᠯ ᠳᠤ ᠣᠷᠤᠭᠰᠠᠨ ᠡᠬᠡ ᠲᠡᠯᠡᠬᠡᠢ ᠶᠢ ᠭᠡᠢᠭᠦᠯᠬᠦ ᠳᠦ ᠴᠠᠳᠬᠤᠯᠠᠩ ᠬᠣᠨᠢᠳ ᠡᠵᠡᠨ ᠦ ᠬᠢ ᠪᠡᠨ ᠪᠤᠶᠠᠨ ᠨᠢ ᠪᠣᠯᠵᠤ ᠬᠤᠷᠢᠶᠠᠭᠳᠠᠨ᠎ᠠ᠃ ᠮᠣᠩᠭᠤᠯ ᠠᠮᠢᠳᠤᠷᠠᠯ ᠡᠢᠮᠦ ᠯᠡ ᠰᠠᠢᠬᠠᠨ ᠪᠠᠢᠳᠠᠭ ᠠᠵᠢ᠃ ᠢᠰᠡᠭᠡᠢ ᠲᠤᠭᠤᠷᠭᠠᠲᠠᠨ ᠥᠭᠡᠬᠦᠨ ᠴᠠᠭᠠᠨ ᠢᠰᠡᠭᠡᠢ ᠭᠡᠷ ᠲᠦ ᠪᠡᠨ ᠰᠠᠭᠤᠳᠠᠭ ᠭᠡᠳᠡᠭ᠃ ᠭᠡᠲᠡᠯ᠎ᠡ᠁ ᠮᠠᠨ ᠤ ᠨᠤᠲᠤᠭ ᠤᠨ ᠬᠢᠨ ᠡᠷᠲᠡᠨ ᠡᠴᠡ ᠪᠡᠨ ᠡᠨᠡ ᠬᠦ ᠮᠣᠩᠭᠤᠯ ᠵᠠᠩᠰᠢᠯ ᠢᠶᠠᠨ ᠬᠠᠶᠠᠵᠤ ᠲᠦᠷᠪᠡᠯᠵᠢᠨ ᠭᠤᠷᠪᠠᠨ ᠲᠠᠰᠤᠯᠭ᠎ᠠ ᠤᠯᠠᠭᠠᠨ ᠸᠠᠭᠠᠷᠤᠨ ᠪᠠᠢᠰᠢᠩ ᠳᠤ ᠶᠡᠬᠡ ᠯᠡ ᠡᠷᠬᠡ ᠰᠦᠷ ᠲᠠᠢ ᠬᠤᠰᠢᠭᠤ ᠸᠠᠩ ᠤᠨ ᠨᠣᠶᠠᠨ ᠮᠡᠲᠦ ᠰᠠᠭᠤᠳᠠᠭ ᠪᠣᠯᠤᠭᠰᠠᠨ ᠨᠢ ᠶᠠᠮᠠᠷ ᠭᠡᠵᠦ ᠶᠠᠷᠢᠬᠤ ᠪᠣᠢ ? ᠪᠢ ᠶᠠᠭ ᠡᠢᠮᠦᠷᠬᠡᠨ ᠡᠩ ᠦᠨ ᠨᠢᠭᠡᠨ ᠮᠠᠯᠴᠢᠨ ᠤ ᠤᠲᠤᠭᠠᠲᠤ ᠪᠣᠷᠤ ᠭᠡᠷ ᠲᠦ2007 ᠣᠨ ᠳᠤ ᠮᠠᠨᠴᠤᠢ ᠳᠤ ᠪᠠᠨ ᠢᠷᠡᠵᠦ ᠮᠠᠯᠴᠢᠨ ᠴᠢᠯᠠᠭᠤ ᠰᠤᠮᠢᠶᠠᠭᠡᠷᠡᠯ ᠤᠨ ᠦᠷ᠎ᠡ ᠶᠢᠨ ᠭᠠᠭᠴᠠ ᠦᠬᠢᠨ ᠨᠢ ᠪᠣᠯᠵᠤ ᠵᠠᠶᠠᠭᠠᠭᠠᠳ ᠬᠠᠷᠠᠴᠤ ᠶᠢᠨ ᠭᠡᠷ ᠲᠤ ᠪᠠᠶᠠᠷ ᠤᠨ ᠴᠢᠮᠡᠭᠡ ᠭᠦᠷᠭᠡᠵᠦ ᠢᠷᠡᠵᠦ ᠪᠢᠯᠡ᠃ ᠮᠠᠨᠴᠤᠢ ᠳᠤ ᠪᠠᠨ ᠢᠷᠡᠵᠦ ᠡᠵᠢ ᠪᠡᠨ ᠪᠢ ᠭᠠᠭᠴᠠᠬᠠᠨ ᠤᠳᠠᠭ᠎ᠠ ᠵᠢᠷᠭᠠᠭᠠᠭᠰᠠᠨ᠂ ᠮᠠᠭᠠᠳ ᠦᠭᠡᠢ ᠲᠡᠭᠦᠨ ᠡᠴᠡ ᠬᠤᠢᠰᠢ ᠡᠵᠢ ᠪᠡᠨ ᠪᠢ ᠳᠡᠩᠳᠡ ᠪᠡᠨ ᠵᠣᠪᠠᠭᠠᠭᠰᠠᠨ᠃ᠤᠯᠠᠠᠭᠠᠨ ᠨᠢᠯᠬ᠎ᠠ ᠠᠴᠠ ᠪᠠᠨ ᠲᠣᠰᠤᠨ ᠳᠡᠭᠡᠷ᠎ᠡ ᠲᠣᠭᠯᠠᠵᠤ᠂ ᠲᠣᠷᠭᠠᠨ ᠳᠦ ᠪᠠᠭᠯᠠᠭᠳᠠᠵᠤ ᠥᠰᠦᠭᠡᠳ ᠲᠠᠪᠤᠨ ᠨᠠᠰᠤᠲᠠᠢ ᠲᠡᠷᠡ ᠵᠢᠯ ᠳᠦ ᠪᠡᠨ ᠪᠢ ᠠᠩᠬ᠎ᠠ ᠬᠡᠦᠬᠡᠳ ᠦᠨ ᠴᠡᠴᠡᠷᠯᠢᠭ ᠦᠨ ᠠᠯᠲᠠᠨ ᠪᠣᠱᠤᠭ᠎ᠠ ᠶᠢ ᠠᠯᠬᠤᠨ ᠤᠷᠤᠭᠰᠠᠨ ᠨᠢ ᠰᠤᠷᠭᠠᠭᠤᠯᠢ ᠰᠣᠶᠤᠯ ᠤᠨ ᠮᠦᠷ ᠬᠥᠭᠡᠭᠡᠵᠦ ᠬᠤᠨ ᠭᠠᠯᠠᠭᠤᠨ ᠤ ᠨᠢᠰᠦᠭᠡᠳ ᠬᠦᠷᠬᠦ ᠦᠭᠡᠢ ᠭᠠᠵᠠᠷ ᠠᠴᠠ ᠡᠷᠳᠡᠨᠢ ᠡᠪᠦᠷᠯᠡᠬᠦ ᠠᠵᠠ ᠲᠠᠢ ᠪᠣᠯᠤᠭᠰᠠᠨ ᠢᠶᠠᠨ ᠮᠡᠳᠡᠯ ᠦᠭᠡᠢ ᠶᠠᠪᠤᠭᠰᠠᠨ᠃ ᠲᠡᠭᠡᠭᠡᠳ ᠭᠠᠷᠠᠭ ᠲᠠᠷᠬᠠᠬᠤ ᠪᠦᠷᠢ ᠳᠦ ᠪᠡᠨ ᠭᠡᠷ ᠲᠦ ᠪᠡᠨ ᠬᠠᠷᠢᠳᠠᠭ ᠪᠠᠢᠭᠰᠠᠨ᠃ ᠮᠠᠯᠴᠢᠨ ᠬᠦᠮᠦᠨ ᠳᠦ ᠭᠠᠷᠠᠭ ᠤᠨ ᠠᠮᠠᠷᠠᠯᠲᠠ ᠭᠡᠵᠦ ᠪᠠᠢᠳᠠᠭ ᠦᠭᠡᠢ᠃ ᠠᠵᠢᠯ ᠨᠢ ᠴᠤ ᠤᠨᠳᠤᠷᠤᠭᠠᠳ ᠯᠡ ᠪᠠᠠᠢᠳᠠᠭ᠃ ᠮᠠᠨ ᠤ ᠬᠢ ᠭᠡᠷ ᠲᠦ ᠶᠠᠭᠠᠷᠠᠤ ᠭᠡᠳ ᠵᠠᠷᠢᠮ ᠭᠠᠷᠠᠭ ᠲᠤ ᠪᠠᠨ ᠬᠠᠷᠢᠳᠠᠭ ᠦᠭᠡᠢ᠃ ᠨᠠᠳᠠ ᠶᠢ ᠬᠠᠷᠠᠭᠠᠯᠵᠠᠳᠠᠭ ᠠᠢᠯ ᠤᠨ ᠠᠨᠢᠶ᠎ᠠ ᠶᠢᠨ ᠳᠦ ᠰᠠᠭᠤᠳᠠᠭ᠃ ᠪᠢ ᠬᠠᠷ᠎ᠠ ᠪᠠᠭ᠎ᠠ ᠠᠴᠠ ᠪᠠᠨ ᠪᠠᠯᠭᠠᠰᠤᠨ ᠤ ᠰᠤᠷᠭᠠᠭᠤᠯᠢ ᠳᠤ ᠰᠠᠭᠤᠵᠠᠢ᠃ ᠪᠠᠯᠭᠠᠰᠤ ᠮᠠᠨ ᠤ ᠲᠣᠰᠬᠤᠨ ᠠᠴᠠ ᠵᠠᠭᠤ ᠢᠯᠡᠭᠦᠦ ᠺᠢᠯᠣᠮᠸ᠋ᠲᠷ ᠵᠠᠢᠲᠠᠢ᠃ ᠪᠢ ᠲᠠᠪᠤᠨ ᠨᠠᠰᠤᠲᠠᠢ ᠴᠡᠴᠡᠷᠯᠢᠭ ᠲᠦ ᠬᠦᠷᠭᠡᠭᠳᠡᠵᠡᠢ᠃ ᠨᠠᠳᠠ ᠲᠠᠢ ᠬᠠᠮᠲᠤ ᠬᠠᠮᠤᠭ ᠠᠩᠬ᠎ᠠ ᠴᠡᠴᠡᠷᠯᠢᠭ ᠦᠨ ᠡᠭᠦᠳᠡ ᠶᠢ ᠠᠯᠬᠤᠭᠰᠠᠨ ᠬᠦᠮᠦᠨ ᠨᠢ ᠡᠵᠢ ᠮᠢᠨᠢ ᠪᠠᠢᠭᠰᠠᠨ ᠪᠣᠯ ᠲᠡᠭᠦᠨ ᠡᠴᠡ ᠰᠡᠭᠦᠯᠡᠷ ᠨᠠᠳᠠ ᠲᠠᠢ ᠬᠠᠮᠲᠤ ᠴᠡᠴᠡᠷᠯᠢᠭ ᠦᠨ ᠡᠭᠦᠳᠡ ᠶᠢ ᠠᠯᠬᠤᠳᠠᠭ ᠬᠦᠮᠦᠨ ᠨᠢ ᠠᠢᠯ ᠤᠨ ᠠᠨᠢᠶ᠎ᠠ ᠪᠠᠢᠭᠰᠠᠨ ᠨᠢ ᠣᠳᠤ ᠡᠷᠭᠢᠴᠡᠭᠦᠯᠬᠦ ᠳᠦ ᠲᠡᠷᠡ ᠨᠢ ᠴᠤ ᠠᠷᠭ᠎ᠠ ᠦᠭᠡᠢ ᠪᠠᠢᠭᠰᠠᠨ ᠪᠠᠢᠵᠠᠢ᠃
ᠲᠡᠷᠡ ᠤᠳᠠᠭ᠎ᠠ ᠪᠢ ᠭᠡᠷ ᠲᠦ ᠪᠡᠨ ᠬᠠᠷᠢᠭᠰᠠᠨ ᠰᠥᠨᠢ ᠰᠠᠨ᠃᠃ ᠠᠩᠬ᠎ᠠ ᠴᠡᠴᠡᠷᠯᠢᠭ ᠲᠦ ᠣᠷᠤᠭᠠᠳ ᠠᠷᠪᠠᠭᠠᠳ ᠡᠳᠦᠷ ᠦᠨ ᠳᠠᠷᠠᠭ᠎ᠠ᠃ ᠬᠣᠶᠠᠳᠡᠬᠢ ᠤᠳᠠᠭᠠᠨ ᠤ ᠰᠤᠷᠭᠠᠭᠤᠯᠢ ᠶᠢᠨ ᠪᠠᠭ᠎ᠠ ᠲᠠᠷᠬᠠᠯᠲᠠ ᠳᠡᠭᠡᠷ᠎ᠡ᠃ ᠪᠢ ᠭᠡᠷ ᠲᠦ ᠪᠡᠨ ᠬᠠᠷᠢᠬᠤ ᠳᠤ ᠡᠵᠢ ᠡᠮᠲᠡᠷᠡᠵᠦ ᠬᠤᠯᠲᠠᠷᠠᠭᠰᠠᠨ ᠨᠣᠮ ᠬᠠᠳᠠᠭᠠᠯᠠᠳᠠᠭ ᠪᠣᠷᠤ ᠬᠠᠢᠷᠴᠠᠭ ᠠᠴᠠ ᠪᠠᠨ ᠨᠢᠭᠡ ᠳᠡᠪᠲᠡᠷ ᠬᠠᠰᠢ ᠶᠢᠨ ᠪᠣᠷᠤ ᠥᠩᠭᠡ ᠲᠠᠢ︽ ᠬᠡᠦᠬᠡᠳ ᠦᠨ ᠰᠣᠳᠤᠨ ᠦᠯᠢᠭᠡᠷ︾ ᠬᠡᠮᠡᠬᠦ ᠨᠣᠮ ᠢ ᠭᠠᠷᠭᠠᠵᠤ ᠢᠷᠡᠭᠰᠡᠨ ᠪᠢᠯᠡ᠃ ᠪᠢ ᠲᠡᠷᠡ ᠦᠶ᠎ᠡ ᠨᠣᠮ ᠭᠡᠭᠴᠢ ᠶᠠᠭᠤ ᠶᠢ ᠮᠡᠳᠡᠬᠦ ᠴᠤ ᠨᠢᠭᠡ ᠦᠰᠦᠭ ᠲᠠᠨᠢᠬᠤ ᠦᠭᠡᠢ︽ ᠰᠣᠬᠤᠷ︾ ᠬᠦᠮᠦᠨ ᠪᠠᠢᠭᠰᠠᠨ᠃ ᠪᠢ ᠡᠵᠢ ᠡᠴᠡ ᠪᠡ︽ ᠡᠨᠡ ᠶᠠᠭᠤᠨ ᠤ ᠳᠡᠪᠲᠡᠷ ᠪᠣᠢ ︖︾ ᠭᠡᠵᠦ ᠬᠡᠦᠬᠡᠳ ᠦᠨ ᠴᠣᠪᠤᠭᠤᠯᠢᠭ ᠳᠠᠭᠤᠨ ᠢᠶᠠᠷ ᠬᠠᠴᠢᠷᠬᠠᠨ ᠠᠰᠠᠭᠤᠯ᠎ᠠ᠃ ᠡᠵᠢ︽ ᠦᠯᠢᠭᠡᠷ ᠦᠨ ᠳᠡᠪᠲᠡᠷ᠂ ᠴᠢᠮ᠎ᠠ ᠶᠢ ᠴᠡᠴᠡᠷᠯᠢᠭ ᠦᠨ ᠡᠭᠦᠳᠡ ᠶᠢ ᠠᠯᠬᠤᠭᠰᠠᠨ ᠤ ᠴᠢᠨᠢ ᠬᠠᠮᠤᠭ ᠠᠩᠬᠠᠨ ᠤ ᠪᠡᠯᠡᠭ︾ ᠭᠡᠯᠡ᠃︽ ᠲᠠ ᠨᠠᠳᠠ ᠳᠤ ᠦᠯᠢᠭᠡᠷ ᠢ ᠨᠢ ᠶᠠᠷᠢᠵᠤ ᠥᠭᠴᠦ ᠪᠣᠯᠬᠤ ᠦᠦ ?︾ ᠭᠡᠬᠦ ᠳᠦ ᠡᠵᠢ︽ ᠲᠡᠭᠡᠶ᠎ᠡ᠃ ᠡᠯᠳᠡᠪ ᠵᠦᠢᠯ ᠢᠵᠢᠢ ᠨᠢ ᠨᠠᠭᠠᠳᠤᠬᠢ ᠠᠵᠢᠯ ᠢᠶᠠᠨ ᠳᠠᠭᠤᠰᠬᠠᠴᠢᠬᠠᠭᠠᠳ ᠦᠬᠢᠨ ᠳᠦ ᠪᠡᠨ ᠶᠠᠷᠢᠵᠤ ᠥᠭᠭᠦᠨ᠎ᠡ ︾ᠭᠡᠯᠡ᠃
ᠢᠵᠢᠢ ᠮᠢᠨᠢ ᠤᠳᠠᠵᠤ ᠲᠦᠳᠡᠯ ᠦᠭᠡᠢ ᠪᠡᠷ ᠭᠠᠷ ᠲᠠᠬᠢ ᠠᠵᠢᠯ ᠢᠶᠠᠨ ᠳᠠᠭᠤᠰᠬᠠᠯ᠎ᠠ᠃ ᠨᠠᠳᠠ ᠳᠤ ᠦᠰᠦᠭ ᠭᠡᠭᠡᠯ ᠦᠭᠡᠢ ᠤᠩᠰᠢᠵᠤ ᠥᠭᠭᠦᠯ᠎ᠡ᠃ ᠭᠠᠳᠠᠨ᠎ᠠ ᠲᠡᠷᠭᠡᠯ ᠰᠠᠷᠠᠨ ᠣᠭᠲᠠᠷᠭᠤᠢ ᠳᠡᠭᠡᠷ᠎ᠡ ᠲᠠᠢᠪᠤᠩ ᠳᠡᠭᠳᠡᠨ᠎ᠡ᠃ ᠭᠤᠷᠪᠠᠨ ᠲᠠᠰᠤᠯᠭ᠎ᠠ ᠤᠯᠠᠭᠠᠨ ᠸᠠᠭᠠᠷᠤᠨ ᠪᠠᠢᠰᠢᠩ ᠳᠤ ᠦᠯᠢᠭᠡᠷ ᠶᠠᠷᠢᠬᠤ ᠳᠠᠭᠤᠨ ᠦᠷᠭᠦᠯᠵᠢᠯᠡᠨ᠎ᠡ᠃
ᠢᠵᠢᠢ ᠮᠢᠨᠢ ᠶᠡᠷᠦ ᠡᠴᠡ ᠪᠡᠨ ᠠᠵᠢᠯ ᠳᠤ ᠰᠠᠢᠨ᠃ ᠬᠥᠯ ᠬᠥᠩᠭᠡᠨ᠃ ᠭᠡᠲᠡᠯ᠎ᠡ ᠲᠡᠷᠡ ᠡᠳᠦᠷ ᠢᠵᠢᠢ ᠮᠢᠨᠢ ᠶᠡᠷᠦ ᠪᠣᠰᠤ ᠶᠢᠨ ᠪᠠᠶᠠᠷᠲᠠᠢ᠃ ᠶᠠᠭᠤᠨ ᠳᠤ ᠨᠢ ᠪᠦᠦ ᠮᠡᠳᠡ᠃ ᠠᠵᠢᠯ ᠳᠤ ᠪᠠᠨ ᠨᠢᠭᠡ ᠯᠡ ᠡᠩ ᠦᠨ ᠪᠢᠰᠢ ᠰᠠᠢᠨ ᠪᠠᠢᠯ᠎ᠠ᠃ ᠪᠣᠳᠤᠬᠤ ᠳᠤ ᠠᠵᠢᠯ ᠢᠶᠠᠨ ᠬᠤᠷᠳᠤᠬᠠᠨ ᠥᠨᠳᠦᠷᠯᠡᠭᠦᠯᠴᠢᠬᠡᠭᠡᠳ ᠦᠷ᠎ᠡ ᠨᠠᠳᠠ ᠳᠤ ᠪᠠᠨ ᠰᠤᠶᠤᠯ ᠤᠨ ᠨᠢᠯᠬ᠎ᠠ ᠰᠣᠶᠤᠭ᠎ᠠ ᠶᠢ ᠤᠷᠭᠤᠭᠤᠯᠬᠤ ᠭᠡᠰᠡᠨ ᠬᠦᠰᠡᠯ ᠲᠠᠢ ᠪᠠᠢᠯ ᠦᠭᠡᠢ᠃
ᠲᠡᠷᠡ ᠰᠥᠨᠢ ᠶᠢ ᠪᠣᠳᠤᠬᠤ ᠪᠦᠷᠢ ᠥᠪᠡᠷ ᠦᠨ ᠡᠷᠬᠡ ᠦᠭᠡᠢ ᠨᠣᠮ ᠤᠷᠤᠭᠤ ᠲᠡᠮᠡᠦᠯᠡᠨ᠎ᠡ᠃ ᠣᠳᠣ ᠪᠣᠯᠲᠠᠯ᠎ᠠ ᠨᠠᠮ᠎ᠠ ᠶᠢ ᠨᠣᠮ ᠤᠨ ᠠᠮᠲᠠᠨ ᠳᠤ ᠰᠠᠭᠠᠲᠠᠭᠠᠳᠠᠭ ᠤᠨ ᠤᠴᠢᠷ ᠨᠢ ᠯᠠᠪ ᠲᠡᠷᠡ ᠰᠥᠨᠢ ᠶᠢᠨ ᠤᠴᠢᠷ ᠠᠴᠠ ᠪᠠᠢᠬ᠎ᠠ ᠳ᠋ᠠ᠃
-
2023-06-08
-
2021-10-14
ᠵᠠᠰᠠᠬᠤ ᠴᠢᠬᠤᠯᠠ ᠲᠠᠢ ᠠᠯᠳᠠᠭ᠎ᠠ ᠲᠠᠢ ᠵᠦᠢᠯ ᠪᠠᠢᠪᠠᠯ ᠰᠠᠨᠠᠭᠤᠯᠬᠤ ᠪᠣᠯᠪᠠ ᠦᠦ ᠭᠡᠵᠦ ᠲᠠᠨᠠᠷ ᠲᠤ ᠪᠠᠨ ᠨᠠᠢᠳᠠᠵᠤ ᠪᠠᠢᠨ᠎ᠠ᠃ ᠪᠠᠶᠠᠷᠯᠠᠯ᠎ᠠ !