-
21886
ᠴᠤᠩᠬᠤ ᠪᠠᠷ ᠬᠠᠷᠠᠬᠤ ᠳᠤ
2019-04-29 18:08
182
0
ᠴᠤᠩᠬᠤ ᠪᠠᠷ ᠬᠠᠷᠠᠬᠤ ᠳᠤ
ᠦᠨᠳᠦᠷ ᠠᠰᠠᠷ ᠦᠵᠡᠭᠳᠡᠨ᠎ᠡ
ᠠᠰᠠᠷ ᠲᠤᠳᠤᠷ᠎ᠠ
ᠦᠷᠦᠭᠡᠨ ᠳᠤᠮᠳᠠ
ᠬᠡᠤᠬᠡᠳ ᠤᠨ ᠵᠢᠰᠣ ᠦᠵᠡᠭᠳᠡᠨ᠎ᠡ᠂
ᠴᠤᠩᠬᠤ ᠪᠠᠷ ᠬᠠᠷᠠᠬᠤ ᠳᠤ
ᠨᠤᠭᠤᠭᠠᠨ ᠤᠯᠢᠶᠠᠰᠤ ᠦᠵᠡᠭᠳᠡᠨ᠎ᠡ
ᠮᠦᠴᠢᠷ ᠳᠤᠮᠳᠠ
ᠨᠠᠪᠴᠢᠨ ᠲᠡᠭᠡᠷ᠎ᠡ
ᠬᠠᠪᠤᠷ ᠤᠨ ᠵᠢᠰᠣ ᠦᠵᠡᠭᠳᠡᠨ᠎ᠡ᠂
ᠴᠤᠩᠬᠤ ᠪᠠᠷ ᠬᠠᠷᠠᠬᠤ ᠳᠤ
ᠠᠭᠤᠳᠠᠮ ᠲᠠᠯᠠᠪᠤᠷ ᠦᠵᠡᠭᠳᠡᠨ᠎ᠡ
ᠲᠠᠯᠠᠪᠤᠷ ᠳᠤᠮᠳᠠ
ᠵᠦᠯᠭᠡᠨ ᠳᠡᠭᠡᠷ᠎ᠡ
ᠰᠤᠷᠭᠠᠭᠤᠯᠢ ᠶᠢᠨ ᠵᠢᠰᠣ ᠦᠵᠡᠭᠳᠡᠨ᠎ᠡ
ᠴᠤᠩᠬᠤ ᠪᠠᠷ ᠬᠠᠷᠠᠬᠤ ᠳᠤ
ᠪᠤᠭᠤᠷᠤᠯ ᠤᠳᠠ ᠦᠵᠡᠭᠳᠡᠨ᠎ᠡ
ᠰᠠᠯᠠᠭᠠᠨ ᠳᠤᠮᠳᠠ
ᠨᠠᠮᠠᠭᠠᠨ ᠳᠡᠭᠡᠷ᠎ᠡ
ᠣᠨ ᠤ ᠵᠢᠰᠣ ᠦᠵᠡᠭᠳᠡᠨ᠎ᠡ
2019.4.29