-
141852
70 ᠵᠢᠯ ᠤᠨ ᠣᠢ ᠳᠤ ᠵᠣᠷᠢᠭᠤᠯᠵᠤ ᠨᠡᠷᠡᠲᠦ ᠬᠥᠲᠦᠯᠦᠭᠴᠢ ᠨᠠᠰᠤᠨ ︽ᠮᠣᠩᠭᠤᠯ ᠠᠭᠤᠯᠠᠰ︾ ᠮᠠᠭᠲᠠᠭᠠᠯ ᠢᠶᠠᠨ ᠤᠶᠠᠩᠭᠠᠯᠠᠪᠠ
2017-09-26 14:56
261
0
︽ᠵᠢᠷᠦᠬᠡᠨ ᠤ ᠡᠷᠢᠯ︾᠂ ︽ᠬᠠᠯᠢᠭᠤᠨ ᠨᠠᠮᠤᠷ ᠤᠨ ᠰᠠᠯᠬᠢ︾᠂ ︽ᠵᠡᠷᠭᠡᠯᠭᠡᠨᠲᠦ ᠭᠤᠪᠢ︾᠂ ︽ᠬᠠᠷ᠎ᠠ ᠬᠠᠷᠠᠬᠠᠨ ᠬᠠᠷᠠᠴᠠ︾᠂ ︽ᠨᠠᠢᠮᠠᠨ ᠰᠢᠷᠭ᠎ᠠ︾᠂ ︽ᠪᠣᠳᠤᠯ ᠡᠮᠵᠡᠭᠯᠡᠨ᠎ᠡ︾ ᠵᠡᠷᠭᠡ ᠭᠤᠶᠤ ᠭᠤᠶᠤ ᠳᠠᠭᠤᠤ ᠶᠢᠨ ᠰᠢᠯᠦᠭ ᠢ ᠪᠢᠴᠢᠵᠦ᠂ ᠮᠣᠩᠭᠤᠯ ᠤᠯᠠᠨ ᠤ ᠪᠠᠨ ᠪᠠᠭ᠋ᠠᠷᠬᠠᠯ ᠪᠣᠯᠤᠭᠰᠠᠨ ᠬᠥᠲᠦᠯᠦᠭᠴᠢ ᠨᠡᠪᠲᠡᠷᠡᠭᠦᠯᠦᠭᠴᠢ᠂ ᠬᠤᠭᠤᠷᠴᠢ᠂ ᠳᠠᠭᠤᠤ ᠶᠢᠨ ᠦᠭᠡ ᠵᠣᠬᠢᠶᠠᠭᠴᠢ ᠨᠠᠰᠤᠨ ᠭᠤᠸᠠᠢ ᠶᠢ ᠲᠠᠨᠢᠬᠤ ᠦᠭᠡᠢ ᠬᠥᠮᠦᠨ ᠭᠡᠵᠦ ᠪᠠᠷᠤᠭ ᠪᠠᠶᠢᠬᠤ ᠦᠭᠡᠢ᠃ ᠨᠤᠲᠤᠭ ᠰᠠᠨᠠᠭᠳᠠᠳᠠᠯᠠ᠂ ᠬᠠᠶᠢᠷ᠎ᠠ ᠢᠪᠢᠯᠲᠡᠯᠡ᠂ ᠰᠡᠳᠭᠢᠯ ᠠᠷᠭᠠᠳᠠᠭᠰᠠᠨ ᠳᠠᠭᠤᠤ ᠶᠢ ᠨᠢ ᠦᠳᠡᠯᠦᠭᠡ ᠢᠳᠡᠷ ᠵᠠᠯᠠᠭᠤ ᠭᠡᠲᠦᠨ ᠦᠶ᠎ᠠ ᠪᠠᠷ ᠢᠶᠠᠨ ᠰᠤᠨᠤᠰᠴᠤ ᠶᠠᠪᠤᠨ᠎ᠠ᠃ ᠲᠠᠭᠤᠤ ᠬᠤᠭᠤᠷ ᠢᠶᠠᠷ ᠦᠨᠳᠦᠰᠦᠳᠡᠨ᠂ ᠡᠬᠡ ᠨᠤᠲᠤᠭ᠂ ᠠᠪᠤ ᠡᠵᠢ᠂ ᠠᠮᠠᠷᠠᠭ ᠬᠤᠩᠭᠤᠷ ᠤᠨ ᠬᠠᠶᠢᠷ᠎ᠠ ᠶᠢ ᠮᠠᠰᠢ ᠤᠶᠠᠩᠭᠠᠯᠢᠭ ᠢᠶᠠᠷ ᠢᠯᠡᠷᠬᠡᠶᠢᠯᠡᠵᠥ ᠪᠣᠯᠳᠠᠭ᠃ ᠨᠠᠰᠤᠨ ᠤ ᠤᠷᠠᠨ ᠪᠦᠲᠦᠭᠡᠯ ᠶᠠᠭ ᠯᠡ ᠲᠡᠶᠢᠮᠦ᠃ ᠤᠳᠤ ᠬᠦᠷᠲᠡᠯ᠎ᠠ ᠬᠤᠶᠠᠷ ᠵᠠᠭᠤ ᠭᠠᠷᠤᠢ ᠲᠠᠭᠤᠤ ᠶᠢᠨ ᠦᠭᠡ ᠵᠤᠬᠢᠶᠠᠨ ᠪᠦᠲᠦᠭᠡᠭᠰᠡᠨ ᠤ ᠲᠤᠳᠤᠷ᠎ᠠ ᠠᠴᠠ ᠬᠤᠷᠢᠭᠠᠳ ᠨᠢ ᠲᠦᠯᠦᠭᠡᠯᠡᠭᠦ ᠪᠦᠲᠦᠭᠡᠯ ᠪᠤᠯᠤᠬᠰᠠᠨ ᠪᠦᠭᠡᠳ ᠨᠡᠶᠢᠲᠡ ᠳᠤ ᠮᠡᠳᠡᠷᠡᠭᠳᠡᠭᠰᠡᠨ ᠦᠪᠦᠷ ᠮᠤᠩᠭᠤᠯ ᠤᠨ ᠨᠡᠷᠡᠲᠦ ᠲᠠᠭᠤᠤ ᠪᠤᠯᠵᠠᠢ᠃
ᠨᠠᠰᠤᠨ᠂ ᠪᠦᠭᠦᠯᠢ ᠨᠡᠷ᠎ᠡ ᠨᠢ ᠨᠠᠰᠤᠨᠵᠢᠷᠭᠠᠯ᠃ 1957 ᠣᠨ᠂ ᠳᠠᠷᠤᠢ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠪᠠᠶᠢᠭᠤᠯᠤᠬᠳᠠᠬᠰᠠᠨ ᠠᠷᠪᠠᠨ ᠵᠢᠯ ᠤᠨ ᠣᠢ ᠲᠤᠬᠢᠶᠠᠬᠰᠠᠨ ᠵᠢᠯ ᠳᠤ ᠰᠢᠯᠢ ᠶᠢᠨ ᠭᠤᠤᠯ ᠠᠶᠢᠮᠠᠭ ᠤᠨ ᠬᠦᠪᠡᠭᠡᠲᠦ ᠰᠢᠷ᠎ᠠ ᠬᠤᠰᠢᠭᠤᠨ ᠤ ᠬᠥᠭᠵᠢᠯᠲᠦ ᠮᠠᠯᠵᠢᠯ ᠤᠨ ᠲᠠᠯᠠᠪᠠᠢ ᠳᠤ ᠡᠭᠡᠯ ᠵᠢᠷ ᠤᠨ ᠮᠠᠯᠴᠢᠨ ᠤ ᠬᠦᠪᠡᠭᠦᠨ ᠪᠣᠯᠤᠨ ᠵᠠᠶᠠᠭᠠᠵᠠᠢ᠃ ᠬᠠᠷᠠᠬᠠᠨ ᠪᠠᠭ᠎ᠠ ᠠᠴᠠ ᠪᠠᠨ ᠲᠥᠪᠯᠡᠭᠦᠨ ᠲᠤᠮᠤᠭᠠᠲᠠᠢ ᠪᠠᠶᠢᠭᠰᠠᠨ ᠨᠠᠰᠤᠨ ᠴᠠᠭ ᠦᠶ᠎ᠡ ᠶᠢᠨ ᠰᠢᠯᠲᠠᠭᠠᠨ ᠠᠴᠠ ᠪᠣᠯᠵᠤ ᠰᠤᠷᠭᠠᠭᠤᠯᠢ ᠰᠣᠶᠣᠯ ᠤᠨ ᠮᠥᠷ ᠢ ᠨᠢᠭᠡ ᠶᠡᠭᠡ ᠬᠦᠭᠡᠭᠡᠵᠦ ᠴᠢᠳᠠᠭ᠎ᠠ ᠦᠭᠡᠢ ᠪᠠᠷ ᠬᠡᠲᠦᠨ ᠵᠢᠯ ᠰᠤᠷᠭᠠᠭᠤᠯᠢ ᠳᠤ ᠰᠠᠭᠤᠮᠠᠬᠴᠠ ᠭᠡᠷ ᠲᠡᠭᠡᠨ ᠬᠠᠷᠢᠵᠦ ᠮᠠᠯᠴᠢᠨ ᠵᠠᠶᠠᠭ᠎ᠠ ᠪᠠᠨ ᠬᠦᠯᠢᠶᠡᠨ ᠰᠠᠭᠤᠪᠠ᠃ ᠭᠡᠭᠦ ᠳᠤ᠂ ︽ᠪᠤᠶᠠᠨ ᠲᠠᠢ ᠬᠦᠮᠦᠨ ᠢ ᠳᠠᠷᠤᠵᠤ ᠪᠣᠯᠬᠤ ᠦᠭᠡᠢ᠂ ᠪᠤᠯᠠᠭ ᠤᠨ ᠤᠰᠤ ᠶᠢ ᠪᠤᠯᠠᠵᠤ ᠪᠣᠯᠬᠤ ᠦᠭᠡᠢ︾ ᠭᠡᠳᠡᠭ ᠢᠶᠠᠷ᠂ ᠲᠦᠷᠪᠡᠨ ᠤᠳᠠᠰᠤᠳᠤ ᠬᠤᠭᠤᠷ ᠲᠡᠭᠦᠨ ᠤ ᠮᠦᠷᠦᠭᠡᠲᠦᠯ ᠢ ᠬᠦᠬᠡᠬᠤᠳᠠ ᠳᠤ ᠬᠦᠳᠤᠯᠦᠭᠰᠡᠨ ᠪᠠᠶᠢᠯ᠎ᠠ᠃ ᠲᠠᠯᠠᠭᠠᠳ ᠤᠨ ᠤ ᠡᠬᠢ ᠪᠠᠷ ︽ᠰᠤᠶᠤᠯ ᠤᠨ ᠶᠡᠭᠡᠬᠤᠪᠢᠰᠬᠠᠯ︾ ᠤᠨ ᠠᠭᠤᠷ ᠠᠮᠢᠰᠬᠤᠯ ᠵᠢᠭᠠᠬᠠᠨ ᠨᠠᠮᠳᠠᠭᠠᠳ ᠰᠤᠶᠤᠯ ᠤᠷᠠᠯᠢᠭ ᠢ ᠰᠡᠷᠭᠦᠭᠡᠵᠦ ᠪᠠᠶᠢᠬᠰᠠᠨ ᠦᠶ᠎ᠠ ᠳᠤ᠂ᠮᠤᠩᠭᠤᠯ ᠷᠠᠳᠢᠣ᠋ ᠲᠡᠭᠡᠷ᠎ᠡ ᠬᠤᠭᠤᠷ ᠤᠨ ᠬᠤᠯᠪᠤᠭ᠎ᠠ᠂ ᠬᠤᠭᠤᠷ ᠤᠨ ᠦᠯᠢᠭᠡᠷ ᠰᠢᠩᠭᠡᠭᠡᠨ ᠶᠠᠷᠢᠭᠤᠯᠳᠠᠭ ᠪᠤᠯᠤᠯ᠎ᠠ᠃ ᠲᠡᠷᠡᠦᠶᠠ ᠳᠤ ᠨᠠᠰᠤᠨ ᠷᠠᠳᠢᠣ᠋ ᠳᠡᠭᠡᠷ᠎ᠡ ᠠᠴᠠ ᠴᠦᠢᠵᠢᠭᠠᠸᠠ᠂ ᠲᠤᠷᠵᠢ᠂ ᠦᠰᠬᠦᠪᠤᠶᠠᠨ ᠵᠡᠷᠭᠡ ᠬᠤᠭᠤᠷᠴᠢ ᠶᠢᠨ ᠦᠯᠢᠭᠡᠷᠬᠤᠯᠪᠤᠭᠠ ᠶᠢ ᠰᠤᠨᠤᠰᠤᠭᠠᠳ ᠮᠠᠰᠢ ᠪᠠᠭ᠋ᠠᠷᠬᠠᠳᠠᠭ ᠪᠠᠶᠢᠬᠰᠠᠨ ᠠᠴᠠ ᠬᠤᠭᠤᠷᠴᠢ ᠪᠤᠯᠵᠦ ᠦᠯᠢᠭᠡᠷ ᠬᠤᠯᠪᠤᠭ᠎ᠠ ᠶᠠᠷᠢᠬᠤ ᠶᠤᠮᠰᠠᠨ ᠭᠡᠰᠡᠨ ᠠᠩᠬᠠᠨ ᠤ ᠬᠦᠰᠡᠯ ᠨᠢ ᠲᠡᠷᠡ ᠦᠶ᠎ᠠ ᠳᠤ ᠰᠡᠳᠬᠢᠯ ᠳᠤᠨᠢ ᠬᠦᠪᠦᠷᠡᠵᠠᠢ᠃ ᠢᠩᠭᠢᠵᠦ ᠯᠡ ᠨᠠᠰᠤᠨ ᠭᠤᠸᠠᠢ ᠳᠦᠷᠪᠡᠨ ᠤᠲᠠᠰᠤᠲᠤ ᠬᠤᠭᠤᠷ ᠤᠷᠤᠯᠳᠤᠵᠤ ᠡᠬᠢᠯᠡᠭᠰᠡᠨ ᠠᠴᠠ ᠦᠨᠦᠳᠤᠷ ᠲᠡᠷᠡ ︽ᠮᠢᠨᠦ ᠪᠦᠬᠦ ᠤᠷᠠᠨ ᠪᠦᠲᠦᠭᠡᠯ ᠤᠨ ᠡᠬᠢᠯᠠᠯᠳᠠ ᠪᠤᠯ ᠲᠦᠷᠪᠡᠨ ᠤᠳᠠᠰᠤᠳᠤ ᠬᠤᠭᠤᠷ ᠪᠤᠯᠤᠨ᠎ᠠ ᠳ᠋ᠠ︾ ᠭᠡᠵᠦ ᠶᠠᠷᠢᠳᠠᠭ ᠤᠨ ᠤᠴᠢᠷ ᠨᠢ ᠡ᠊ᠨᠳᠡ ᠪᠠᠶᠢᠬᠤ ᠦᠭᠡᠢ ᠤᠤ᠃ ᠲᠡᠷᠡ ᠨᠤᠲᠤᠭ ᠤᠨ ᠨᠢᠭᠡᠨ ᠬᠤᠭᠤᠷ ᠬᠢᠳᠡᠭ ᠪᠤᠭᠤᠷᠤᠯ ᠢᠶᠠᠷ ᠬᠤᠭᠤᠷ ᠬᠢᠯᠭᠡᠵᠦ ᠠᠪᠤᠭᠠᠳ ᠦᠪᠡᠷ ᠢᠶᠠᠨ ᠤᠷᠤᠯᠳᠤᠬᠰᠠᠭᠠᠷ ᠪᠠᠶᠢᠵᠥ ᠬᠦᠭᠯᠡᠭᠦᠯᠵᠦ ᠳᠡᠶᠢᠯᠳᠡᠭ ᠪᠤᠯᠤᠭᠠᠳ ᠰᠤᠮᠤᠨ ᠤ ᠪᠠᠨ ᠠᠩᠬᠠᠳᠤᠭᠠᠷ ᠤᠳᠠᠭᠠᠨ ᠤ ᠨᠠᠶᠢᠷ ᠲᠡᠭᠡᠷ᠎ᠡ᠂ ᠠᠷᠠᠯᠳᠤ ᠬᠤᠭᠤᠷ ᠢᠶᠠᠨ ᠪᠠᠷᠢᠵᠦ ᠤᠯᠠᠨ ᠤ ᠤᠷᠮ᠎ᠠ ᠶᠢ ᠬᠦᠭᠵᠢᠭᠡᠨ ᠪᠠᠶᠢᠬᠰᠠᠨ ᠨᠢ ᠬᠤᠰᠢᠭᠤᠨ ᠤ ᠤᠯᠠᠭᠠᠨᠮᠦ᠋ᠴᠢᠷ ᠤᠨ ᠲᠠᠷᠤᠭ᠎ᠠ ᠵᠠᠮᠪᠠᠯᠵᠠᠮᠴᠤ ᠶᠢᠨ ᠠᠩᠬᠠᠷᠤᠯ ᠳᠤ ᠬᠦᠷᠴᠠᠢ᠃ 1973 ᠤᠨ ᠤ ᠨᠢᠭᠡᠨ ᠡᠳᠦᠷ᠂ ᠵᠠᠮᠪᠠᠯᠵᠠᠮᠴᠤ ᠪᠡᠶ᠎ᠡ ᠪᠠᠷ ᠢᠶᠠᠨ ᠨᠠᠰᠤᠨ ᠤ ᠬᠢᠨ ᠳᠤ ᠪᠠᠭᠤᠭᠠᠳ ᠲᠡᠭᠦᠨ ᠢ ᠦᠪᠡᠷᠲᠡᠭᠡᠨ ᠵᠠᠰᠠᠬᠤ ᠤᠷᠤᠨ ᠤ ᠬᠤᠭᠤᠷᠴᠢ ᠶᠢᠨ ᠪᠤᠯᠪᠠᠰᠤᠷᠠᠯ ᠤᠨ ᠠᠩᠭᠢ ᠳᠤ ᠤᠷᠤᠯᠴᠠᠭᠤᠯᠬᠤ ᠤᠴᠢᠷ ᠢ ᠵᠥᠪᠳᠡᠵᠦ ᠪᠣᠯᠪᠠᠰᠤᠷᠠᠯ ᠳᠤ ᠤᠷᠤᠯᠴᠠᠭᠤᠯᠵᠠᠢ᠃ ᠲᠡᠭᠡᠭᠡᠳ ᠦᠯᠢᠭᠡᠷ ᠬᠤᠯᠪᠤᠭ᠎ᠠ ᠭᠡᠳᠡᠭ ᠤᠨ ᠤᠬᠠᠭᠠᠨ ᠢ ᠵᠢᠩᠭᠢᠨᠢ ᠤᠢᠢᠯᠠᠭᠠᠯ᠎ᠠ ᠭᠡᠳᠡᠭ᠃ ᠲᠤᠷᠵᠢ ᠬᠤᠭᠤᠷᠴᠢ ᠨᠠᠰᠤᠨ ᠢ ᠦᠵᠡᠵᠦ ᠲᠤᠭᠤᠭᠠᠳ ᠦᠪᠦᠷ ᠮᠤᠩᠭᠤᠯ ᠤᠨ ᠷᠠᠳᠢᠣ᠋ ᠳᠤ ᠱᠠᠪᠢ ᠪᠠᠷ ᠠᠪᠤᠶ᠎ᠠ ᠭᠡᠵᠦ ᠶᠠᠷᠢᠬᠰᠠᠨ ᠪᠤᠯᠪᠠᠴᠤ ᠡᠨᠡ ᠠᠮᠠᠯᠳᠠᠯᠭ᠎ᠠ ᠨᠢ ᠲᠡᠷᠡᠭᠡᠨ ᠲᠤᠤᠷ᠎ᠠ ᠪᠠᠨ ᠪᠡᠶᠡᠯᠡᠭᠳᠡᠵᠦ ᠲᠡᠶᠢᠯᠥᠭᠰᠡᠨ ᠦᠭᠡᠢ᠃ ᠲᠡᠷᠡ ᠤᠳᠠᠭ᠎ᠠ ᠨᠠᠰᠤᠨ ᠬᠦᠳᠡᠭᠡ ᠳᠡᠭᠡᠨ ᠪᠤᠴᠠᠭᠠᠳ ᠬᠡᠲᠦᠨ ᠰᠠᠷ᠎ᠠ ᠪᠤᠯᠤᠬᠰᠠᠨ ᠤ ᠲᠠᠷᠠᠭ᠎ᠠ᠂ ᠬᠤᠰᠢᠭᠤᠨ ᠤ ᠪᠠᠨ ᠤᠯᠠᠭᠠᠨᠮᠦ᠋ᠴᠢᠷ ᠲᠤ ᠡᠯᠰᠡᠭᠳᠡᠨ ᠠᠵᠢᠯᠯᠠᠵᠦ᠂ 1977 ᠣᠨ ᠳᠤ ᠦᠪᠦᠷ ᠮᠤᠩᠭᠤᠯ ᠤᠨ ᠠᠷᠠᠳ ᠤᠨ ᠷᠡᠳᠢᠣ᠋ ᠨᠡᠪᠲᠡᠷᠡᠭᠦᠯᠭᠡ ᠶᠢᠨ ᠬᠤᠷᠢᠶᠠᠨ ᠳᠤ ᠠᠵᠢᠯ ᠰᠢᠯᠵᠢᠵᠦ᠂ ᠲᠤᠷᠵᠢ ᠬᠤᠭᠤᠷᠴᠢ ᠳᠤ ᠱᠠᠪᠢᠯᠠᠬᠤ ᠪᠠᠷᠢᠯᠳᠤᠯᠭ᠎ᠠ ᠨᠢ ᠪᠡᠶᠡᠯᠡᠵᠡᠢ᠃
ᠦᠪᠦᠷ ᠮᠤᠩᠭᠤᠯ ᠤᠨ ᠠᠷᠠᠳ ᠤᠨ ᠷᠡᠳᠢᠣ᠋ ᠨᠡᠪᠲᠡᠷᠡᠭᠦᠯᠭᠡ ᠶᠢᠨ ᠬᠤᠷᠢᠶᠠᠨ ᠳᠤ 40 ᠭᠠᠷᠤᠢ ᠵᠢᠯ ᠠᠵᠢᠯᠯᠠᠬᠤ ᠳᠠᠭᠠᠨ ᠲᠡᠷᠡ ᠵᠢᠯ ᠪᠣᠯᠭᠠᠨ ᠤ ᠴᠠᠭᠠᠨ ᠰᠠᠷ᠎ᠠ ᠶᠢᠨ ᠦᠳᠡᠰᠢᠯᠡᠭᠡ᠂ ᠶᠡᠭᠡ ᠪᠠᠭ᠎ᠠ ᠨᠠᠶᠢᠷ ᠨᠠᠭᠠᠳᠤᠮ ᠬᠦᠳᠦᠯᠬᠦ᠂ ᠬᠤᠯᠪᠤᠭ᠎ᠠ᠂ ᠢᠷᠦᠭᠡᠯ ᠮᠠᠭᠲᠠᠭᠠᠯ ᠬᠡᠯᠡᠬᠦ᠂ ᠰᠤᠷᠪᠤᠯᠵᠢᠯᠠᠭ᠎ᠠ᠂ ᠠᠪᠢᠶᠠᠯᠠᠭ᠎ᠠ᠂ ᠪᠠᠷᠢᠮᠲᠠᠲᠤ ᠮᠡᠳᠡᠭᠡᠯᠡᠯ᠂ ᠳᠠᠭᠤᠤ ᠶᠢᠨ ᠦᠭᠡ ᠶᠢᠨ ᠣᠷᠴᠢᠭᠤᠯᠭ᠎ᠠ ᠬᠢᠬᠦ ᠵᠡᠷᠭᠡ ᠣᠯᠠᠨ ᠮᠡᠷᠭᠡᠵᠢᠯ ᠢᠶᠠᠷ ᠰᠣᠶᠤᠯ ᠤᠨ ᠦᠢᠯᠡᠰ ᠲᠤ ᠬᠤᠪᠢ ᠨᠡᠮᠡᠷᠢ ᠪᠠᠨ ᠦᠵᠡᠭᠦᠯᠵᠡᠢ᠃ ᠣᠳᠤ ᠲᠡᠷᠡ ᠦᠪᠦᠷ ᠮᠤᠩᠭᠤᠯ ᠤᠨ ᠠᠷᠠᠳ ᠤᠨ ᠷᠡᠳᠢᠣ᠋ ᠨᠡᠪᠲᠡᠷᠡᠭᠦᠯᠭᠡ ᠶᠢᠨ ᠬᠤᠷᠢᠶ᠎ᠠ ᠶᠢᠨ ᠡᠷᠬᠢᠯᠡᠭᠴᠢ ᠨᠠᠶᠢᠷᠠᠭᠤᠯᠤᠭᠴᠢ᠂ ᠤᠯᠤᠰ ᠤᠨ ᠨᠢᠭᠡᠳᠦᠭᠡᠷ ᠲᠡᠰ ᠤᠨ ᠲᠠᠭᠤᠤ ᠶᠢᠨ ᠦᠭᠡ ᠵᠤᠬᠢᠶᠠᠭᠴᠢ᠂ ᠠᠯᠳᠠᠷᠳᠤ ᠷᠡᠳᠢᠣ᠋ ᠲᠧᠯᠸᠢᠰ ᠨᠡᠪᠳᠡᠷᠡᠭᠦᠯᠭᠡ ᠶᠢᠨ ᠬᠦᠳᠦᠯᠦᠭᠴᠢ᠃ ᠦᠪᠦᠷ ᠮᠤᠩᠭᠤᠯ ᠤᠨ ᠲᠠᠭᠤᠤᠷᠢᠯᠢᠭ ᠤᠨ ᠨᠡᠶᠢᠭᠡᠮᠯᠢᠭ ᠤᠨ ᠬᠡᠰᠢᠭᠦᠨ᠂ ᠦᠪᠦᠷ ᠮᠤᠩᠭᠤᠯ ᠤᠨ ᠲᠠᠭᠤᠤᠷᠢᠯᠢᠭ ᠤᠨ ᠨᠡᠶᠢᠭᠡᠮᠯᠢᠭ ᠤᠨ ᠬᠡᠷᠡᠭ ᠡᠷᠬᠢᠯᠡᠭᠴᠢ᠂ ᠦᠪᠦᠷ ᠮᠤᠩᠭᠤᠯ ᠤᠨ ᠲᠠᠭᠤᠤ ᠬᠦᠭᠵᠢᠮ ᠤᠨ ᠤᠷᠠᠨ
ᠵᠤᠬᠢᠶᠠᠯ ᠤᠨ ᠨᠡᠶᠢᠭᠡᠮᠯᠢᠭ ᠤᠨ ᠲᠡᠳ᠋ ᠡᠷᠬᠢᠯᠡᠭᠴᠢ ᠁ ᠵᠡᠷᠭᠡ ᠲᠤᠰᠢᠶᠠᠯ ᠠᠯᠪᠠ ᠲᠠᠢ ᠬᠢᠯᠠᠷᠠᠭᠤᠯᠤᠨ᠎ᠠ᠃
ᠠᠰᠤᠨ ᠤ ᠪᠦᠲᠦᠭᠡᠯ ᠤᠨ ᠬᠠᠮᠤᠭ ᠤᠨ ᠶᠡᠭᠡ ᠤᠨᠴᠠᠯᠢᠭ ᠪᠤᠯ ᠬᠠᠶᠢᠷ᠎ᠠ ᠰᠡᠳᠭᠢᠯᠭᠡ ᠶᠢ ᠦᠨᠡᠨ ᠮᠦᠨ ᠢᠶᠠᠷ ᠨᠢ ᠢᠯᠡᠷᠡᠭᠦᠯᠵᠦ ᠠᠮᠢᠳᠤᠷᠠᠯ ᠠᠴᠠ ᠰᠡᠳᠦᠪᠯᠡᠨᠠ᠃ ᠤᠮᠤᠭ ᠲᠡᠭᠦᠯᠳᠡᠷ᠂ ᠬᠠᠯᠠᠭᠤᠨ ᠰᠡᠳᠭᠢᠯᠭᠡ ᠲᠠᠢ᠂ ᠢᠷᠠᠭᠤ ᠴᠡᠭᠡᠯᠭᠡᠨ᠂ ᠤᠷᠠᠨ ᠨᠠᠷᠢᠯᠢᠭ ᠢᠶᠠᠷ ᠪᠦᠲᠦᠭᠡᠯ ᠤᠨ ᠢᠶᠠᠨ ᠰᠦᠭ ᠰᠦᠨᠠᠰᠦ ᠶᠢ ᠪᠤᠰᠬᠠᠳᠠᠬ᠃ ᠡᠨᠡ ᠲᠠᠯ᠎ᠠ ᠪᠠᠷ ᠢᠶᠠᠨ ᠠᠯᠳᠠᠷᠳᠤ ᠬᠦᠭᠵᠢᠮ ᠤᠨ ᠵᠤᠬᠢᠶᠠᠯᠴᠢ ᠤᠯᠠᠭᠠᠨᠲ᠋ᠤᠭ᠂ ᠰᠡᠴᠡᠨᠴᠤᠬᠲᠦ᠂ ᠰ᠊ ᠊ ᠡᠩᠬᠡᠪᠡᠶᠠᠷ᠂ ᠵᠠᠩᠴᠢᠨᠨᠣᠷᠪᠤ ᠵᠡᠷᠭᠡ ᠬᠦᠭᠵᠢᠮ ᠤᠨ ᠵᠤᠬᠢᠶᠠᠯᠴᠢᠳ ᠲᠠᠢ ᠬᠡᠪ ᠨᠠᠮᠪᠠ ᠨᠡᠶᠢᠴᠡᠵᠥ᠂ ᠦᠵᠡᠯ ᠪᠤᠳᠤᠯ ᠨᠢᠭᠡᠳᠦᠨ᠂ ᠴᠢᠩ ᠰᠡᠳᠬᠢᠯ ᠠᠴᠠ ᠪᠠᠨ ᠬᠠᠮᠳᠤᠷᠠᠨ ᠠᠵᠢᠯᠯᠠᠵᠤ ᠪᠠᠶᠢᠬᠰᠠᠨ ᠶᠤᠮ᠃
ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠪᠠᠶᠢᠭᠤᠯᠤᠭᠳᠠᠭᠰᠠᠨ 70 ᠵᠢᠯ ᠤᠨ ᠣᠢ ᠳᠤ ᠵᠤᠷᠢᠭᠤᠯᠵᠤ᠂ ᠨᠠᠰᠤᠨ ᠭᠤᠸᠠᠢ ︽ᠮᠣᠩᠭᠤᠯ ᠠᠭᠤᠯᠠᠰ︾ ᠰᠢᠯᠦᠭ ᠢᠶᠠᠨ ᠥᠰᠬᠡᠵᠦ ᠬᠥᠮᠦᠵᠢᠭᠦᠯᠦᠭᠰᠡᠨ ᠡᠬᠡ ᠣᠷᠤᠨ ᠳᠠᠭᠠᠨ ᠪᠡᠯᠡᠭ ᠪᠣᠯᠭᠠᠨ ᠤᠶᠠᠩᠭᠠᠯᠠᠵᠤ᠂ ᠳᠠᠭᠤᠤ ᠬᠤᠭᠤᠷ ᠢᠶᠠᠷ ᠤᠶᠠᠩᠭᠠᠷᠠᠭᠰᠠᠨ ᠥᠪᠦᠷ ᠮᠣᠩᠭᠤᠯ ᠳᠠᠭᠠᠨ ᠪᠡᠯᠭᠡᠳᠡᠯ ᠵᠦᠩᠨᠡᠯ ᠢᠶᠠᠨ ᠳᠡᠪᠰᠢᠭᠦᠯᠦᠭᠰᠡᠨ ᠪᠠᠶᠢᠨ᠎ᠠ᠃