- ᠬᠠᠷᠠᠨᠤᠳ ᠵᠤᠯᠠᠨᠴᠢᠮᠡᠭ
1000
ᠴᠤᠩᠬᠤᠨ ᠤ ᠤᠯᠠᠪᠤᠷ ᠲᠤᠶᠠᠭ᠎ᠠ
2021-08-14 17:16
174
2
ᠴᠤᠩᠬᠤᠨ ᠪᠦᠷᠬᠦᠭᠦᠯ ᠰᠡᠬᠦᠭᠳᠡᠬᠦ ᠳᠦ ᠪᠦᠷᠬᠦᠭᠦᠯ ᠳᠡᠭᠡᠷ᠎ᠡ ᠠᠰᠬᠠᠷᠠᠭᠰᠠᠨ ᠵᠤᠨ ᠤ ᠥᠷᠯᠦᠭᠡ ᠶᠢᠨ ᠨᠠᠷᠠᠨ ᠤ ᠤᠯᠠᠪᠤᠷ
ᠲᠤᠶᠠᠭ᠎ᠠ ᠵᠢᠵᠢᠭᠬᠡᠨ ᠬᠠᠷᠠᠩᠭᠤᠢ ᠶᠢ ᠭᠡᠷᠡᠯᠲᠦᠭᠦᠯᠦᠨ ᠤᠷᠤᠵᠤ ᠢᠷᠡᠯ᠎ᠡ᠃ ᠥᠷᠯᠦᠭᠡ ᠶᠢᠨ ᠨᠠᠷᠠᠨ ᠤ ᠤᠯᠠᠪᠤᠷ ᠲᠤᠶᠠᠭ᠎ᠠ ᠲᠡᠢᠮᠦ ᠬᠤᠷᠴᠠ ᠪᠢᠰᠢ ᠴᠤ ᠲᠦᠨᠡᠷ ᠬᠠᠷᠠᠩᠭᠤᠢ ᠪᠠᠢᠷᠢ ᠶᠢᠨ ᠭᠡᠷ ᠢ ᠭᠡᠷᠡᠯᠲᠦᠭᠦᠯᠵᠦ ᠴᠢᠳᠠᠵᠠᠢ᠃
ᠡᠷᠲᠡ ᠶᠢᠨ ᠳᠠᠪᠲᠠᠯᠭ᠎ᠠ ᠳᠡᠭᠡᠷ᠎ᠡ ᠠᠩᠭᠢ ᠶᠢᠨ ᠪᠠᠭᠰᠢ ᠨᠢᠭᠡ ᠵᠠᠯᠠᠭᠤ ᠡᠮᠡᠭᠲᠡᠢ ᠪᠠᠭᠰᠢ ᠲᠠᠭᠠᠭᠤᠯᠤᠨ ᠤᠷᠤᠵᠤ ᠢᠷᠡᠪᠡ᠃ ᠲᠡᠷᠡ ᠪᠠᠭᠰᠢ ᠶᠢ ᠦᠵᠡᠬᠦ ᠳᠦ ᠳᠦᠩᠭᠡᠵᠦ ᠬᠣᠷᠢ ᠲᠠᠪᠠᠵᠤ ᠪᠣᠢ ᠮᠠᠶ᠋ᠢᠭ ᠲᠠᠢ᠃ ᠶᠠᠭᠤ ᠭᠡᠬᠦ ᠡᠴᠡ᠂ ᠨᠠᠳᠠ ᠳᠤ ᠯᠡ ᠪᠣᠯ ᠮᠠᠰᠢ ᠵᠠᠯᠠᠭᠤ ᠬᠠᠷᠠᠭᠳᠠᠭᠰᠠᠨ᠃ ᠡᠴᠡᠩᠬᠡᠢ ᠭᠡᠳᠡᠭ ᠨᠢ ᠴᠤ ᠬᠡᠴᠡᠭᠦᠦ᠃ ᠬᠦᠯ ᠭᠠᠷ ᠨᠢ ᠨᠡᠩ ᠨᠠᠷᠢᠨ ᠢ ᠬᠡᠯᠡᠬᠦ ᠬᠡᠷᠡᠭ ᠦᠭᠡᠢ᠃ ᠠᠲᠤᠷᠢᠭᠤᠯᠤᠭᠰᠠᠨ ᠤᠷᠲᠤ ᠭᠡᠵᠢᠭᠡ ᠨᠢ ᠮᠥᠷᠦ ᠤᠷᠤᠭᠤ ᠨᠢ ᠪᠠᠭᠤᠭᠰᠠᠨ ᠨᠢ ᠲᠡᠷᠡ ᠬᠦ ᠬᠡᠭᠡᠨᠴᠢᠷ ᠴᠢᠷᠠᠢ ᠳᠤ ᠨᠢ ᠶᠠᠪ ᠴᠠᠪ ᠲᠣᠬᠢᠷᠠᠵᠠᠢ᠃ ᠠᠩᠭᠢ ᠶᠢᠨ ᠪᠠᠭᠰᠢ᠌᠌᠌᠌᠌᠌᠌᠌ ᠄︽ ᠥᠨᠥᠳᠥᠷ ᠡᠴᠡ ᠡᠬᠢᠯᠡᠭᠡᠳ ᠮᠠᠨ ᠤ ᠠᠩᠭᠢ ᠳᠤ ᠨᠢᠭᠡ ᠰᠢᠨ᠎ᠡ ᠪᠠᠭᠰᠢ ᠨᠡᠮᠡᠭᠳᠡᠵᠡᠢ᠃ ᠡᠨᠡ ᠪᠠᠭᠰᠢ ᠶᠢᠨ ᠴᠢᠨᠢ ᠰᠢᠶᠠᠩ ᠮᠧᠢ ᠭᠡᠰᠡᠨ ᠨᠡᠷ᠎ᠡ ᠲᠠᠢ ᠃ ᠥᠪᠥᠷ ᠮᠣᠩᠭᠤᠯ ᠤᠨ ᠪᠠᠭᠰᠢ ᠶᠢᠨ ᠶᠡᠬᠡ ᠰᠤᠷᠭᠠᠭᠤᠯᠢ ᠳᠤ ᠰᠤᠷᠤᠯᠴᠠᠵᠤ ᠪᠠᠢᠨ᠎ᠠ᠃ ᠥᠨᠥ ᠡᠴᠡ ᠡᠬᠢᠯᠡᠭᠡᠳ ᠮᠠᠨ ᠤ ᠠᠩᠭᠢ ᠳᠤ ᠳᠠᠳᠤᠯᠠᠨᠠ᠃ ᠳᠦᠷᠪᠡᠨ ᠰᠠᠷ᠎ᠠ ᠶᠢᠨ ᠳᠠᠳᠤᠯᠭ᠎ᠠ ᠶᠢᠨ ᠬᠤᠭᠤᠴᠠᠭ᠎ᠠ ᠲᠠᠢ᠃ ᠨᠠᠳᠠ ᠶᠢ ᠪᠠᠢᠬᠤ ᠦᠭᠡᠢ ᠦᠶ᠎ᠡ ᠳᠦ ᠡᠨᠡ ᠪᠠᠭᠰᠢ ᠴᠢᠨᠢ ᠲᠠᠨ ᠢ ᠬᠠᠮᠢᠶᠠᠷᠤᠨ᠎ᠠ᠃ ᠣᠳᠣ ᠥᠨᠥᠳᠥᠷ ᠡᠴᠡ ᠡᠬᠢᠯᠡᠭᠡᠳ ᠡᠨᠡ ᠪᠠᠭᠰᠢ ᠲᠠᠢ ᠪᠠᠨ ᠬᠠᠮᠲᠤ ᠠᠮᠢᠳᠤᠷᠠᠵᠤ ᠰᠤᠷᠤᠯᠴᠠᠨ᠎ᠠ ᠃ ᠪᠠᠭᠰᠢ ᠲᠠᠢ ᠪᠠᠨ ᠰᠠᠢᠬᠠᠨ ᠬᠠᠮᠵᠢᠯᠴᠠᠭᠠᠷᠠᠢ !︾ ᠭᠡᠵᠦ ᠲᠠᠨᠢᠯᠴᠠᠭᠤᠯᠤᠨ ᠶᠠᠷᠢᠯ᠎ᠠ᠃ ᠮᠠᠨ ᠤ ᠠᠩᠭᠢ ᠶᠢᠨ ᠬᠢᠨ ᠨᠢᠵᠢᠭᠢᠨᠡᠭᠰᠡᠨ ᠠᠯᠠᠭ᠎ᠠ ᠲᠠᠰᠢᠯᠲᠠ ᠪᠠᠷ ᠢᠶᠠᠨ ᠰᠢᠨ᠎ᠡ ᠪᠠᠭᠰᠢ ᠪᠠᠨ ᠤᠭᠲᠤᠯ᠎ᠠ᠃ ᠦᠷᠭᠦᠯᠵᠢᠯᠡᠭᠰᠡᠨ ᠠᠯᠠᠭ᠎ᠠ ᠲᠠᠰᠢᠯᠲᠠ ᠶᠢᠨ ᠳᠤᠮᠳᠠ ᠰᠢᠠᠩ ᠮᠧᠢ ᠪᠠᠭᠰᠢ ᠪᠡᠶ᠎ᠡ ᠪᠡᠨ ᠲᠠᠬᠢᠨᠲᠠ ᠲᠠᠨᠢᠯᠴᠠᠭᠤᠯᠵᠠᠢ᠁
ᠰᠢᠶᠠᠩ ᠮᠧᠢ ᠪᠠᠭᠰᠢ ᠡᠬᠡ ᠬᠡᠯᠡᠨ ᠦ ᠬᠢᠴᠢᠶᠡᠯ ᠲᠦᠷᠦᠯ ᠶ᠋ᠢ ᠲᠠᠳᠤᠯᠳᠠᠭ ᠪᠠᠢᠵᠠᠢ ᠭᠡᠳᠡᠭ ᠢ ᠲᠡᠷᠡ ᠡᠳᠦᠷ ᠦᠨ ᠨᠢᠭᠡᠳᠦᠭᠡᠷ ᠬᠢᠴᠢᠶᠡᠯ ᠣᠷᠤᠬᠤ ᠳᠤ ᠰᠠᠶ᠋ᠢ ᠮᠡᠳᠡᠵᠠᠢ᠃ ᠮᠠᠨ ᠤ ᠬᠢᠨ ᠦ ᠨᠢᠭᠡᠳᠦᠬᠡᠷ ᠬᠢᠴᠢᠶᠡᠯ ᠪᠣᠯ ᠮᠠᠨ ᠡᠬᠡ ᠬᠡᠯᠡᠨ ᠦ ᠪᠠᠭᠰᠢ ᠶᠢᠨ ᠬᠡᠯᠡᠳᠡᠭ ᠥᠨᠥ ᠮᠥᠮᠥ ᠬᠡᠯᠡᠨ ᠦ ᠬᠢᠴᠢᠶᠡᠯ᠃ ᠮᠢᠨᠤ ᠥᠨᠥ ᠮᠥᠮᠥ ᠬᠡᠯᠡᠨ ᠦ ᠪᠦᠲᠦᠮᠵᠢ ᠪᠠᠰᠠ ᠶᠡᠬᠡ ᠥᠨᠳᠦᠷ ᠶᠤᠮ ᠪᠢᠯᠡ ᠳ᠋ᠧ ! ᠡᠳᠦᠷ ᠪᠣᠯᠭᠠᠨ ᠤ ᠡᠬᠡ ᠬᠡᠯᠡᠨ ᠦ ᠬᠢᠴᠢᠶᠡᠯ ᠣᠷᠤᠬᠤ ᠳᠤ ᠮᠠᠨ ᠲᠠᠢ ᠬᠠᠮᠲᠤ ᠬᠢᠴᠢᠶᠡᠯᠯᠡᠨ᠎ᠡ᠃ ᠲᠡᠭᠡᠭᠰᠡᠭᠡᠷ ᠪᠠᠢᠵᠤ ᠪᠢᠳᠡ ᠪᠠᠭᠰᠢ ᠲᠠᠢ ᠪᠦᠷ ᠶᠡᠬᠡ ᠲᠣᠲᠤᠨᠤ ᠪᠣᠯᠵᠠᠢ᠃ ᠰᠡᠭᠦᠯᠡᠷ ᠨᠢ ᠪᠦᠷ ᠴᠤ ᠨᠠᠭᠠᠳᠤᠮ ᠲᠣᠭᠯᠠᠭᠠᠮ ᠬᠢᠳᠡᠭ ᠪᠣᠯᠪᠠ᠃ ᠨᠡᠩ ᠰᠡᠭᠦᠯᠡᠷ ᠨᠢ ᠶᠠᠭᠤ ᠪᠠᠢᠭᠰᠠᠨ ᠢᠶᠠᠨ ᠨᠢᠭᠤᠯ ᠦᠭᠡᠢ ᠶᠠᠷᠢᠳᠠᠭ ᠪᠤᠯᠠᠪᠠ᠃ ᠨᠡᠩ ᠢᠯᠡᠭᠦᠦ ᠮᠠᠨ ᠤ ᠠᠩᠭᠢ ᠶᠢᠨ ᠨᠡᠯᠢᠶᠡᠳ ᠬᠡᠳᠦᠨ ᠠᠯᠢᠶ᠎ᠠ ᠪᠠᠨᠳᠢ ᠨᠤᠭᠤᠳ ᠪᠠᠭᠰᠢ ᠲᠠᠢ ᠡᠭᠡᠴᠢ ᠳᠡᠭᠦᠦ ᠰᠢᠭ ᠨᠠᠭᠠᠳᠤᠮ ᠲᠣᠭᠯᠠᠭᠠᠮ ᠬᠢᠭᠡᠳ ᠶᠠᠪᠤᠳᠠᠭ ᠪᠠᠢᠪᠠ᠃ ᠪᠠᠭᠰᠢ ᠴᠦ ᠬᠠᠷᠢᠨ ᠲᠡᠷᠡ ᠬᠡᠳᠦᠨ ᠠᠯᠢᠶ᠎ᠠ ᠪᠠᠨᠳᠢ ᠨᠤᠭᠤᠳ ᠲᠠᠢ︽ ᠨᠢᠭᠡ ᠬᠦᠯᠲᠡᠨ︾ ᠪᠣᠯᠵᠤ ᠨᠠᠭᠠᠳᠤᠮ ᠲᠣᠭᠯᠠᠭᠠᠮ ᠬᠢᠵᠦ ᠲᠣᠭᠯᠠᠳᠠᠭ ᠪᠠᠢᠭᠰᠠᠨ ᠳ᠋ᠠ᠃ ᠭᠡᠨᠡᠳᠲᠡ ᠨᠢᠭᠡ ᠡᠳᠦᠷ ᠪᠢᠳᠡᠨ ᠳᠦ ᠬᠢᠴᠢᠶᠡᠯ ᠦᠨ ᠨᠣᠮ ᠤᠨ ︽ ᠠᠷᠤ ᠶᠢᠨ ᠪᠠᠷ᠎ᠠ︾ ᠬᠡᠮᠡᠬᠦ ᠬᠢᠴᠢᠶᠡᠯ ᠢ ᠣᠷᠤᠬᠤ ᠪᠠᠷ ᠪᠣᠯᠪᠠ᠃ ᠰᠡᠭᠦᠯᠡᠷ ᠨᠢ ᠪᠠᠰᠠ ᠤᠩᠰᠢᠬᠤ ᠪᠢᠴᠢᠭ ᠤᠨ︽ ᠰᠠᠭᠠᠭ︾ ᠬᠡᠮᠡᠬᠦ ᠬᠢᠴᠢᠶᠡᠯ ᠢ ᠵᠢᠭᠠᠵᠠᠢ᠃ ᠨᠡᠩ ᠰᠡᠭᠦᠯᠡᠷ ᠨᠢ ᠪᠠᠰᠠ ᠰᠤᠷᠬᠤ ᠪᠢᠴᠢᠭ ᠦᠨ ︽ᠬᠡᠯᠡᠳᠡᠭ ᠭᠤᠷᠪᠠ ᠬᠢᠳᠡᠭ ᠭᠠᠭᠴᠠ︾ ᠭᠡᠬᠦ ᠶᠠᠷᠢᠯᠴᠠᠭᠠᠨ ᠤ ᠬᠡᠯᠪᠡᠷᠢ ᠪᠡᠷ ᠭᠣᠣᠯᠯᠠᠭᠰᠠᠨ ᠥᠭᠦᠯᠯᠡᠭᠡ ᠶᠢᠨ ᠵᠣᠬᠢᠶᠠᠯ ᠢ ᠵᠢᠭᠠᠬᠤ ᠪᠠᠷ ᠪᠣᠯᠵᠠᠢ᠃ ᠲᠡᠷᠡ ᠬᠢᠴᠢᠶᠡᠯ ᠢ ᠰᠢᠩᠭᠡᠭᠡᠯᠲᠡ ᠬᠢᠵᠠᠢ ᠪᠠᠰᠠ ᠵᠥᠴᠦᠭᠡ ᠪᠣᠯᠭᠠᠵᠤ ᠲᠣᠭᠯᠠᠬᠤ ᠶᠤᠮ ᠭᠡᠨ᠎ᠡ᠃ ᠮᠠᠨ ᠤ ᠠᠩᠭᠢ ᠶᠢᠨ ᠬᠢᠨ ᠡᠴᠡ ᠨᠡᠢᠲᠡ ᠠᠷᠪᠠᠨ ᠬᠦᠮᠦᠨ ᠣᠷᠤᠯᠴᠠᠵᠠᠢ᠃ ᠲᠠᠪᠤᠨ ᠬᠦᠮᠦᠨ ᠨᠢᠭᠡ ᠳᠤᠭᠤᠢᠯᠠᠩ᠃ ᠨᠢᠭᠡᠳᠦᠭᠡᠷ ᠳᠤᠭᠤᠢᠯᠠᠩ᠂ ᠬᠣᠶᠠᠳᠤᠭᠠᠷ ᠳᠤᠭᠤᠢᠯᠠᠩ ᠭᠡᠵᠦ ᠬᠣᠶᠠᠷ ᠳᠤᠭᠤᠢᠯᠠᠩ ᠬᠤᠪᠢᠶᠠᠵᠠᠢ᠃ ᠨᠢᠭᠡᠳᠦᠭᠡᠷ ᠳᠤᠭᠤᠢᠯᠠᠩ ᠨᠢ ᠲᠠᠢᠰᠠᠨ ᠤ ᠦᠭᠡ ᠪᠡᠨ ᠴᠥᠮ ᠴᠡᠭᠡᠵᠢᠯᠡᠴᠢᠭᠡᠭᠰᠡᠨ ᠲᠤᠯᠠ ᠣᠯᠠᠨ ᠤ ᠡᠮᠦᠨ᠎ᠡ᠂ ᠠᠩᠭᠢ ᠶᠢᠨ ᠭᠡᠷ ᠲᠦ ᠲᠣᠭᠯᠠᠬᠤ ᠪᠠᠷ ᠪᠣᠯᠵᠠᠢ᠃ ᠮᠠᠨ ᠤ ᠬᠣᠶᠠᠳᠤᠭᠠᠷ ᠳᠤᠭᠤᠢᠯᠠᠩ ᠨᠢ ᠦᠭᠡ ᠪᠡᠨ ᠴᠡᠭᠡᠵᠢᠯᠡᠭᠡ ᠦᠭᠡᠢ ᠪᠣᠯᠬᠣᠷ ᠣᠬᠤᠷ ᠹᠢᠯᠢᠮ ᠦᠢᠯᠡᠳᠴᠦ ᠠᠩᠭᠢ ᠶᠢᠨ ᠭᠡᠷ ᠦᠨ ᠺᠣᠮᠫᠢᠦ᠋ᠲ᠋ᠧᠷ ᠢᠶᠠᠷ ᠣᠯᠠᠨ ᠳᠤ ᠲᠠᠯᠪᠢᠵᠤ ᠦᠵᠡᠭᠦᠯᠬᠦ ᠪᠡᠷ ᠪᠣᠯᠵᠠᠢ᠃ ᠮᠠᠨ ᠤ ᠰᠢᠩᠭᠡᠭᠡᠯᠲᠡ ᠬᠢᠭᠰᠡᠨ ᠵᠥᠴᠦᠭᠡ ᠶᠡᠬᠡ ᠠᠮᠵᠢᠯᠲᠠ ᠲᠠᠢ ᠪᠣᠯᠵᠠᠢ᠃ ᠨᠢᠭᠡᠳᠦᠭᠡᠷ ᠳᠤᠭᠤᠢᠯᠠᠩ ᠤᠨ ᠲᠤᠬᠠᠢ ᠶᠢᠨ ᠲᠠᠯᠠᠪᠤᠷ ᠤᠨ ᠵᠥᠴᠦᠭᠡ ᠨᠢ ᠴᠦ ᠲᠤᠩ ᠠᠮᠵᠢᠯᠲᠠ ᠲᠠᠢ᠃ ᠪᠠᠭᠰᠢ ᠶᠢᠨ ᠬᠡᠯᠡᠬᠦ ᠪᠡᠷ ᠮᠠᠨᠤᠰ ᠤᠨ ᠥᠨᠥᠳᠥᠷ ᠦᠨ ᠡᠨᠡ ᠠᠮᠵᠢᠯᠲᠠ ᠨᠢ ᠪᠢᠳᠡᠨ ᠦ ᠥᠪᠡᠷ ᠦᠨ ᠴᠢᠷᠮᠠᠢᠯᠭ᠎ᠠ ᠪᠠ ᠪᠣᠯᠪᠠᠰᠤᠷᠠᠯ ᠭᠡᠨ᠎ᠡ᠃ ᠭᠡᠲᠡᠯ᠎ᠡ ᠪᠠᠭᠰᠢ ᠶᠢᠨ ᠵᠢᠯᠣᠭᠣᠳᠤᠯᠭ᠎ᠠ ᠦᠭᠡᠢ ᠪᠣᠯ ᠪᠢᠳᠡᠨ ᠦ ᠥᠨᠥᠳᠦᠷ ᠦᠨ ᠶᠡᠬᠡ ᠠᠮᠵᠢᠯᠲᠠ ᠳᠤ ᠬᠦᠷᠴᠦ ᠴᠢᠳᠠᠬᠤ ᠦᠭᠡᠢ᠃ ᠬᠡᠷᠪᠡ ᠪᠠᠭᠰᠢ ᠶᠢᠨ ᠲᠡᠷᠡ ᠬᠦ ᠴᠥᠬᠦᠷᠡᠯ ᠦᠭᠡᠢ ᠵᠢᠯᠣᠭᠣᠳᠤᠯᠭ᠎ᠠ ᠦᠭᠡᠢ ᠪᠣᠯ ᠪᠢᠳᠡ ᠶᠠᠮᠠᠷᠬᠠᠨ ᠪᠠᠢᠳᠠᠭ ᠪᠣᠯ ? ᠦᠨᠡᠨ ᠳᠦ ᠪᠡᠨ ᠲᠠ ᠮᠠᠨ ᠢ ᠮᠠᠭᠤᠬᠠᠢ ᠲᠣᠭᠯᠠᠵᠤ ᠪᠠᠢᠨ᠎ᠠ᠃ ᠵᠢᠯᠣᠭᠣᠳᠴᠤ ᠳᠡᠢᠯᠬᠦ ᠦᠭᠡᠢ ᠭᠡᠳ ᠵᠢᠯᠣᠭᠣᠳᠬᠤ ᠦᠭᠡᠢ ᠪᠠᠢᠵᠤ ᠴᠦ ᠪᠣᠯᠤᠨ᠎ᠠ᠃ ᠭᠡᠲᠡᠯ᠎ᠡ ᠲᠠ᠁ ᠪᠠᠭᠰᠢ ᠮᠢᠨᠢ ᠡ᠌ ! ᠲᠠ ᠪᠤᠷᠤᠭᠤ ᠶᠠᠷᠢᠵᠠᠢ᠃ ᠪᠢᠳᠡᠨ ᠦ ᠴᠢᠷᠮᠠᠢᠯᠭ᠎ᠠ ᠪᠠᠷ ᠪᠢᠰᠢ᠃ ᠲᠠᠨ ᠤ ᠴᠥᠬᠦᠷᠡᠯ ᠦᠭᠡᠢ ᠬᠠᠲᠠᠭᠤᠵᠢᠯᠲᠠᠢ ᠵᠢᠯᠣᠭᠣᠳᠤᠯᠭ᠎ᠠ ᠪᠠᠢᠭᠰᠠᠨ ᠠᠴᠠ᠃ ᠲᠠ ᠵᠥᠴᠦᠭᠡ ᠶᠢᠨ ᠳᠠᠷᠠᠭ᠎ᠠ ᠬᠡᠡᠯᠡᠭᠰᠡᠨ᠃ ᠠᠩᠬ᠎ᠠ ᠤᠳᠠᠭ᠎ᠠ ᠡᠢᠮᠦ ᠨᠢᠭᠡ ᠬᠦᠳᠡᠯᠭᠡᠭᠡᠨ ᠥᠷᠨᠢᠭᠦᠯᠵᠦ ᠵᠣᠬᠢᠶᠠᠨ ᠪᠠᠢᠭᠤᠯᠵᠤ ᠤᠳᠤᠷᠢᠳᠴᠤ ᠪᠠᠢᠨ᠎ᠠ᠃ ᠰᠠᠨᠠᠭᠠᠨ ᠠᠴᠠ ᠭᠠᠳᠠᠭᠤᠷ ᠡᠢᠮᠦ ᠶᠡᠬᠡ ᠠᠮᠵᠢᠯᠲᠠ ᠳᠤ ᠬᠦᠷᠦᠯ᠎ᠡ ᠭᠡᠵᠦ ᠦᠭᠡ ᠪᠡᠨ ᠬᠠᠭᠠᠰ ᠬᠡᠯᠡᠴᠢᠭᠡᠭᠡᠳ ᠲᠡᠰᠭᠡᠯ ᠦᠭᠡᠢ ᠳᠣᠭᠳᠤᠯᠤᠯ ᠤᠨ ᠨᠢᠯᠪᠤᠰᠤ ᠤᠨᠠᠭᠠᠭᠰᠠᠨ᠃ ᠥᠨᠥᠳᠥᠷ ᠦᠨ ᠪᠢᠳᠡᠨ ᠦ ᠶᠡᠬᠡ ᠠᠮᠵᠢᠯᠲᠠ᠂ ᠲᠠᠨ ᠤ ᠠᠮᠵᠢᠯᠲᠠ ᠪᠠᠢᠭ᠎ᠠ ᠶᠤᠮ᠃ ᠲᠠ ᠬᠡᠳᠦᠢᠪᠡᠷ ᠪᠢᠳᠡᠨ ᠦ ᠣᠬᠤᠷᠬᠠᠨ ᠬᠤᠭᠤᠴᠠᠭᠠᠨ ᠤ ᠳᠠᠳᠤᠯᠭ᠎ᠠ ᠶᠢᠨ ᠪᠠᠭᠰᠢ ᠭᠡᠳᠡᠭ ᠪᠣᠯᠪᠠᠴᠤ ᠲᠠ ᠥᠪᠡᠷ ᠦᠨ ᠬᠢ ᠪᠡᠨ ᠲᠡᠷᠡ ᠬᠦ ᠬᠡᠭᠡᠨᠴᠢᠷ ᠳᠦᠷᠢ ᠪᠡᠨ ᠮᠠᠨ ᠤ ᠣᠶᠤᠨ ᠰᠠᠨᠠᠭᠠᠨ ᠳᠤ ᠡᠭᠦᠷᠢᠳᠡ ᠰᠡᠢᠯᠵᠠᠢ᠃
ᠶᠠᠷᠢᠯᠴᠠᠭ᠎ᠠ ᠪᠠᠷ ᠭᠣᠣᠯᠯᠠᠭᠰᠠᠨ ᠬᠢᠴᠢᠶᠡᠯ ᠢ ᠪᠠᠰᠠ ᠵᠥᠴᠦᠭᠡ ᠪᠡᠷ ᠲᠣᠭᠯᠠᠵᠤ ᠪᠣᠯᠤᠨ᠎ᠠ ᠭᠡᠳᠡᠭ ᠢ ᠮᠠᠨ ᠳᠤ ᠰᠠᠨᠠᠭᠤᠯᠵᠠᠢ᠃
ᠲᠠ ᠪᠢᠳᠡᠨ ᠳᠦ ᠰᠢᠨ᠎ᠡ ᠵᠦᠢᠯ ᠢ ᠬᠠᠢᠨ ᠰᠦᠪᠡᠭᠴᠢᠯᠡᠬᠦ ᠡᠷᠢᠯᠬᠢᠯᠡᠯ ᠦᠨ ᠵᠠᠮ ᠢ ᠨᠡᠭᠡᠭᠡᠵᠦ ᠥᠭᠴᠡᠢ᠃ ᠳᠦᠷᠪᠡᠨ ᠰᠠᠷ᠎ᠠ ᠡᠢᠮᠦ ᠬᠤᠷᠳᠤᠨ ᠭᠡᠭᠴᠢ ᠶᠢ ᠪᠣᠳᠤᠵᠤ ᠣᠯᠤᠭ᠎ᠠ ᠦᠭᠡᠢ᠃ ᠤᠨᠲᠠᠭᠠᠳ ᠪᠣᠰᠬᠤ ᠳᠤ ᠯᠡ ᠳᠣᠯᠤᠭᠠᠨ ᠰᠠᠷ᠎ᠠ ᠶᠢᠨ ᠨᠢᠭᠡᠨ ᠪᠣᠯᠬᠤ ᠭᠡᠵᠦ ᠪᠠᠢᠨ᠎ᠠ᠃ ᠪᠠᠭᠰᠢ ᠮᠢᠨᠢ ! ᠲᠠᠨ ᠤ ᠰᠤᠷᠤᠯᠭ᠎ᠠ ᠠᠮᠢᠳᠤᠷᠠᠯ ᠤᠨ ᠢᠯᠭᠤᠮ ᠤᠷᠤᠭᠰᠢᠲᠠᠢ ᠪᠠᠢᠬᠤ ᠶᠢ ᠬᠦᠰᠡᠨ ᠰᠦᠨ ᠦ ᠳᠡᠭᠡᠵᠢ ᠪᠡᠨ ᠡᠷᠭᠦᠨᠡᠮ᠃
ᠪᠠᠭᠰᠢ ᠮᠢᠨᠢ ᠲᠠᠨ ᠤ︽ ᠪᠠᠭᠰᠢ ︾ ᠬᠡᠮᠡᠬᠦ ᠡᠨᠡ ᠣᠷᠴᠢᠯᠠᠩ ᠤᠨ ᠲᠣᠮᠤᠬᠠᠨ ᠠᠯᠳᠠᠷ ᠪᠢᠳᠡᠨ ᠦ ᠵᠢᠷᠦᠬᠡᠨ ᠳᠦ ᠬᠠᠳᠠᠨ ᠵᠢᠷᠤᠭ ᠬᠡᠮᠡᠷᠬᠡᠨ ᠰᠡᠢᠯᠡᠭᠳᠡᠵᠡᠢ ᠃ ᠲᠠ ᠪᠣᠯ ᠰᠤᠷᠤᠭᠴᠢ ᠪᠢᠳᠡᠨ ᠦ ᠵᠢᠷᠦᠬᠡᠨ ᠳᠦ︽ ᠬᠠᠳᠡᠨ ᠵᠢᠷᠤᠭ ᠰᠡᠢᠯᠳᠡᠭ ᠬᠦᠮᠦᠨ︾᠃
ᠳᠣᠯᠤᠳᠤᠭᠠᠷ ᠰᠠᠷ᠎ᠠ ᠶᠢᠨ ᠨᠢᠭᠡᠨ ᠣᠢᠷᠠᠳᠴᠤ ᠯᠡ ᠪᠠᠢᠨ᠎ᠠ ᠡ !
ᠴᠣᠩᠬᠤᠨ ᠪᠦᠷᠬᠦᠭᠦᠯ ᠰᠡᠬᠦᠭᠳᠡᠬᠦ ᠳᠦ ᠪᠦᠷᠬᠦᠭᠦᠯ ᠳᠡᠭᠡᠷ᠎ᠡ ᠠᠰᠬᠠᠷᠠᠭᠰᠠᠨ ᠵᠤᠨ ᠤ ᠥᠷᠯᠦᠭᠡ ᠶᠢᠨ ᠨᠠᠷᠠᠨ ᠤ ᠤᠯᠠᠪᠤᠷ ᠲᠤᠶᠠᠭ᠎ᠠ ᠵᠢᠵᠢᠭᠬᠡᠨ ᠬᠠᠷᠠᠩᠭᠤᠢ ᠶᠢ ᠭᠡᠷᠡᠯᠲᠤᠭᠦᠯᠦᠨ ᠣᠷᠤᠵᠤ ᠢᠷᠡᠯ᠎ᠡ᠃ ᠥᠷᠯᠦᠭᠡ ᠶᠢᠨ ᠨᠠᠷᠠᠨ ᠤ ᠤᠯᠠᠪᠤᠷ ᠲᠤᠶᠠᠭ᠎ᠠ ᠲᠡᠢᠮᠦ ᠬᠤᠷᠴᠠ ᠪᠢᠰᠢ ᠴᠦ ᠲᠦᠨᠡᠷ ᠬᠠᠷᠠᠩᠭᠤᠢ ᠪᠠᠢᠷᠢ ᠶᠢᠨ ᠭᠡᠷ ᠢ ᠭᠡᠷᠡᠯᠲᠦᠭᠦᠯᠵᠦ ᠴᠢᠳᠠᠵᠠᠢ᠃
ᠳᠣᠯᠤᠳᠤᠭᠠᠷ ᠰᠠᠷ᠎ᠠ ᠶᠢᠨ ᠨᠢᠭᠡᠨ ᠬᠦᠷᠴᠦ ᠢᠷᠡᠬᠦ ᠶᠢ ᠪᠢ ᠬᠦᠰᠡᠬᠦ ᠦᠭᠡᠢ᠃
2021 ᠣᠨ ᠤ 6 ᠰᠠᠷ᠎ᠠ ᠶᠢᠨ30
ᠪᠢᠴᠢᠪᠡ᠃
-
2023-06-08
-
2023-06-08
