-
2134656
ᠶᠠᠫᠤᠨ ᠬᠡᠦᠭᠡᠨ ᠤ ᠮᠤᠩᠭᠤᠯ ᠠᠮᠢᠳᠤᠷᠠᠯ
2019-10-10 11:43
373
0
9 ᠰᠠᠷ᠎ᠠ ᠶᠢᠨ ᠡᠬᠢ ᠪᠠᠷ ᠰᠤᠷᠪᠤᠯᠵᠢᠯᠠᠭᠴᠢ ᠪᠠᠷᠠᠭᠤᠨ ᠦᠵᠦᠮᠦᠴᠢᠨ ᠬᠤᠰᠢᠭᠤ ᠪᠠᠷ ᠰᠤᠷᠪᠤᠯᠵᠢᠯᠠᠵᠤ ᠶᠠᠪᠤᠬᠤ ᠳᠠᠭᠠᠨ ︽ᠮᠠᠨ ᠤ ᠨᠤᠳᠤᠭ ᠤᠨ ᠮᠤᠩᠭᠤᠯ ᠵᠠᠯᠠᠭᠤ ᠶᠠᠫᠤᠨ ᠪᠡᠷᠢ ᠪᠠᠭᠤᠯᠭᠠᠭᠰᠠᠨ ᠰᠢᠦ︾ ᠭᠡᠬᠦ ᠤᠬᠠᠭᠤᠯᠬᠤ ᠬᠡᠯᠳᠡᠰ ᠤᠨ ᠬᠢᠨ ᠤ ᠲᠠᠨᠢᠯᠴᠠᠭᠤᠯᠭ᠎ᠠ ᠪᠠᠷ ᠰᠤᠨᠢᠭᠤᠴᠢ ᠪᠤᠳᠤᠯ ᠳᠠᠭᠠᠨ ᠬᠦᠳᠦᠯᠦᠭᠳᠡᠨ ᠮᠤᠩᠭᠤᠯ ᠵᠠᠯᠠᠭᠤ ᠶᠠᠫᠤᠨ ᠪᠡᠷᠢ ᠶᠢᠨ ᠠᠮᠢᠳᠤᠷᠠᠯ ᠤᠨ ᠲᠤᠬᠠᠢ ᠲᠦᠰᠦᠭᠡᠯᠡᠨ ᠪᠤᠳᠤᠭᠰᠠᠭᠠᠷ ᠪᠠᠶᠠᠨᠬᠤᠰᠢᠭᠤ ᠰᠤᠮᠤᠨ ᠤ ᠰᠠᠶᠢᠬᠠᠨᠨᠠᠭᠤᠷ ᠭᠠᠴᠠᠭ᠎ᠠ ᠶᠢ ᠵᠤᠷᠢᠵᠤ ᠪᠢᠯᠡ᠃
ᠵᠤᠴᠢᠨᠰᠠᠭ ᠵᠠᠩ ᠲᠠᠢ ᠡᠨᠡ ᠭᠡᠷ ᠤᠨ ᠡᠵᠡᠨ ᠢ ᠵᠤᠷᠢᠭᠳᠤ᠂ ᠡᠵᠡᠭᠳᠡᠢ ᠶᠢ ᠬᠠᠰᠴᠢᠮᠡᠩ ᠭᠡᠳᠡᠭ᠂ ᠮᠠᠯᠴᠢᠨ ᠵᠠᠶᠠᠭ᠎ᠠ ᠲᠦᠰᠢᠭᠰᠡᠨ ᠠᠵᠢᠯᠴᠢ ᠬᠤᠤᠰ᠃ ᠮᠦᠩᠭᠡᠳᠡᠯᠡᠢ᠂ ᠮᠦᠩᠭᠡᠵᠤᠯᠠ ᠬᠤᠶᠠᠷ ᠬᠦᠦ ᠪᠠᠨ ᠪᠦᠷ ᠶᠡᠭᠡ ᠰᠤᠷᠭᠠᠭᠤᠯᠢ ᠲᠡᠭᠦᠰᠭᠡᠵᠦ ᠬᠠᠷᠢ ᠬᠦᠷᠦᠨ ᠶᠠᠫᠤᠨ ᠤᠯᠤᠰ ᠲᠤ ᠰᠤᠷᠤᠯᠴᠠᠭᠤᠯᠤᠭᠰᠠᠨ ᠢᠶᠠᠷ ᠢᠶᠠᠨ ᠨᠤᠳᠤᠭ ᠤᠷᠤᠨ ᠳᠠᠭᠠᠨ ᠲᠠᠭᠤᠷᠢᠰᠬᠠᠯ ᠲᠠᠢ᠃ ᠮᠤᠩᠭᠤᠯ ᠵᠠᠯᠠᠭᠤ ᠶᠠᠫᠤᠨ ᠬᠡᠦᠭᠡᠨ ᠤ ᠬᠤᠪᠢ ᠪᠠᠷᠢᠯᠳᠤᠯᠭ᠎ᠠ ᠴᠦ ᠡᠭᠦᠨ ᠠᠴᠠ ᠡᠬᠢᠯᠡᠨ᠎ᠠ ᠁
ᠮᠦᠩᠭᠡᠳᠡᠯᠡᠢ 2013 ᠤᠨ ᠳᠤ ᠦᠪᠦᠷ ᠮᠤᠩᠭᠤᠯ ᠤᠨ ᠠᠵᠤ ᠦᠢᠯᠡᠳᠪᠦᠷᠢ ᠶᠢᠨ ᠶᠡᠭᠡ ᠰᠤᠷᠭᠠᠭᠤᠯᠢ ᠠᠴᠠ ᠰᠤᠷᠤᠯᠭ᠎ᠠ ᠪᠠᠨ ᠲᠡᠭᠦᠰᠦᠭᠡᠳ᠂ 2014 ᠤᠨ ᠤ 10 ᠰᠠᠷ᠎ᠠ ᠳᠤ ᠶᠠᠫᠤᠨ ᠳᠤ ᠰᠤᠷᠤᠯᠴᠠᠭᠰᠠᠨ ᠪᠠᠶᠢᠨ᠎ᠠ᠃ ᠲᠡᠷᠡ ᠤᠤᠰᠺᠠ ᠬᠤᠳᠠ ᠶᠢᠨ ᠬᠤᠳᠠ ᠶᠢᠨ ᠰᠤᠷᠭᠠᠭᠤᠯᠢ ᠳᠤ ᠰᠤᠳᠤᠯᠬᠤ ᠰᠤᠷᠤᠭᠴᠢ ᠪᠠᠷ ᠰᠤᠷᠤᠯᠴᠠᠵᠤ ᠪᠠᠶᠢᠭᠰᠠᠨ ᠢᠶᠠᠨ ᠰᠸᠢᠰ ᠤᠨ ᠨᠢᠭᠡᠨ ᠴᠠᠭ ᠤᠨ ᠺᠤᠮᠫᠠᠨᠢ ᠳᠤ ᠠᠵᠢᠯᠯᠠᠵᠠᠢ᠃ ᠠᠵᠢᠯᠯᠠᠵᠤ ᠰᠤᠷᠤᠯᠴᠠᠬᠤ ᠬᠤᠭᠤᠴᠠᠭᠠᠨ ᠳᠠᠭᠠᠨ ᠶᠠᠫᠤᠨ ᠤᠯᠤᠰ ᠤᠨ ᠲᠠᠨᠠᠺᠠᠨ ᠦᠬᠢᠨ ︵ᠮᠤᠩᠭᠤᠯ ᠨᠡᠷ᠎ᠠ ᠨᠢ ᠨᠠᠷᠠᠩᠭᠤᠸ᠎ᠠ︶ ᠲᠠᠢ ᠲᠠᠨᠢᠯᠴᠠᠨ ᠦᠶᠡᠷᠭᠡᠵᠦ᠂ 2018 ᠤᠨ ᠤ 8 ᠰᠠᠷ᠎ᠠ ᠳᠤ ᠬᠤᠶᠠᠭᠤᠯᠠ ᠠᠶᠢᠯ ᠭᠡᠷ ᠢᠶᠠᠨ ᠪᠤᠰᠬᠠᠵᠤ᠂ 2019 ᠤᠨ ᠳᠤ ᠴᠠᠶᠢᠬᠤᠯᠠᠨ ᠭᠡᠳᠡᠭ ᠬᠦᠭᠡᠷᠦᠭᠦᠨ ᠦᠬᠢᠨ ᠵᠠᠶᠠᠭᠠᠵᠠᠢ᠃
ᠶᠠᠫᠤᠨ ᠤᠯᠤᠰ ᠲᠤ ᠲᠦᠷᠪᠡᠨ ᠵᠢᠯ ᠠᠵᠢᠯᠯᠠᠵᠤ ᠠᠮᠢᠳᠤᠷᠠᠨ ᠨᠢᠭᠡᠨᠳᠡ ᠢᠳᠡᠭᠡᠰᠢᠵᠦ ᠲᠠᠰᠤᠭᠰᠠᠨ ᠮᠦᠩᠭᠡᠳᠡᠯᠠᠢ ᠲᠡᠨᠳᠡ ᠪᠠᠨ ᠦᠯᠡᠳᠡᠬᠦ ᠪᠦᠷᠢᠨ ᠪᠤᠯᠤᠮᠵᠢ ᠲᠠᠢ᠃ ᠶᠠᠭᠠᠬᠢᠭᠠᠳ ᠨᠤᠳᠤᠭ ᠲᠠᠭᠠᠨ ᠪᠤᠴᠠᠭᠰᠠᠨ ᠲᠤᠬᠠᠢ ᠨᠢ ᠰᠤᠨᠢᠭᠤᠴᠢᠯᠠᠬᠤ ᠳᠤ ᠮᠦᠩᠭᠡᠳᠡᠯᠡᠢ᠄ ︽ᠠᠪᠤ ᠡᠵᠢ ᠳᠡᠭᠡᠨ ᠬᠠᠨᠢ ᠲᠡᠮ ᠪᠤᠯᠬᠤ᠂ ᠦᠷ᠎ᠠ ᠬᠡᠦᠭᠡᠳ ᠲᠡᠭᠡᠨ ᠮᠤᠩᠭᠤᠯ ᠠᠮᠢᠳᠤᠷᠠᠯ᠂ ᠮᠤᠩᠭᠤᠯ ᠰᠤᠶᠤᠯ ᠢᠶᠠᠨ ᠨᠡᠩ ᠭᠦᠨᠵᠡᠭᠡᠢ ᠤᠢᠢᠯᠠᠭᠠᠭᠤᠯᠬᠤ ᠵᠤᠷᠢᠯᠭ᠎ᠠ ᠪᠠᠷ ᠨᠤᠳᠤᠭ ᠢᠶᠠᠨ ᠵᠤᠷᠢᠯ᠎ᠠ︾ ᠭᠡᠵᠦ ᠶᠠᠷᠢᠨ᠎ᠠ᠃ ᠬᠠᠵᠠᠭᠤ ᠶᠢᠨ ᠦᠷᠦᠭᠡᠨ ᠳᠤ ᠬᠡᠦᠭᠡᠨ ᠢᠶᠠᠨ ᠪᠦᠪᠠᠶᠢᠯᠡᠵᠦ ᠪᠠᠶᠢᠭᠰᠠᠨ ᠲᠠᠨᠠᠺᠠᠨ ᠪᠢᠳᠡᠨ ᠲᠠᠢ ᠮᠡᠨᠳᠦᠴᠢᠯᠡᠨ ᠵᠤᠯᠭᠠᠵᠤ᠂ ᠮᠦᠰᠢᠶᠡᠩᠭᠦᠢ ᠴᠢᠷᠠᠶᠢᠯᠠᠨ ᠴᠠᠢ ᠤᠰᠤ ᠲᠦᠭᠦᠭᠡᠷᠦᠨᠠ᠃ ᠵᠣᠬᠢᠶᠠᠭᠴᠢ᠄ ᠪᠤᠤ ᠨᠠᠷᠠᠨᠳᠤᠶᠠᠭ᠎ᠠ ᠲᠡᠯᠭᠡᠷᠭᠦᠦ