- ᠰᠠᠶᠢᠵᠢᠷᠠ
30399
ᠦᠮᠥᠭ ᠤᠲᠠᠴᠢ ᠨᠠᠷ ᠢᠶᠠᠨ ᠮᠠᠭᠲᠠᠶ᠎ᠠ
2020-03-08 13:59
181
0
ᠡᠷᠡᠭᠡᠨ᠂ ᠰᠠᠢᠵᠢᠷᠠ
ᠦᠬᠠᠨ ᠡᠴᠠ ᠸᠢᠷᠦ᠋ᠰ ᠬᠢᠵᠢᠭ ᠳᠡᠯᠭᠡᠷᠡᠨ
ᠦᠬᠥᠯ ᠤᠨ ᠠᠶᠤᠯ ᠠᠷᠠᠳ ᠢ ᠳᠠᠭᠠᠷᠢᠬᠤ ᠳᠤ᠂
ᠡᠮᠴᠢ ᠰᠤᠪᠢᠯᠠᠭᠴᠢ ᠠᠮᠢ ᠪᠡᠨ ᠴᠦᠯᠡᠨ
ᠡᠪᠡᠳᠴᠢᠲᠡᠨ ᠢ ᠡᠳᠡᠭᠡᠬᠥ ᠪᠡᠷ ᠡᠮᠴᠢᠯᠡᠨ ᠰᠤᠪᠢᠯᠠᠨ᠎ᠠ᠃
ᠬᠥᠮᠦᠯᠢᠭ ᠴᠢᠨᠠᠷ ᠢᠶᠠᠷ ᠬᠥᠮᠦᠰ ᠢ ᠠᠪᠤᠷᠠᠨ
ᠬᠦᠨᠥᠭᠡᠯᠲᠥ ᠬᠢᠵᠢᠭ ᠢ ᠤᠰᠠᠳᠬᠠᠨ ᠠᠷᠢᠯᠭᠠᠭᠴᠢ᠂
ᠬᠦᠮᠥᠨ ᠲᠦᠷᠥᠯᠬᠡᠢᠲᠡᠨ ᠤ ᠦᠮᠥᠭ ᠤᠲᠠᠴᠢ
ᠬᠦᠨᠳᠦᠲᠥ ᠡᠮᠴᠢ ᠰᠤᠪᠢᠯᠠᠭᠴᠢ ᠨᠠᠷ ᠮᠠᠭᠲᠠᠯᠲᠠᠢ᠃
ᠨᠠᠮ ᠵᠠᠰᠠᠭ ᠤᠨ ᠨᠢᠭᠡᠳᠥᠯ ᠲᠠᠢ ᠤᠳᠤᠷᠢᠳᠤᠯᠭ᠎ᠠ ᠪᠠᠷ
ᠨᠢᠶᠠᠨ ᠬᠢᠵᠢᠭ ᠢ ᠰᠡᠷᠭᠡᠢᠯᠡᠨ ᠡᠷᠬᠡᠰᠢᠶᠡᠵᠥ᠂
ᠨᠡᠢᠲᠡ ᠡᠷᠳᠡᠮᠲᠡᠳ ᠰᠢᠨᠵᠢᠯᠡᠨ ᠰᠤᠳᠤᠯᠤᠭᠠᠳ
ᠨᠠᠢᠳᠠᠪᠦᠷᠢᠲᠠᠢ ᠡᠮ ᠵᠤᠷ ᠢ ᠡᠭᠦᠳᠥᠨ᠎ᠡ᠃
ᠰᠢᠨ᠎ᠡ ᠺᠤᠷᠤᠨᠠ ᠸᠢᠷᠦ᠋ᠰ ᠢ ᠲᠤᠨᠢᠯᠭᠠᠬᠤ
ᠰᠢᠳᠢᠲᠥ ᠸᠠᠺᠼᠢᠨ ᠨᠠᠢᠷᠠᠨ ᠪᠦᠲᠥᠭᠡᠵᠥ᠂
ᠰᠢᠨᠵᠢᠯᠡᠬᠥ ᠤᠬᠠᠭᠠᠨᠴᠢ ᠠᠨᠠᠭᠠᠬᠤ ᠡᠮᠴᠢᠯᠡᠭᠡᠨ
ᠰᠢᠢᠳᠪᠦᠷᠢᠲᠥ ᠢᠯᠠᠯᠲᠠ ᠶᠢ ᠤᠯᠬᠤ ᠪᠠᠷ ᠭᠠᠪᠰᠢᠭᠠᠢᠯᠠᠨᠠ ᠃
ᠡᠷᠡᠭᠡᠨ᠂ ᠪᠢᠯᠢᠭ᠍ᠪᠠᠰᠠᠩ ᠵᠤᠬᠢᠶᠠᠪᠠ᠂
2020ᠤᠨ ᠤ3 ᠰᠠᠷᠠᠢᠨ1 ᠤ ᠡᠳᠦᠷ᠂
ᠬᠠᠢᠯᠠᠷ ᠬᠤᠲᠠ ᠶᠢᠨ ᠢᠢ᠌ᠤᠢ ᠰᠢᠨ
ᠲᠤᠭᠤᠷᠢᠭ ᠲᠤ ᠪᠢᠴᠢᠪᠡ᠃