-
185861
ᠠᠮᠤᠭᠤᠯᠠᠩ ᠨᠤᠳᠣᠭ
2020-05-08 16:00
143
0
ᠦᠵᠢᠶᠡᠳ ᠤ᠂ ᠪᠦᠬᠡᠪᠠᠶᠠᠷ
ᠠᠮᠤᠭᠤᠯᠠᠩ ᠨᠤᠳᠣᠭ
ᠠᠯᠢᠶᠠᠬᠠᠨ ᠬᠦᠭᠡᠷᠦᠭᠦᠨ ᠤᠨᠠᠭ᠎ᠠ ᠤᠳ ᠠᠲᠠᠷ ᠰᠢᠯᠢ ᠳᠡᠬᠡᠨ ᠲᠣᠬᠯᠠᠩᠬᠠᠨ
ᠠᠩᠭᠢᠷ ᠬᠣᠣᠰ ᠭᠠᠯᠠᠭᠤᠳ ᠨᠠᠭᠤᠷ ᠲᠠᠭᠠᠨ ᠴᠡᠩᠭᠡᠯᠳᠦᠭᠡᠳ ᠲᠠᠢᠪᠣᠰᠢᠷᠠᠩᠬᠠᠨ
ᠦᠷᠢᠶ᠎ᠡ ᠬᠦᠯᠦᠭ ᠮᠤᠷᠢᠳ ᠦᠦᠷᠰᠡᠵᠦ ᠢᠨᠴᠠᠭᠠᠭᠠᠳ ᠭᠦᠶᠦᠳᠡᠯᠯᠡᠩᠬᠡᠨ
ᠠᠮᠠᠷᠠᠭ ᠬᠣᠣᠰ ᠨᠤᠭᠤᠳ ᠢᠨᠠᠭ ᠤᠨ ᠰᠡᠳᠭᠢᠯ ᠳᠡᠬᠡᠨ ᠰᠣᠬᠳᠣᠭᠣᠷᠠᠩᠬᠠᠨ
ᠠᠮᠣᠭᠣᠯᠠᠩ ᠨᠤᠳᠣᠭ ᠤᠨ ᠲᠠᠢᠪᠣᠩ ᠦᠯᠦᠭᠡᠢ
ᠠᠰᠢᠳᠠ ᠶᠢᠨ ᠵᠢᠷᠭᠠᠯᠠᠩ ᠤᠨ ᠤᠷᠤᠨ
ᠡᠯᠠᠰᠦ ᠮᠠᠩᠬᠠᠨ ᠨᠤᠳᠣᠭ ᠲᠤ ᠨᠢ ᠴᠡᠴᠡᠭ ᠬᠤᠸᠠᠷ ᠲᠡᠯᠭᠡᠷᠡᠩᠬᠡᠨ
ᠲᠠᠪᠤᠨ ᠬᠤᠰᠢᠭᠤ ᠮᠠᠯ ᠲᠠᠯ᠎ᠠ ᠲᠦᠭᠦᠷᠡᠩ ᠠᠯᠠᠭᠯᠠᠩᠬᠠᠨ
ᠭᠦᠨᠳᠡᠢ ᠰᠢᠯᠢ ᠭᠣᠪᠢ ᠪᠠᠷ ᠨᠢ ᠪᠤᠳᠤᠭᠤᠨ ᠪᠤᠢᠯᠠᠭ᠎ᠠ ᠤᠶᠠᠷᠠᠩᠬᠠᠨ
ᠮᠤᠩᠭᠤᠯ ᠭᠡᠷ ᠦᠨ ᠭᠢᠨᠢ ᠬᠠᠶᠠᠭᠠᠨ ᠠᠴᠠ ᠤᠷᠳᠤ ᠶᠢᠨ ᠲᠠᠭᠤᠤ ᠴᠤᠤᠷᠢᠶᠠᠳᠣᠩᠬᠠᠨ
ᠠᠮᠤᠭᠤᠯᠠᠩ ᠨᠤᠳᠣᠭ ᠤᠨ ᠲᠠᠢᠪᠣᠩ ᠦᠯᠦᠭᠡᠢ
ᠠᠮᠤᠷ ᠮᠡᠨᠳᠦ ᠶᠢᠨ ᠡᠩᠬᠡ ᠶᠢᠨ ᠤᠷᠤᠨ
ᠪᠦᠵᠢᠩ ᠲᠠᠤᠯᠠᠢ ᠪᠣᠳᠠ ᠪᠤᠷᠭᠠᠰᠣᠨ ᠪᠠᠷ ᠦᠰᠦᠷᠬᠡᠢᠯᠡᠨ ᠰᠦᠯᠵᠢᠯᠳᠦᠩᠬᠡᠨ
ᠬᠣᠷᠠᠭ᠎ᠠ ᠢᠰᠢᠭᠡ ᠤᠳ ᠲᠣᠪᠣ ᠲᠣᠯᠣᠭᠠᠳ ᠢᠶᠠᠷ ᠴᠠᠢᠯᠵᠠᠨ ᠲᠣᠷᠨᠢᠩᠬᠠᠨ
ᠦᠷ ᠢᠶᠡᠷ ᠡᠷᠳᠡᠯᠡᠨ ᠦᠨᠢᠶ᠎ᠡ ᠰᠠᠭᠠᠬᠤ ᠴᠢᠮᠡᠭᠡ ᠬᠦᠷᠬᠢᠷ᠎ᠡ ᠰᠢᠭ ᠬᠦᠷᠴᠢᠭᠢᠨᠡᠩᠬᠡᠨ
ᠬᠦᠬᠦᠬᠡ ᠰᠢᠪᠠᠭᠤ ᠲᠣᠩᠭᠤᠳᠴᠦ ᠬᠡᠭᠡᠷ᠎ᠡ ᠲᠠᠯ᠎ᠠ ᠨᠢ ᠰᠠᠷᠠᠭᠤᠯᠯᠠᠩᠬᠠᠨ
ᠠᠮᠤᠭᠤᠯᠠᠩ ᠨᠤᠳᠣᠭ ᠤᠨ ᠲᠠᠢᠪᠣᠩ ᠦᠯᠦᠭᠡᠢ
ᠠᠷᠠᠳ ᠲᠦᠮᠡᠨ ᠦ ᠠᠭᠤᠳᠠᠮ ᠲᠡᠨᠢᠭᠡᠷ ᠤᠷᠤᠨ
ᠠᠯᠳᠠᠢ ᠬᠢᠩᠭᠠᠨ ᠨᠢᠷᠤᠭᠤᠨ ᠡᠴᠡ ᠨᠢ ᠠᠭᠤᠷᠬᠠᠢ ᠡᠷᠳᠡᠨᠢᠰ ᠤᠨᠳᠤᠷᠠᠩᠬᠠᠨ
ᠬᠠᠩᠭᠠᠢ ᠭᠣᠪᠢ ᠲᠤᠮᠳᠠᠭᠤᠷ ᠨᠢ ᠬᠠᠷᠬᠢᠯᠠᠬᠤ ᠭᠣᠣᠯ ᠬᠣᠷᠴᠢᠭᠢᠨᠠᠩᠬᠠᠨ
ᠰᠦᠯᠳᠡ ᠬᠠᠢᠷᠬᠠᠨ ᠠᠭᠤᠯᠠᠰ ᠨᠢ ᠰᠦᠮᠪᠦᠷ ᠶᠡᠬᠡ ᠰᠦᠷᠯᠢᠭ ᠰᠦᠨᠳᠡᠷᠯᠡᠩᠬᠡᠨ
ᠬᠥᠬᠡ ᠲᠡᠭᠷᠢ ᠨᠢ ᠴᠡᠯᠮᠡᠢᠭᠡᠳ ᠴᠠᠢᠳᠠᠮ ᠪᠦᠷᠢᠳᠦ ᠨᠢ ᠪᠦᠷᠳᠡᠯᠵᠡᠩᠬᠡᠨ
ᠠᠮᠤᠭᠤᠯᠠᠩ ᠨᠤᠳᠣᠭ ᠤᠨ ᠲᠠᠢᠪᠣᠩ ᠦᠯᠦᠭᠡᠢ
ᠮᠢᠨᠦ ᠮᠤᠩᠭᠤᠯ ᠤᠨ ᠰᠠᠢᠬᠠᠨ ᠤᠷᠤᠨ