 

ᠳᠤᠮᠳᠠᠳᠤ ᠤᠯᠤᠰ ᠤᠨ ᠮᠠᠷᠭᠠᠰᠢ ᠯᠠᠪᠳᠠᠢ ᠤᠯᠠᠮ ᠰᠠᠶᠢᠨ ᠰᠠᠶᠢᠬᠠᠨ ᠪᠤᠯᠤᠨ᠎ᠠ

2019-10-08 19:01
  438
  0
  — ᠶᠠᠷᠤᠩᠬᠡᠢ ᠱᠦᠵᠢ ᠰᠢ ᠶᠢᠨ ᠫᠢᠩ ᠤᠨ ᠪᠦᠬᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠬᠳᠠᠬᠰᠠᠨ 70 ᠵᠢᠯ ᠤᠨ
    ᠤᠢ ᠶᠢ ᠪᠡᠯᠬᠡᠯᠡᠬᠦ ᠶᠡᠭᠡ ᠬᠤᠷᠠᠯ ᠲᠡᠬᠡᠷᠡᠬᠢ ᠶᠠᠷᠢᠶ᠎ᠠ ᠶᠢ ᠰᠤᠷᠤᠯᠴᠠᠨ ᠲᠤᠭᠤᠰᠢᠯᠠᠭᠤᠯᠬᠤ ᠲᠤᠬᠠᠢ ᠦᠬᠦᠯᠡᠬᠦ ᠨᠢ
                           ᠠᠷᠠᠳ ᠤᠨ ᠡᠳᠤᠷ ᠤᠨ ᠰᠤᠨᠢᠨ ᠤ ᠰᠢᠬᠦᠮᠵᠢᠯᠡᠭᠴᠢ
   ᠲᠡᠤᠬᠡ ᠢᠷᠡᠬᠡᠳᠤᠢ ᠶᠢ ᠬᠡᠶᠢᠬᠦᠯᠵᠤ᠂ ᠤᠷᠤᠬᠰᠢᠯᠠᠯᠳᠠ ᠶᠢᠨ ᠠᠯᠬᠤᠭ᠎ᠠ ᠡᠬᠦᠷᠢᠳᠠ ᠵᠤᠬᠰᠤᠰᠢ ᠦᠭᠡᠢ᠃ ᠰᠢᠨ᠎ᠠ ᠴᠠᠬ ᠦᠶ᠎ᠠ ᠳᠤ ᠡᠷᠡᠮᠡᠬᠡᠶᠢᠯᠡᠨ ᠲᠠᠪᠰᠢᠵᠦ᠂ ᠰᠢᠨ᠎ᠠ ᠠᠶᠠᠨ ᠵᠠᠮ ᠳᠠᠭᠠᠨ ᠮᠤᠷᠳᠠᠬᠤ ᠳᠤ᠂ ᠪᠢᠳᠡ ᠦᠴᠤᠬᠡᠨ ᠴᠤ ᠰᠠᠨᠠᠭ᠎ᠠ ᠬᠠᠨᠤᠵᠤ ᠪᠤᠯᠬᠤ ᠦᠬᠡᠢ᠂ ᠬᠠᠷᠢᠨ ᠬᠢᠵᠠᠭᠠᠯᠠᠰᠢ ᠦᠬᠡᠢ ᠢᠳᠡᠬᠡᠯ ᠲᠠᠢ ᠪᠠᠶᠢᠬᠤ ᠭᠡᠷᠡᠭᠳᠠᠢ᠃
  ︽ᠳᠤᠮᠳᠠᠳᠤ ᠤᠯᠤᠰ ᠤᠨ ᠥᠴᠥᠭᠡᠳᠦᠷ ᠨᠢᠭᠡᠨᠲᠡ ᠬᠥᠮᠦᠨ ᠲᠥᠷᠥᠯᠬᠢᠲᠡᠨ ᠤ ᠲᠡᠤᠬᠡᠨ ᠬᠠᠭᠤᠳᠠᠰᠤᠨ ᠳᠤ ᠪᠢᠴᠢᠭᠯᠡᠭᠳᠡᠵᠦ᠂ ᠳᠤᠮᠳᠠᠳᠤ ᠤᠯᠤᠰ ᠤᠨ ᠥᠨᠥᠳᠥᠷ ᠶᠠᠭ ᠲᠦᠭ ᠲᠦᠮᠡᠨ ᠠᠷᠠᠳ ᠲᠦᠮᠡᠨ ᠳᠤ ᠡᠭᠦᠳᠦᠨ ᠴᠤᠭᠴᠠᠯᠠᠭᠳᠠᠵᠤ ᠪᠠᠶᠢᠨ᠎ᠠ᠂ ᠳᠤᠮᠳᠠᠳᠤ ᠤᠯᠤᠰ ᠤᠨ ᠮᠠᠷᠭᠠᠰᠢ ᠯᠠᠪᠲᠠᠶ ᠨᠠᠩ ᠰᠠᠶᠢᠨ ᠰᠠᠶᠢᠬᠠᠨ ᠪᠤᠯᠤᠨ᠎ᠠ︾᠃ ᠪᠦᠬᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠤᠯᠤᠬᠳᠠᠬᠰᠠᠨ 70 ᠵᠢᠯ ᠤᠨ ᠤᠢ ᠶᠢ ᠪᠡᠯᠬᠡᠯᠡᠬᠦ ᠶᠡᠭᠡ ᠬᠤᠷᠠᠯ ᠲᠡᠭᠡᠷ᠎ᠠ᠂ ᠶᠠᠷᠤᠩᠬᠡᠢ ᠱᠦᠵᠢ ᠰᠢ ᠶᠢᠨ ᠫᠢᠩ ᠠᠤᠭ᠎ᠠ ᠶᠡᠭᠡ ᠲᠡᠤᠬᠡ ᠶᠢᠨ ᠬᠠᠷᠠᠭᠠᠰᠤ᠂ ᠡᠴᠢᠨ᠎ᠠ ᠬᠦᠨ ᠲᠡᠤᠬᠡ ᠶᠢᠨ ᠬᠠᠷᠠᠴᠠ ᠪᠠᠷ᠂ ᠳᠤᠮᠳᠠᠳᠤ ᠤᠯᠤᠰ ᠤᠨ ᠦᠴᠤᠬᠡᠳᠤᠷ ᠢ ᠡᠷᠬᠢᠴᠡᠬᠦᠯᠵᠤ᠂ ᠳᠤᠮᠳᠠᠳᠤ ᠤᠯᠤᠰ ᠤᠨ ᠦᠨᠤᠳᠤᠷ ᠢ ᠡᠵᠡᠮᠳᠠᠵᠤ᠂ ᠳᠤᠮᠳᠠᠳᠤ ᠤᠯᠤᠰ ᠤᠨ ᠮᠠᠷᠭᠠᠰᠢ ᠶᠢ ᠪᠠᠷᠠᠯᠠᠪᠠ᠃ ᠶᠠᠷᠤᠩᠬᠡᠢ ᠱᠦᠵᠢ ᠰᠢ ᠶᠢᠨ ᠫᠢᠩ ᠤᠨ ᠴᠢᠬᠤᠯᠠ ᠶᠠᠷᠢᠶ᠎ᠠ ᠨᠢ ᠲᠦᠭ ᠲᠦᠮᠡᠨ ᠳᠤᠮᠳᠠᠳᠤ ᠶᠢᠨ ᠬᠦᠪᠡᠬᠦᠳ ᠦᠬᠢᠳ ᠤᠨ ᠰᠡᠷᠬᠦᠨ ᠮᠠᠨᠳᠤᠯᠳᠠ ᠶᠢᠨ ᠠᠶᠠᠨ ᠳᠤ ᠦᠷᠬᠦᠯᠵᠢᠯᠠᠨ ᠡᠷᠡᠮᠡᠬᠡᠶᠢᠯᠠᠨ ᠲᠡᠮᠡᠴᠡᠵᠦ ᠤᠷᠤᠬᠰᠢᠯᠠᠬᠤ ᠶᠢ ᠵᠤᠷᠢᠬᠵᠢᠭᠤᠯᠪᠠ᠃
  70 ᠵᠢᠯ ᠬᠠᠳᠠᠭᠤᠵᠢᠯᠳᠠᠢ ᠤᠢᠢᠯᠡᠰ ᠪᠤᠰᠬᠠᠵᠤ᠂ 70 ᠵᠢᠯ ᠬᠦᠴᠢᠷ ᠢ ᠲᠤᠭᠤᠯᠵᠤ ᠪᠡᠷᠬᠡ ᠶᠢ ᠲᠠᠪᠠᠵᠤ᠂ 70 ᠵᠢᠯ ᠡᠷᠴᠢ ᠴᠢᠩᠭᠠᠯᠠᠨ ᠲᠠᠪᠰᠢᠪᠠ᠃ ᠨᠢᠬᠡ ᠳᠤ ᠶᠠᠳᠠᠭᠤ ᠬᠤᠶᠠᠷ ᠲᠤ ᠬᠤᠭᠤᠰᠤᠨ ᠪᠠᠶᠢᠭᠰᠠᠠ ᠴᠠᠭᠠᠨ ᠴᠠᠭᠠᠰᠤᠨ ᠲᠡᠭᠡᠷ ᠎ᠠ᠂ ᠳᠤᠮᠳᠠᠳᠤ ᠤᠯᠤᠰ ᠤᠨ ᠡᠪ ᠬᠠᠮᠳᠤ ᠨᠠᠮ ᠲᠦᠭ ᠲᠦᠮᠡᠨ ᠠᠷᠠᠳ ᠲᠦᠮᠡᠨ ᠢ ᠲᠠᠭᠠᠭᠤᠯᠤᠨ᠂ ᠬᠠᠮᠤᠬ ᠰᠢᠨ᠎ᠠ ᠬᠠᠮᠤᠬ ᠭᠤᠶᠤ ᠵᠢᠷᠤᠬ ᠢ ᠵᠢᠷᠤᠬᠯᠠᠯ᠎ᠠ᠃ ᠦᠨᠤᠳᠤᠷ᠂ 14 ᠳ᠋ᠦᠩᠰᠢᠭᠤᠷ ᠰᠢᠬᠠᠮ ᠳᠤᠮᠳᠠᠳᠤ ᠤᠯᠤᠰ ᠤᠨ ᠠᠷᠠᠳ ᠲᠦᠮᠡᠨ ᠴᠤᠬ ᠵᠤᠯᠢ ᠪᠠᠳᠠᠷᠠᠨ᠂ ᠤᠮᠤᠬ ᠲᠡᠬᠦᠯᠳᠡᠷ ᠪᠤᠯᠵᠤ᠂ ᠡᠬᠡ ᠤᠯᠤᠰ ᠤᠨ 960 ᠭᠠᠷᠤᠢ ᠲᠦᠮᠡᠨ ᠲᠡᠭᠰᠢ ᠲᠦᠷᠪᠡᠯᠵᠢᠨ ᠺᠢᠯᠦᠮᠧᠲᠷ ᠨᠤᠳᠤᠬ ᠲᠡᠪᠢᠰᠬᠡᠷ ᠠᠮᠢᠵᠢᠷᠠᠯ ᠤᠨ ᠬᠦᠴᠤᠨ ᠢᠶᠠᠷ ᠪᠢᠯᠬᠠᠵᠤ᠂ ᠬᠠᠪᠤᠷ ᠤᠨ ᠤᠷᠢ ᠪᠠᠷ ᠠᠮᠢᠰᠬᠤᠯᠯᠠᠵᠤ᠂ 5000 ᠭᠠᠷᠤᠢ ᠵᠢᠯ ᠤᠨ ᠳᠤᠮᠳᠠᠳᠤ ᠶᠢᠨ ᠪᠤᠯᠪᠠᠰᠤᠨ ᠬᠡᠷᠡᠯ ᠬᠢᠯᠪᠠᠭ᠎ᠠ ᠪᠠᠨ ᠰᠠᠴᠤᠷᠠᠭᠤᠯᠵᠤ᠂ ᠷᠢᠳᠢ ᠰᠢᠳᠢ ᠪᠠᠨ ᠭᠠᠶᠢᠬᠠᠭᠤᠯᠪᠠ᠃ ᠳᠤᠮᠳᠠᠳᠤ ᠤᠯᠤᠰ ᠤᠨ ᠡᠪ ᠬᠠᠮᠳᠤ ᠨᠠᠮ ᠤᠨ ᠤᠳᠤᠷᠢᠳᠤᠯᠭ᠎ᠠ ᠪᠤᠯᠤᠨ ᠮᠠᠨ ᠤ ᠤᠯᠤᠰ ᠤᠨ ᠨᠡᠶᠢᠬᠡᠮ ᠵᠢᠷᠤᠮ ᠤᠨ ᠪᠠᠶᠢᠭᠤᠯᠤᠯ ᠬᠠᠳᠠ ᠴᠢᠯᠠᠭᠤ ᠮᠡᠳᠤ ᠪᠠᠳᠤ ᠪᠠᠬᠢ᠂ ᠠᠮᠢᠵᠢᠷᠠᠯ ᠤᠨ ᠬᠦᠴᠤᠨ ᠢᠶᠠᠷ ᠪᠢᠯᠬᠠᠵᠤ᠂ ᠳᠤᠮᠳᠠᠳᠤ ᠤᠯᠤᠰ ᠤᠨ ᠠᠷᠠᠳ ᠲᠦᠮᠡᠨ ᠪᠤᠯᠤᠨ ᠳᠤᠮᠳᠠᠳᠤ ᠶᠢᠨ ᠦᠨᠳᠤᠰᠤᠳᠠᠨ ᠤ ᠠᠯᠤᠰ ᠢᠷᠡᠬᠡᠳᠤᠢ ᠠᠭᠤᠤ ᠶᠡᠭᠡ᠂ ᠢᠷᠡᠬᠦ ᠮᠠᠷᠭᠠᠰᠢ ᠬᠡᠬᠡᠨ ᠰᠠᠷᠠᠭᠤᠯ ᠪᠤᠯᠵᠠᠢ᠃ ᠳᠤᠮᠳᠠᠳᠤ ᠤᠯᠤᠰ ᠤᠨ ᠡᠪ ᠬᠠᠮᠳᠤ ᠨᠠᠮ ᠪᠤᠯᠤᠨ ᠳᠤᠮᠳᠠᠳᠤ ᠤᠯᠤᠰ ᠤᠨ ᠠᠷᠠᠳ ᠲᠦᠮᠡᠨ ᠬᠠᠭᠤᠴᠢᠨ ᠶᠢᠷᠳᠢᠨᠴᠤ ᠶᠢ ᠡᠪᠳᠡᠬᠦ ᠳᠤ ᠴᠢᠳᠠᠮᠠᠭᠠᠢ ᠪᠠᠷ ᠪᠠᠷᠠᠬᠤ ᠦᠬᠡᠢ᠂ ᠰᠢᠨ᠎ᠠ ᠶᠢᠷᠳᠢᠨᠴᠤ ᠶᠢ ᠴᠤᠬᠴᠠᠯᠠᠨ ᠪᠠᠶᠢᠭᠤᠯᠬᠤ ᠳᠠᠭᠠᠨ ᠴᠤ ᠴᠢᠳᠠᠮᠠᠭᠠᠢ ᠶᠤᠮ ᠭᠡᠳᠡᠭ ᠢ ᠲᠡᠦᠭᠡ ᠭᠡᠷᠡᠴᠢᠯᠡᠪᠡ᠃ ᠢᠷᠡᠬᠡᠳᠤᠢ ᠳᠤ᠂ ᠳᠤᠮᠳᠠᠳᠤ ᠤᠯᠤᠰ ᠤᠨ ᠠᠷᠠᠳ ᠲᠦᠮᠡᠨ ᠯᠠᠪᠳᠠᠢ ᠬᠢᠵᠤ ᠲᠠᠶᠢᠯᠤᠨ᠎ᠠ︕ ᠳᠤᠮᠳᠠᠳᠤ ᠤᠯᠤᠰ ᠯᠠᠪᠳᠠᠢ ᠬᠢᠵᠤ ᠲᠡᠶᠢᠯᠤᠨ᠎ᠠ︕
  ᠳᠤᠮᠳᠠᠳᠤ ᠤᠯᠤᠰ ᠤᠨ ᠲᠡᠤᠬᠡ ᠶᠢ ᠡᠷᠬᠢᠴᠡᠬᠦᠯᠬᠦ ᠳᠤ᠂ ᠪᠢᠳᠡᠨ ᠤ ᠤᠷᠮ᠎ᠠ ᠵᠤᠷᠢᠬ ᠤᠷᠬᠢᠯᠤᠨ᠎ᠠ︔ ᠰᠢᠨ᠎ᠠ ᠴᠠᠬ ᠦᠶ᠎ᠠ ᠶᠢᠨ ᠠᠶᠠᠨ ᠳᠤ ᠮᠤᠷᠳᠠᠬᠤ ᠳᠤ᠂ ᠪᠢᠳᠡᠨ ᠤ ᠢᠳᠡᠬᠡᠯ ᠲᠦᠬᠦᠷᠡᠩ ᠪᠠᠶᠢᠨ᠎ᠠ᠃ ᠦᠨᠤ ᠶᠢᠨ ᠲᠡᠯᠡᠬᠡᠢ ᠶᠢᠷᠳᠢᠨᠴᠤ ᠵᠠᠭᠤᠨ ᠵᠢᠯ ᠳᠤ ᠪᠠᠶᠢᠭ᠎ᠠ ᠦᠬᠡᠢ ᠶᠡᠭᠡ ᠬᠤᠪᠢᠷᠠᠯᠳᠠ ᠶᠢ ᠦᠩᠬᠡᠷᠡᠬᠦᠯᠵᠤ᠂ ᠳᠤᠮᠳᠠᠳᠤ ᠶᠢᠨ ᠦᠨᠳᠤᠰᠤᠳᠠᠨ ᠤ ᠠᠭᠤᠤ ᠶᠡᠭᠡ ᠰᠡᠷᠬᠦᠨ ᠮᠠᠨᠳᠤᠯᠳᠠ ᠶᠢ ᠪᠡᠶᠡᠯᠡᠬᠦᠯᠬᠦ ᠳᠤ ᠶᠠᠬ ᠵᠠᠩᠬᠢᠯᠠᠭ᠎ᠠ ᠶᠢᠨ ᠬᠤᠭᠤᠴᠠᠭᠠᠨ ᠳᠤ ᠤᠷᠤᠭᠠᠳ ᠪᠤᠢ᠃ 2020 ᠤᠨ ᠳᠤ ᠴᠢᠨᠡᠭᠡᠯᠢᠭ ᠨᠡᠶᠢᠬᠡᠮ ᠢ ᠪᠦᠬᠦ ᠲᠠᠯ᠎ᠠ ᠪᠠᠷ ᠪᠡᠶᠡᠯᠡᠬᠦᠯᠬᠦ᠂ 2035 ᠤᠨ ᠳᠤ ᠨᠡᠶᠢᠬᠡᠮ ᠵᠢᠷᠤᠮ ᠤᠨ ᠤᠳᠤᠬᠢᠴᠢᠯᠠᠯᠳᠠ ᠶᠢ ᠦᠨᠳᠤᠰᠤᠨ ᠳᠡᠭᠡᠨ ᠪᠡᠶᠡᠯᠡᠬᠦᠯᠬᠦ᠂ ᠲᠤᠰ ᠵᠠᠭᠤᠨ ᠤ ᠲᠤᠮᠳᠠᠴᠢ ᠪᠠᠷ ᠪᠠᠶᠠᠨ ᠬᠦᠴᠦᠷᠭᠡᠭ ᠠᠷᠠᠳᠴᠢᠯᠠᠬᠰᠠᠨ ᠪᠤᠯᠪᠠᠰᠤᠨ ᠡᠶ᠎ᠡ ᠵᠤᠬᠢᠴᠠᠩᠭᠤᠢ ᠦᠵᠡᠰᠬᠦᠯᠡᠩᠳᠤ ᠰᠠᠶᠢᠬᠠᠨ ᠨᠡᠶᠢᠬᠡᠮ ᠵᠢᠷᠤᠮ ᠤᠨ ᠤᠳᠤᠬᠢᠴᠢᠯᠠᠬᠰᠠᠨ ᠬᠦᠴᠦᠷᠭᠡᠭ ᠤᠯᠤᠰ ᠢ ᠪᠦᠳᠤᠬᠡᠨ ᠪᠠᠶᠢᠭᠤᠯᠬᠤ ᠭᠡᠬᠦᠴᠢᠯᠡᠨ ᠳᠤᠮᠳᠠᠳᠤ ᠤᠯᠤᠰ ᠤᠨ ᠢᠷᠡᠬᠡᠳᠤᠢ ᠶᠢᠨ 30 ᠵᠢᠯ ᠤᠨ ᠠᠤᠭ᠎ᠠ ᠵᠢᠷᠤᠬ ᠲᠦᠯᠤᠪᠯᠡᠭᠡ ᠶᠢᠨ ᠭᠤᠶᠢᠳᠠ ᠵᠢᠷᠤᠭ ᠢ ᠪᠢᠳᠡᠨ ᠵᠢᠷᠤᠬᠯᠠᠬᠤ ᠪᠤᠯᠤᠨ᠎ᠠ᠃ ᠦᠨᠦᠳᠦᠷ᠂ ᠪᠢᠳᠡ ᠲᠡᠦᠬᠡ ᠶᠢᠨ ᠠᠯᠢ ᠴᠤ ᠴᠠᠭ ᠦᠶ᠎ᠠ ᠠᠴᠠ ᠢᠯᠡᠭᠦᠦ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠬᠠᠷᠠᠯᠲᠠ ᠲᠠᠢ ᠤᠢᠢᠷᠠᠲᠤᠵᠠᠢ᠂ ᠡᠭᠦᠨ ᠢ ᠪᠡᠶᠡᠯᠡᠭᠦᠯᠬᠦ ᠨᠡᠩ ᠶᠡᠭᠡ ᠢᠲᠡᠭᠡᠯ ᠵᠤᠷᠢᠭ ᠲᠠᠢ ᠪᠠ ᠴᠢᠳᠠᠪᠤᠷᠢ ᠲᠠᠢ ᠪᠤᠯᠵᠠᠢ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠳᠤᠮᠳᠠᠳᠤ ᠶᠢᠨ ᠵᠡᠭᠦᠳᠦ ᠯᠠᠪᠲᠠᠢ ᠪᠡᠶᠡᠯᠡᠭᠳᠡᠨ᠎ᠡ᠃
  ᠠᠭᠤᠯᠠ ᠬᠠᠶᠢᠷᠠᠬᠠ ᠡᠭᠴᠡ ᠠᠰᠬ᠎ᠠ ᠪᠠᠷ ᠢᠶᠠᠨ ᠰᠦᠷᠯᠢᠭ ᠦᠨᠳᠦᠷ ᠬᠠᠷᠠᠬᠳᠠᠵᠦ᠂ ᠳᠠᠯᠠᠢ ᠲᠠᠩᠬᠢᠰ ᠤᠢᠢᠯᠬᠤ ᠳᠠᠪᠠᠯᠭᠠᠨ ᠢᠶᠠᠷ ᠢᠶᠠᠨ ᠠᠨᠠᠪᠠᠳ ᠶᠡᠭᠡ ᠪᠠᠶᠢᠳᠠᠭ᠃ ᠳᠡᠯᠡᠬᠡᠢ ᠶᠢᠨ ᠲᠡᠦᠬᠡ ᠶᠢ ᠠᠵᠢᠬᠤᠶ᠎ᠠ᠂ ᠶᠠᠮᠠᠷᠪᠠ ᠨᠢᠭᠡ ᠤᠯᠤᠰ᠂ ᠨᠢᠭᠡ ᠦᠨᠳᠦᠰᠦᠲᠡᠨ ᠤ ᠬᠦᠭᠵᠢᠯᠲᠡ ᠨᠢ ᠪᠦᠷ ᠨᠡᠶᠢᠲᠡᠮ ᠳᠡᠭᠡᠨ ᠰᠢᠯᠤᠭᠤᠨ ᠤᠷᠤᠬᠰᠢᠲᠠᠢ ᠪᠢᠰᠢ ᠶᠤᠮ᠃ ︽ᠰᠢᠨ᠎ᠠ ᠶᠢᠷᠲᠢᠨᠴᠦ ᠶᠢ ᠴᠤᠬᠴᠠᠯᠠᠬᠤ︾ ᠠᠤᠭ᠎ᠠ ᠵᠤᠷᠢᠭ ᠢᠶᠠᠷ᠂ ᠳᠤᠮᠳᠠᠳᠤ ᠤᠯᠤᠰ ᠪᠤᠰᠴᠤ ᠵᠤᠬᠰᠤᠪᠠ︔ ︽ᠨᠢᠭᠡ ᠵᠤᠷᠪᠤᠰ ᠴᠢᠰᠤᠨ ᠵᠠᠮ ᠢ ᠨᠡᠭᠡᠭᠡᠬᠦ︾ ᠤᠮᠤᠭ ᠵᠤᠷᠢᠭ ᠢᠶᠠᠷ᠂ ᠳᠤᠮᠳᠠᠳᠤ ᠤᠯᠤᠰ ᠴᠢᠨᠡᠭᠡᠯᠢᠭᠵᠢᠪᠡ︔ ︽ᠴᠢᠯᠠᠭᠤᠨ ᠳᠡᠭᠡᠷ᠎ᠠ ᠤᠷᠤᠮ ᠭᠠᠷᠭᠠᠵᠤ᠂ ᠲᠡᠮᠦᠷ ᠢ ᠠᠳᠬᠤᠨ ᠮᠦᠷ ᠦᠯᠡᠳᠡᠭᠡᠬᠦ︾ ᠲᠡᠮᠡᠴᠡᠯ ᠳᠤᠮᠳᠠ᠂ ᠪᠢᠳᠡ ᠴᠢᠨᠡᠬᠡᠯᠢᠭᠵᠢᠭᠰᠡᠨ ᠠᠴᠠ ᠬᠦᠴᠦᠷᠬᠡᠭᠵᠢᠭᠰᠡᠡ ᠠᠭᠤᠤ ᠶᠡᠭᠡ ᠦᠰᠦᠷᠦᠯᠲᠡ ᠶᠢ ᠪᠡᠶᠡᠯᠡᠭᠦᠯᠪᠡ᠃ ᠤᠲᠤ ᠤᠡᠭᠭᠤᠴᠠ ᠶᠠᠭ ᠤᠷᠤᠰᠬᠠᠯ ᠳᠤᠮᠳᠠ ᠤᠷᠤᠵᠤ᠂ ᠠᠶᠠᠯᠠᠯ ᠬᠠᠭᠠᠰ ᠵᠠᠮ ᠳᠤ ᠬᠦᠷᠴᠦ ᠪᠠᠶᠢᠬᠤ ᠡᠨᠡ ᠦᠶᠡᠰ᠂ ᠪᠢᠳᠡ ᠨᠡᠩ ᠴᠦ ᠡᠭᠦᠷᠢᠲᠡ ᠴᠦᠬᠦᠷᠡᠰᠢ ᠦᠭᠡᠢ ᠵᠤᠷᠢᠭ ᠰᠠᠨᠠᠭᠠᠨ ᠤ ᠪᠠᠶᠢᠳᠠᠯ ᠪᠤᠯᠤᠨ ᠴᠤᠴᠠᠯᠲᠠ ᠦᠭᠡᠢ ᠤᠷᠤᠬᠰᠢᠯᠠᠬᠤ ᠲᠡᠮᠡᠴᠡᠯ ᠤᠨ ᠪᠠᠶᠢᠳᠠᠯ ᠢᠶᠠᠷ᠂ ᠦᠷᠬᠦᠯᠵᠢᠯᠡᠨ ᠰᠢᠨ᠎ᠠ ᠲᠡᠦᠬᠡ ᠶᠢᠨ ᠤᠨᠴᠠᠯᠢᠭ ᠲᠠᠢ ᠠᠭᠤᠤ ᠶᠡᠭᠡ ᠲᠡᠮᠡᠴᠡᠯ ‍ᠦᠷᠨᠢᠭᠦᠯᠵᠦ᠂ ᠰᠢᠨ᠎ᠠ ᠠᠶᠠᠯᠠᠯ ᠳᠡᠭᠡᠷᠡᠬᠢ ᠴᠠᠰᠤᠲᠤ ᠠᠭᠤᠯᠠ ᠲᠠᠯ᠎ᠠ ᠭᠠᠵᠠᠷ ᠢ ᠡᠷᠬᠡᠰᠢᠶᠡᠵᠦ᠂ ᠰᠢᠨ᠎ᠠ ᠠᠶᠠᠯᠠᠯ ᠳᠡᠭᠡᠷᠡᠬᠢ ᠰᠢᠷᠤᠭᠦᠨ ᠤᠷᠤᠰᠬᠠᠯ ᠪᠠᠷᠲᠠᠭᠠᠲᠤ ᠤᠷᠴᠢᠨ ᠢ ᠲᠤᠭᠤᠯᠬᠤ ᠬᠡᠷᠡᠭᠲᠡᠢ᠃
  ᠲᠦᠷᠦᠭᠡ ᠪᠠᠨ ᠴᠢᠩᠭᠠᠯᠠᠨ ᠳᠠᠬᠢᠨ ᠮᠤᠷᠳᠠᠵᠤ᠂ ᠬᠤᠯᠠ ᠶᠢᠨ ᠠᠶᠠᠨ ᠢᠶᠠᠨ ᠳᠠᠬᠢᠨ ᠡᠬᠢᠯᠡᠭᠦᠯᠦᠨ᠎ᠠ᠃ ᠳᠤᠮᠳᠠᠳᠤ ᠤᠯᠤᠰ ᠤᠨ ᠤᠨᠴᠠᠯᠢᠭ ᠲᠠᠢ ᠨᠡᠶᠢᠭᠡᠮ ᠵᠢᠷᠦᠮ ᠰᠢᠨ᠎ᠠ ᠴᠠᠭ ᠦᠶ᠎ᠠ ᠳᠤ ᠤᠷᠤᠵᠤ᠂ ᠳᠤᠮᠳᠠᠳᠤ ᠶᠢᠨ ᠦᠨᠳᠦᠰᠦᠲᠡᠨ ᠲᠡᠦᠬᠡᠨ ᠳᠠᠬᠢ ᠬᠠᠮᠤᠭ ᠤᠨ ᠰᠠᠶᠢᠨ ᠬᠦᠭᠵᠢᠯᠲᠡ ᠶᠢᠨ ᠴᠠᠭ ᠦᠶ᠎ᠠ ᠪᠠᠨ ᠤᠬᠲᠤᠪᠠ᠃ 960 ᠭᠠᠷᠤᠢ ᠲᠦᠮᠡᠨ ᠲᠡᠭᠰᠢ ᠳᠦᠷᠪᠡᠯᠵᠢᠨ ᠺᠢᠯᠤᠮᠧᠲᠷ ᠦᠷᠭᠡᠨ ᠠᠭᠤᠳᠠᠮ ᠭᠠᠵᠠᠷ ᠰᠢᠷᠤᠢ ᠳᠡᠭᠡᠷ᠎ᠠ᠂ ᠳᠤᠮᠳᠠᠳᠤ ᠶᠢᠨ ᠦᠨᠳᠦᠰᠦᠲᠡᠨ ᠤ ᠤᠷᠲᠤ ᠤᠳᠠᠭᠠᠨ ᠲᠡᠮᠡᠴᠡᠯ ᠤᠨ ᠳᠤᠮᠳᠠ ᠬᠤᠷᠠᠮᠳᠤᠭᠤᠯᠤᠬᠰᠠᠨ ᠰᠤᠶᠤᠯ ᠤᠨ ᠰᠢᠮ᠎ᠠ ᠲᠡᠵᠢᠭᠡᠯ ᠢ ᠰᠢᠩᠭᠡᠭᠡᠵᠦ᠂ 14 ᠳ᠋ᠦᠡᠭᠰᠢᠭᠤᠷ ᠰᠢᠬᠠᠮ ᠳᠤᠮᠳᠠᠳᠤ ᠤᠯᠤᠰ ᠤᠨ ᠠᠷᠠᠳ ᠲᠦᠮᠡᠨ ᠤ ᠨᠢᠬᠲᠠᠷᠠᠭᠤᠯᠤᠬᠰᠠᠨ ᠠᠤᠭ᠎ᠠ ᠬᠦᠴᠦᠨ ᠢᠶᠠᠷ᠂ ᠪᠢᠳᠡ ᠦᠪᠡᠷ ᠤᠨ ᠵᠠᠮ ᠢᠶᠠᠷ ᠢᠶᠠᠨ ᠵᠠᠮᠨᠠᠪᠠᠯ᠂ ᠬᠢᠵᠠᠭᠠᠯᠠᠰᠢ ᠦᠭᠡᠢ ᠦᠷᠭᠡᠨ ᠠᠭᠤᠳᠠᠮ ᠳᠠᠪᠴᠠᠩ ᠲᠠᠢ ᠪᠤᠯᠵᠦ᠂ ᠬᠢᠵᠠᠭᠠᠯᠠᠰᠢ ᠦᠭᠡᠢ ᠭᠦᠨ ᠵᠤᠵᠠᠭᠠᠨ ᠲᠡᠦᠬᠡ ᠶᠢᠨ ᠦᠨᠳᠦᠰᠦ ᠰᠤᠷᠪᠤᠯᠵᠢ ᠲᠠᠢ ᠪᠤᠯᠵᠦ᠂ ᠬᠢᠵᠠᠭᠠᠯᠠᠰᠢ ᠦᠭᠡᠢ ᠬᠦᠴᠦᠷᠬᠡᠭ ᠶᠡᠭᠡ ᠤᠷᠤᠬᠰᠢᠯᠠᠯᠲᠠ ᠶᠢᠨ ᠲᠤᠬᠲᠠᠯ ᠬᠦᠴᠦᠨ ᠲᠠᠢ ᠪᠤᠯᠤᠨ᠎ᠠ᠃ ᠭᠠᠶᠢᠬᠠᠮᠰᠢᠭ ᠢ ᠬᠢᠵᠦ ᠪᠠᠶᠢᠭᠠᠳ ᠪᠦᠲᠦᠭᠡᠳᠡᠭ ᠶᠤᠮ᠂ ᠨᠡᠶᠢᠭᠡᠮ ᠵᠢᠷᠦᠮ ᠤᠨ ᠦᠢᠯᠡᠰ ᠢ ᠬᠢᠵᠦ ᠪᠠᠶᠢᠭᠠᠳ ᠪᠦᠲᠦᠭᠡᠭᠰᠡᠨ ᠶᠤᠮ᠃ ᠰᠢᠨ᠎ᠠ ᠴᠠᠭ ᠦᠶ ᠎ᠠ ᠪᠤᠯ ᠲᠡᠮᠡᠴᠡᠭᠰᠡᠳ ᠤᠨ ᠴᠠᠭ ᠦᠶ᠎ᠠ ᠮᠦᠨ᠂ ᠬᠦᠮᠦᠨ ᠪᠤᠯᠭᠠᠨ ᠪᠦᠷ ᠰᠢᠨ᠎ᠠ ᠴᠠᠭ ᠦᠶ᠎ᠠ ᠶᠢᠨ ᠭᠡᠷᠡᠴᠢᠯᠡᠭᠴᠢ᠂ ᠡᠭᠦᠨ ᠢ ᠪᠦᠲᠦᠭᠡᠭᠴᠢ᠂ ᠪᠦᠲᠦᠭᠡᠨ ᠪᠠᠶᠢᠭᠤᠯᠤᠬᠴᠢ ᠪᠤᠯᠤᠨ᠎ᠠ᠃ ᠨᠢᠭᠡ ᠬᠠᠭᠤᠳᠠᠰᠤ ᠠᠯᠤᠰ ᠤᠨ ᠲᠦᠰᠦᠪ ᠢ ᠳᠠᠭᠤᠰᠲᠠᠯ᠎ᠠ ᠵᠢᠷᠤᠬᠯᠠᠵᠤ᠂ ᠨᠢᠭᠡ ᠨᠢᠭᠡ ᠶᠠᠪᠤᠲᠠᠯ ᠢᠶᠠᠷ ᠵᠠᠯᠭᠠᠵᠤ ᠬᠢᠪᠠᠯ᠂ ᠪᠢᠳᠡ ᠯᠠᠪᠲᠠᠢ ᠨᠡᠩ ᠶᠡᠭᠡ ᠰᠢᠨ᠎ᠡ ᠭᠠᠶᠢᠬᠠᠮᠰᠢᠭ ᠢ ᠡᠭᠦᠳᠦᠨ ᠪᠦᠲᠦᠭᠡᠵᠤ ᠴᠢᠳᠠᠨ᠎ᠠ᠃
  ᠤᠭ ᠰᠠᠨᠠᠭ᠎ᠠ ᠠᠭᠤᠤ ᠦᠢᠯᠡᠰ ᠢ ᠴᠤᠬᠴᠠᠯᠠᠵᠤ᠂ ᠡᠭᠦᠷᠭᠡ ᠬᠠᠷᠢᠭᠤᠴᠠᠯᠭ᠎ᠠ ᠡᠷᠡᠭᠡᠳᠦᠢ ᠶᠢ ᠬᠦᠲᠦᠯᠦᠨ ᠵᠢᠯᠤᠭᠤᠳᠤᠨ᠎ᠠ᠃ ᠳᠤᠮᠳᠠᠳᠤ ᠤᠯᠤᠰ ᠤᠨ ᠡᠪ ᠬᠠᠮᠲᠤ ᠨᠠᠮ ᠪᠤᠯᠤᠨ ᠳᠤᠮᠳᠠᠳᠤ ᠤᠯᠤᠰ ᠤᠨ ᠠᠷᠠᠳ ᠲᠦᠮᠡᠨ ᠤᠭ ᠰᠠᠨᠠᠭ᠎ᠠ ᠪᠠᠨ ᠦᠯᠦ ᠮᠠᠷᠲᠠᠵᠤ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠤᠷᠢᠳᠤᠬᠢ ᠶᠢ ᠵᠠᠯᠭᠠᠮᠵᠢᠯᠠᠨ ᠬᠤᠶᠢᠨᠠᠬᠢ ᠶᠢ ᠰᠠᠩᠭᠡᠷᠠᠬᠦᠯᠵᠤ᠂ ᠤᠷᠢᠳᠤᠬᠢ ᠶᠢ ᠵᠠᠯᠭᠠᠮᠵᠢᠯᠡᠨ ᠬᠤᠶᠢᠨᠠᠬᠢ ᠳᠤ ᠵᠠᠮ ᠨᠡᠭᠡᠭᠡᠵᠦ᠂ ︽ᠬᠤᠤᠰ ᠵᠠᠭᠤᠨ ᠵᠢᠯ︾ ᠤᠨ ᠲᠡᠮᠡᠴᠡᠬᠦ ᠬᠠᠷᠠᠯᠲᠠ ᠲᠡᠶᠢᠰᠢ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠳᠤᠮᠳᠠᠳᠤ ᠶᠢᠨ ᠵᠡᠭᠦᠳᠦ ᠶᠢ ᠲᠡᠷᠭᠡᠯᠰᠢᠭᠦᠯᠬᠦ ᠶᠢᠨ ᠲᠦᠯᠦᠭᠡ ᠡᠷᠡᠯᠬᠡᠭ ᠢᠶᠠᠷ ᠲᠡᠮᠡᠴᠡᠵᠦ᠂ ᠪᠠᠭᠠᠲᠤᠷᠯᠢᠭ ᠢᠶᠠᠷ
ᠤᠷᠤᠬᠰᠢᠯᠠᠵᠤ᠂ ᠳᠤᠮᠳᠠᠳᠤ ᠤᠯᠤᠰ ᠤᠨ ᠠᠷᠠᠳ ᠲᠦᠮᠡᠨ ᠪᠤᠯᠤᠨ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠬᠦᠰᠡᠯ ᠵᠡᠭᠦᠳᠦ ᠶᠢᠨ ᠡᠨᠡ ᠬᠦ ᠬᠦᠯᠭᠡ ᠤᠡᠭᠭᠤᠴᠠ ᠶᠢᠨ ᠰᠠᠯᠬᠢ ᠳᠠᠪᠠᠯᠭᠠᠨ ᠢ ᠵᠦᠰᠦᠵᠦ᠂ ᠠᠮᠵᠢᠯᠲᠠ ᠲᠠᠢ ᠪᠠᠷ ᠭᠡᠷᠡᠯ ᠰᠠᠴᠤᠷᠠᠩᠭᠤᠢ ᠲᠡᠷᠲᠡᠭᠡ ᠡᠷᠬᠢ ᠲᠡᠶᠢᠰᠢ ᠠᠶᠠᠯᠠᠬᠤ ᠶᠢ ᠠᠬᠢᠭᠤᠯᠰᠤᠭᠠᠢ︕
           ︵ᠰᠢᠨᠬᠤᠸᠠ ᠬᠤᠷᠢᠶᠠᠨ ᠤ ᠪᠡᠬᠡᠵᠢᠩ ᠤᠨ 10 ᠰᠠᠷ᠎ᠠ ᠶᠢᠨ 5 ᠤ ᠴᠠᠬᠢᠯᠭᠠᠨ ᠮᠡᠳᠡᠭᠡ︶



  
     
     