

ᠬᠦᠭᠵᠢᠯ ᠪᠢᠯᠬᠠᠭᠰᠠᠨ ᠬᠦᠳᠡᠭᠡ ᠨᠤᠳᠤᠭ

2019-12-02 11:57
  262
  0
 ᠵᠣᠬᠢᠶᠠᠭᠴᠢ᠄  ᠦᠪᠤᠷ ᠮᠤᠩᠭᠤᠯ ᠤᠨ ᠮᠤᠩᠭᠤᠯ ᠰᠤᠨᠢᠨ ᠰᠦᠯᠵᠢᠶ᠎ᠠ ᠶᠢᠨ ᠬᠤᠯᠪᠤᠭ᠎ᠠ ᠶᠢᠨ ︽ᠡᠪᠤᠯ ᠤᠨ ᠡᠷᠢᠯ︾ ᠬᠤᠯᠪᠤᠭ᠎ᠠ ᠰᠤᠷᠪᠤᠯᠵᠢᠯᠠᠭ᠎ᠠ ᠶᠢᠨ ᠲᠤᠭᠤᠢᠢᠯ 
ᠪᠤᠯᠤᠩ ᠨᠡᠬᠡᠬᠡᠬᠦ ᠦᠬᠡ᠄
   ᠠᠭᠤᠯᠠ ᠬᠠᠶᠢᠷᠬᠠᠨ ᠮᠦᠩᠬᠦᠨ ᠬᠤᠶᠠᠭ ᠢᠶᠠᠨ ᠡᠮᠦᠰᠴᠦ᠂ ᠤᠰᠤ ᠰᠠᠪᠳᠠᠭ ᠪᠤᠯᠤᠷ ᠲᠤᠭᠤᠯᠠᠭ᠎ᠠ ᠪᠠᠨ ᠵᠡᠬᠦᠯ᠎ᠠ᠃ ᠬᠦᠬᠡᠬᠡ ᠡᠪᠤᠯ ᠰᠠᠭᠠᠳᠠᠨ ᠬᠦᠢᠳᠡᠨ ᠤ ᠡᠷᠴᠢ ᠴᠢᠩᠭᠠᠷᠠᠭᠰᠠᠨ ᠴᠦ ᠮᠠᠨ ᠤ ᠰᠤᠷᠪᠤᠯᠵᠢᠯᠠᠭᠴᠢᠳ ᠤᠨ ︽ᠬᠦᠳᠡᠭᠡ ᠨᠤᠳᠤᠭ ᠦᠨᠳᠤᠰᠤᠨ ᠱᠠᠳᠤᠨ ᠳᠤ ᠪᠠᠭᠤᠵᠤ ᠰᠤᠷᠪᠤᠯᠵᠢᠯᠠᠭ᠎ᠠ ᠠᠪᠤᠨ᠎ᠠ︾ ᠬᠡᠰᠡᠨ ᠬᠠᠯᠠᠭᠤᠨ ᠰᠡᠳᠬᠢᠯᠬᠡ ᠶᠢ ᠨᠢ ᠬᠦᠷᠦᠬᠡᠵᠤ ᠲᠠᠶᠢᠯᠬᠦ ᠦᠬᠡᠢ᠂ ᠬᠠᠳᠠᠨ ᠵᠤᠷᠢᠭ ᠢ ᠨᠢ ᠮᠢᠳᠠᠷᠠᠭᠤᠯᠵᠤ ᠲᠠᠶᠢᠯᠬᠦ ᠦᠬᠡᠢ ᠶᠤᠮ᠃
   11 ᠰᠠᠷ᠎ᠠ ᠶᠢᠨ 26 ᠤ ᠡᠳᠤᠷ᠂ ᠦᠪᠤᠷ ᠮᠤᠩᠭᠤᠯ ᠤᠨ ᠮᠤᠩᠭᠤᠯ ᠰᠤᠨᠢᠨ ᠰᠦᠯᠵᠢᠶ᠎ᠠ ᠶᠢᠨ ᠬᠤᠯᠪᠤᠭ᠎ᠠ ᠶᠢᠨ 4 ᠰᠤᠷᠪᠤᠯᠵᠢᠯᠠᠬᠤ ᠲᠤᠭᠤᠢᠢᠯᠠᠩ ᠤᠨ ᠬᠢᠨ ᠠᠶᠠᠨ ᠳᠠᠭᠠᠨ ᠮᠤᠷᠳᠠᠵᠤ᠂ ︽ᠡᠪᠤᠯ ᠤᠨ ᠡᠷᠢᠯ︾ ᠪᠦᠷᠢᠨ ᠵᠠᠭᠤᠴᠢᠯᠠᠭᠤᠷ ᠤᠨ ᠲᠤᠮᠤᠬᠠᠨ ᠰᠤᠷᠪᠤᠯᠵᠢᠯᠠᠭ᠎ᠠ ᠪᠠᠨ ᠪᠦᠬᠦ ᠲᠠᠯ᠎ᠠ ᠪᠠᠷ ᠡᠬᠢᠯᠡᠬᠦᠯᠪᠡ᠃ ᠰᠤᠷᠪᠤᠯᠵᠢᠯᠠᠭᠴᠢᠳ ᠮᠠᠨᠢ ᠶᠡᠷᠦᠩᠬᠡᠶ ᠱᠦᠵᠢ ᠰᠢ ᠶᠢᠨ ᠫᠢᠩ ᠤᠨ ᠥᠪᠥᠷ ᠮᠣᠩᠭᠤᠯ ᠤᠨ ᠠᠵᠢᠯ ᠤᠨ ᠲᠤᠬᠠᠶ ᠴᠢᠬᠤᠯᠠ ᠶᠠᠷᠢᠶ᠎ᠠ ᠴᠢᠬᠤᠯᠠ ᠵᠢᠭᠠᠪᠤᠷᠢ ᠴᠣᠬᠤᠯᠠᠪᠤᠷᠢ ᠶᠢᠨ ᠵᠣᠷᠢᠭ ᠰᠠᠨᠠᠭ᠎ᠠ ᠶᠢ ᠪᠣᠳᠠᠲᠠᠶ ᠳᠤ ᠨᠠᠶᠢᠳᠠᠪᠤᠷᠢᠵᠢᠭᠤᠯᠵᠤ ᠪᠠᠶᠢᠭ᠎ᠠ᠂ ︽ᠤᠭ ᠰᠠᠨᠠᠭ᠎ᠠ ᠪᠠᠨ ᠦᠯᠦ ᠮᠠᠷᠳᠠᠵᠤ ᠡᠬᠦᠷᠬᠡ ᠬᠠᠷᠢᠭᠤᠴᠠᠯᠭ᠎ᠠ ᠪᠠᠨ ᠪᠠᠳᠤ ᠴᠡᠬᠡᠵᠢᠯᠡᠬᠦ︾ ᠭᠤᠤᠯ ᠰᠡᠳᠤᠪᠳᠤ ᠬᠦᠮᠦᠵᠢᠯ ᠦᠷᠨᠢᠬᠦᠯᠵᠤ ᠪᠠᠶᠢᠭ᠎ᠠ᠂ ᠨᠠᠮ ᠤᠨ ᠠᠷᠪᠠᠨ ᠶᠢᠰᠦᠳᠦᠬᠡᠷ ᠬᠤᠭᠤᠴᠠᠭᠠᠨ ᠤ ᠲᠦᠪ ᠬᠤᠷᠢᠶᠠᠨ ᠤ ᠲᠦᠷᠪᠡᠳᠤᠬᠡᠷ ᠪᠦᠬᠦᠳᠡ ᠬᠤᠷᠠᠯ ᠤᠨ ᠵᠤᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠵᠤ ᠨᠠᠶᠢᠳᠠᠪᠤᠷᠢᠵᠢᠭᠤᠯᠵᠤ ᠪᠠᠶᠢᠭ᠎ᠠ᠂ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠲᠠᠶᠢᠯᠠᠯᠳᠤᠭᠠᠨ ᠤ ᠦᠷ᠎ᠠ ᠪᠦᠳᠦᠮᠵᠢ ᠪᠠ ᠠᠮᠵᠢᠯᠳᠠ ᠲᠠᠢ ᠲᠤᠷᠰᠢᠯᠭ᠎ᠠ ᠵᠡᠷᠬᠡ ᠭᠤᠤᠯ ᠰᠡᠳᠤᠪ ᠤᠨ ᠲᠤᠭᠤᠷᠢᠨ ᠳᠤ ᠠᠪᠤᠭᠰᠠᠨ ᠰᠤᠨᠢᠨ ᠰᠠᠶᠢᠬᠠᠨ ᠰᠤᠷᠪᠤᠯᠵᠢᠯᠠᠭ᠎ᠠ ᠪᠠᠨ ᠦᠪᠤᠷ ᠮᠤᠩᠭᠤᠯ ᠤᠨ ᠮᠤᠩᠭᠤᠯ ᠰᠤᠨᠢᠨ ᠰᠦᠯᠵᠢᠶ᠎ᠠ ᠶᠢᠨ ᠬᠤᠯᠪᠤᠭ᠎ᠠ ᠶᠢᠨ ᠡᠯ᠎ᠠ ᠬᠡᠰᠢᠬᠦᠨ ᠨᠢᠬᠡᠴᠢ ᠶᠢᠨ ᠰᠤᠨᠢᠨ᠂ ᠰᠦᠯᠵᠢᠶ᠎ᠠ᠂ ᠰᠢᠯᠵᠢᠶ᠎ᠠ᠂ ᠵᠢᠷᠬᠢᠶ᠎ᠠ ᠵᠡᠷᠬᠡ ᠲᠠᠪᠴᠠᠩ ᠢᠶᠠᠷ ᠤᠯᠠᠨ ᠳᠤ ᠲᠡᠪᠰᠢᠬᠦᠯᠬᠦ ᠪᠤᠯᠤᠨ᠎ᠠ᠃ ᠲᠤᠰ ᠰᠤᠨᠢᠨ ᠡᠨᠡ ᠡᠳᠤᠷ ᠠᠴᠠ ᠡᠬᠢᠯᠡᠨ ︽ᠡᠪᠤᠯ ᠤᠨ ᠡᠷᠢᠯ︾ ᠲᠤᠰᠬᠠᠢ ᠪᠤᠯᠤᠩ ᠨᠡᠬᠡᠬᠡᠵᠤ᠂ ᠰᠤᠷᠪᠤᠯᠵᠢᠯᠠᠭᠴᠢᠳ ᠤᠨ ᠢᠶᠠᠨ ᠢᠷᠡᠬᠦᠯᠦᠭᠰᠡᠨ ᠮᠡᠳᠡᠬᠡᠯᠡᠯ ᠢ ᠨᠡᠶᠢᠳᠡᠯᠡᠬᠦ ᠪᠠᠷ ᠪᠤᠢ᠃ ᠠᠩᠬᠠᠷᠤᠯ ᠢᠶᠠᠨ ᠬᠠᠨᠳᠤᠭᠤᠯᠤᠮᠤ︕ — ᠨᠠᠶᠢᠷᠠᠭᠤᠯᠤᠭᠴᠢ ᠠᠴᠠ


   ᠪᠠᠳᠠᠢ ᠶᠢᠨ ᠵᠢᠷᠠᠨ ᠤ ᠬᠦᠨ ᠳᠠᠬᠢ ᠲᠡᠮᠡᠭᠡᠴᠢᠨ ᠠᠶᠢᠯ᠂ ᠪᠠᠷᠭᠤ ᠨᠤᠳᠤᠭ ᠤᠨ ᠮᠠᠯᠴᠢᠨ ᠠᠷᠠᠳ᠂ ᠮᠤᠤᠠᠤᠰᠤ ᠶᠢᠨ ᠦᠷᠦᠴᠡᠨ ᠳᠠᠬᠢ ᠨᠤᠮ ᠤᠨ ᠤᠷᠳᠤᠨ᠂ ᠲᠠᠮᠤ ᠶᠢᠨ ᠴᠠᠭᠠᠨ ᠳᠠᠬᠢ ᠭᠠᠴᠠᠭᠠᠨ ᠤ ᠬᠠᠮᠳᠤ ᠶᠢᠨ ᠠᠵᠤ ᠠᠬᠤᠢ ᠁ ᠬᠦᠳᠡᠭᠡ ᠨᠤᠳᠤᠭ ᠬᠦᠭᠵᠢᠯ ᠢᠶᠠᠷ ᠪᠢᠯᠬᠠᠨ ᠬᠦᠮᠤᠨ ᠠᠷᠠᠳ ᠨᠢ ᠮᠦᠰᠢᠶᠡᠯ ᠢᠶᠠᠷ ᠪᠢᠯᠬᠠᠨ᠎ᠠ᠃
   ᠪᠠᠷᠭᠤ ᠶᠢᠨ ᠠᠭᠤᠳᠠᠮ ᠲᠠᠯ᠎ᠠ ᠤᠨᠠᠬᠤ ᠨᠠᠷᠠᠨ ᠤ ᠤᠯᠠᠪᠤᠷ ᠲᠤᠶᠠᠭᠠᠨ ᠳᠤ ᠬᠠᠷᠠᠭ᠎ᠠ ᠠᠯᠳᠠᠮ᠎ᠠ ᠰᠢᠷᠭᠠᠯᠳᠤᠵᠤ᠂ ᠲᠡᠷᠡᠰᠦ ᠪᠤᠷᠭᠠᠰᠦ ᠡᠯᠳᠡᠩ ᠤᠷᠭᠤᠭᠰᠠᠨ ᠬᠡᠷᠦᠯᠦᠨ ᠭᠤᠤᠯ ᠤᠨ ᠲᠡᠨᠵᠢᠨ ᠳᠤ ᠦᠬᠡᠷ ᠠᠳᠤᠭᠤ ᠦᠶᠦᠭ ᠲᠠᠪᠠᠳᠠᠢ ᠪᠡᠯᠴᠢᠨ᠎ᠡ᠃ ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠤᠬᠠᠰᠢᠶᠠᠳᠦ ᠪᠠᠯᠭᠠᠰᠤ ᠶᠢᠨ ᠠᠳᠤᠭᠤᠨᠴᠢᠯᠠᠭᠤ ᠭᠠᠴᠠᠭᠠᠨ ᠤ ᠮᠠᠯᠴᠢᠨ ᠤᠯᠠᠭᠠᠨᠬᠦᠦ ᠬᠡᠷᠬᠡᠢ ᠦᠦᠷᠢᠨᠳᠤᠶᠠᠭ᠎ᠠ ᠲᠠᠢ ᠪᠠᠨ ᠬᠤᠶᠠᠭᠤᠯᠠ ᠭᠠᠷ ᠤᠳᠠᠰᠤᠨ ᠲᠠᠬᠡᠷ᠎ᠠ ᠪᠠᠨ ᠮᠠᠯ ᠰᠦᠷᠦᠭ ᠢᠶᠠᠨ ᠠᠵᠢᠵᠤ ᠰᠠᠭᠤᠨ᠎ᠠ᠃ ᠲᠡᠳᠡᠨ ᠤ ᠬᠢᠨ 100 ᠭᠠᠷᠤᠢ ᠦᠬᠡᠷ᠂ 200 ᠭᠠᠷᠤᠢ ᠬᠤᠨᠢ᠂ ᠠᠵᠢᠷᠭ᠎ᠠ ᠠᠳᠤᠭᠤ ᠮᠠᠯᠵᠢᠵᠤ ᠪᠤᠢ᠃ ᠦᠩᠬᠡᠷᠡᠭᠰᠡᠨ ᠳᠤ ᠮᠠᠯ ᠰᠦᠷᠦᠭ ᠤᠯᠠᠨᠳᠠᠢ ᠤᠯᠠᠭᠠᠨᠬᠦᠦ ᠶᠢᠨ ᠬᠢᠨ ᠠᠳᠤᠭᠤ ᠦᠬᠡᠷ ᠢᠶᠠᠨ ᠪᠡᠯᠴᠢᠬᠡᠷᠯᠡᠬᠦᠯᠬᠦ᠂ ᠡᠪᠡᠰᠦᠯᠡᠵᠤ ᠤᠰᠤᠯᠠᠬᠤ ᠠᠴᠠ ᠡᠬᠢᠯᠡᠭᠡᠳ ᠪᠦᠬᠡᠮ ᠠᠵᠢᠯ ᠲᠠᠢ ᠪᠤᠵᠢᠬᠢᠨᠠᠵᠤ᠂ ᠦᠦᠷ ᠢᠶᠠᠷ ᠪᠤᠰᠴᠦ ᠦᠬᠡᠷ ᠮᠠᠯ ᠢᠶᠠᠨ ᠡᠷᠬᠢᠬᠦᠯᠵᠤ ᠤᠰᠤᠯᠠᠭᠠᠳ ᠭᠡᠷ ᠲᠡᠭᠡᠨ ᠤᠷᠤᠵᠤ ᠢᠷᠡᠬᠦ ᠳᠤ ᠪᠠᠭ᠎ᠠ ᠦᠳᠡ ᠬᠡᠯᠪᠠᠶᠢᠯᠭᠡᠳᠡᠭ ᠨᠢ ᠶᠡᠷᠦᠳᠠ ᠶᠢᠨ ᠤᠴᠢᠷ ᠪᠠᠶᠢᠯ᠎ᠠ᠃ ᠬᠠᠷᠢᠨ 2016 ᠤᠨ ᠳᠤ ᠲᠡᠳᠡ ᠬᠤᠶᠠᠭᠤᠯᠠ ᠵᠤᠰᠠᠭᠠᠯ ᠲᠡᠭᠡᠷ᠎ᠡ ᠪᠠᠨ ᠨᠠᠷᠠᠨ ᠤ ᠡᠨᠧᠷᠬᠢ ᠪᠠᠷ ᠮᠠᠯ ᠤᠰᠤᠯᠠᠬᠤ ᠠᠦ᠋ᠲ᠋ᠣ᠋ ᠤᠡᠭᠭᠤᠴᠠ ᠤᠭᠰᠠᠷᠠᠭᠰᠠᠨ ᠪᠦᠬᠡᠳ ᠨᠢᠳᠤᠨᠤᠨ ᠪᠡᠯᠴᠢᠭᠡᠷ ᠲᠡᠭᠡᠨ ᠠᠯᠤᠰ ᠡᠵᠡᠮᠳᠡᠬᠦᠷ ᠤᠨ ᠴᠠᠬᠢᠯᠭᠠᠨ ᠲᠤᠷᠠᠨ ᠪᠤᠰᠬᠠᠭᠰᠠᠨ ᠠᠴᠠ ᠡᠪᠤᠯᠵᠢᠶ᠎ᠠ᠂ ᠬᠠᠪᠤᠷᠵᠢᠶ᠎ᠠ᠂ ᠵᠤᠰᠠᠯᠠᠩ ᠤᠨ ᠢᠶᠠᠨ ᠬᠠᠮᠢᠭ᠎ᠠ ᠪᠠᠶᠢᠭᠰᠠᠨ ᠴᠤ ᠮᠠᠯ ᠰᠦᠷᠦᠭ ᠤᠨ ᠢᠶᠠᠨ ᠤᠰᠤᠨ ᠳᠤ ᠢᠷᠡᠬᠦ᠂ ᠪᠡᠯᠴᠢᠬᠡᠷ ᠲᠤ ᠭᠠᠷᠬᠤ ᠶᠢ ᠬᠡᠷ ᠲᠡᠭᠡᠨ ᠰᠠᠭᠤᠭᠠᠳ ᠭᠠᠷ ᠤᠳᠠᠰᠤᠨ ᠲᠡᠭᠡᠷ᠎ᠡ ᠪᠠᠨ ᠦᠵᠡᠳᠡᠭ ᠪᠤᠯᠵᠤ᠂ ᠡᠯ᠎ᠡ ᠵᠦᠢᠯ ᠤᠨ ᠵᠠᠷᠤᠳᠠᠯ ᠰᠦᠢᠳᠬᠡᠯ᠂ ᠬᠦᠮᠦᠨ ᠤ ᠬᠦᠴᠦ ᠶᠢ ᠶᠡᠭᠡ ᠪᠠᠷ ᠠᠷᠪᠢᠯᠠᠭᠰᠠᠨ ᠪᠠᠶᠢᠨ᠎ᠠ᠃
   ︽ᠮᠠᠯ ᠤᠰᠤᠯᠠᠬᠤ ᠤᠡᠭᠭᠤᠴᠠ ᠶᠢ 7000 ᠭᠠᠷᠤᠢ ᠲᠦᠭᠦᠷᠢᠭ ᠵᠠᠷᠤᠴᠠᠭᠤᠯᠵᠤ ᠤᠭᠰᠠᠷᠠᠭᠰᠠᠨ᠂ ᠮᠠᠯ ᠤᠨᠤᠭ᠎ᠠ ᠤᠡᠭᠭᠤᠴᠠᠨ ᠤ ᠬᠠᠵᠠᠭᠤ ᠳᠤ ᠬᠦᠷᠪᠡᠯ ᠬᠤᠳᠳᠤᠭ ᠠᠴᠠ ᠤᠰᠦ ᠤᠷᠬᠢᠯᠤᠨ ᠭᠠᠷᠴᠦ ᠤᠡᠭᠭᠤᠴᠠ ᠬᠡᠵᠢᠶᠡᠳᠡ ᠲᠦᠭᠦᠷᠡᠩ ᠤᠰᠤ ᠲᠠᠢ ᠪᠠᠶᠢᠳᠠᠭ᠃ ᠪᠡᠯᠴᠢᠬᠡᠷ ᠤᠨ ᠲᠤᠷᠠᠨ ᠢ 4500 ᠲᠦᠭᠦᠷᠢᠭ ᠢᠶᠠᠷ ᠤᠭᠰᠠᠷᠠᠭᠰᠠᠨ᠂ ᠡᠳᠦᠷ ᠢᠶᠠᠷ 30 ᠺᠢᠯᠥᠮᠧᠲᠷ ᠰᠦᠨᠢ ᠳᠡᠭᠡᠨ 200 ᠮᠧᠲᠷ ᠤᠨ ᠵᠠᠢ ᠳᠤ 360 ᠭᠷᠠᠳᠦ᠋ᠰ ᠤᠨ ᠡᠷᠬᠢᠨ ᠲᠤᠭᠤᠷᠢᠨ ᠢ ᠲᠤᠪ ᠲᠤᠳᠤᠬᠠᠨ ᠤᠯᠵᠤ ᠬᠠᠷᠠᠳᠠᠭ ᠠᠴᠠ ᠦᠡᠭᠭᠡᠷᠡᠭᠰᠡᠨ ᠤ ᠬᠢ ᠰᠢᠭ ᠪᠡᠯᠴᠢᠭᠡᠷ ᠲᠡᠭᠡᠨ ᠬᠦᠷᠴᠦ ᠮᠠᠯ ᠢᠶᠠᠨ ᠬᠠᠷᠠᠵᠤ ᠬᠠᠷᠢᠭᠤᠯᠠᠬᠤ ᠪᠠᠨ ᠪᠤᠯᠢᠭᠰᠠᠨ︾ ᠭᠡᠵᠤ ᠤᠯᠠᠭᠠᠨᠬᠦᠦ ᠤᠷᠮᠠᠳᠠᠢ ᠶᠠᠷᠢᠨ᠎ᠠ᠃ ᠭᠠᠭᠴᠠ ᠬᠦ ᠤᠯᠠᠭᠠᠨᠬᠦᠦ ᠶᠢᠨ ᠬᠢᠨ ᠯᠡ ᠲᠡᠳᠦᠢ ᠪᠢᠰᠢ᠂ ᠠᠳᠤᠭᠤᠨᠴᠢᠯᠠᠭᠤ ᠭᠠᠴᠠᠭᠠᠨ ᠤ ᠤᠯᠠᠩᠬᠢ ᠮᠠᠯᠴᠢᠳ ᠡᠶᠢᠨ ᠬᠦ ᠪᠡᠯᠴᠢᠭᠡᠷ ᠨᠤᠳᠤᠭ ᠲᠠᠭᠠᠨ ᠨᠠᠷᠠᠨ ᠤ ᠡᠨᠧᠷᠬᠢ ᠪᠠᠷ ᠮᠠᠯ ᠤᠰᠤᠯᠠᠬᠤ ᠤᠡᠭᠭᠤᠴᠠ᠂ ᠪᠡᠯᠴᠢᠬᠡᠷ ᠤᠨ ᠲᠤᠷᠠᠨ ᠤᠭᠰᠠᠷᠠᠵᠤ᠂ ᠭᠠᠷ ᠤᠳᠠᠰᠤ ᠠᠴᠠ ᠪᠠᠨ ᠮᠠᠯ ᠰᠦᠷᠦᠭ ᠢᠶᠠᠨ ᠬᠠᠷᠠᠵᠤ ᠬᠠᠷᠢᠭᠤᠯᠠᠳᠠᠭ ᠪᠤᠯᠤᠭᠰᠠᠨ ᠠᠴᠠ ᠮᠠᠯᠵᠢᠬᠤ ᠦᠢᠯᠡᠳᠪᠦᠷᠢᠯᠡᠯ ᠤᠨ ᠵᠠᠷᠤᠳᠠᠯ ᠰᠦᠢᠳᠬᠡᠯ ᠢ ᠶᠡᠭᠡ ᠪᠠᠷ ᠪᠠᠭᠠᠰᠬᠠᠨ ᠬᠦᠳᠡᠯᠮᠦᠷᠢ ᠬᠦᠴᠦ ᠶᠢ ᠠᠷᠪᠢᠯᠠᠵᠤ᠂ ᠮᠠᠯ ᠠᠵᠤ ᠠᠬᠤᠢ ᠶᠢᠨ ᠤᠳᠤᠬᠢᠴᠢᠯᠠᠯᠳᠠ ᠶᠢᠨ ᠵᠠᠮ ᠢᠶᠠᠷ ᠦᠢᠯᠡᠳᠪᠤᠷᠢᠯᠡᠯ ᠠᠮᠢᠳᠤᠷᠠᠯ ᠢᠶᠠᠨ ᠴᠤᠭᠴᠠᠯᠠᠵᠤ ᠶᠠᠪᠤᠨ᠎ᠠ᠃ 
  
未标题-2.jpg



   ᠰᠢᠨ᠎ᠠ ᠬᠠᠭᠤᠴᠢᠨ 8000 ᠭᠠᠷᠤᠢ ᠵᠦᠢᠯ ᠤᠨ ᠨᠤᠮ ᠰᠤᠳᠤᠷ ᠲᠠᠢ ᠮᠡᠰᠢᠪᠢᠯᠢᠭ ᠤᠨ ︽ᠮᠤᠩᠭᠤᠯ ᠤᠢᠢᠯᠠᠯᠭ᠎ᠠ ᠶᠢᠨ ᠨᠤᠮ ᠤᠨ ᠤᠷᠳᠤᠨ︾᠃ 

未标题-3.jpg



   ᠤᠯᠠᠭᠠᠨᠬᠦᠦ ᠦᠦᠷᠢᠨᠳᠤᠶᠠᠭ᠎ᠠ ᠬᠤᠶᠠᠭᠤᠯᠠ ᠭᠠᠷ ᠤᠳᠠᠰᠤᠨ ᠲᠡᠭᠡᠷ᠎ᠡ ᠠᠴᠠ ᠮᠠᠯ ᠰᠦᠷᠦᠭ ᠢᠶᠠᠨ ᠬᠠᠷᠠᠵᠤ ᠪᠠᠶᠢᠭ᠎ᠠ ᠨᠢ᠃

   ᠬᠦᠷᠢᠶ᠎ᠡ ᠬᠤᠰᠢᠭᠤᠨ ᠤ ᠡᠯᠡᠰᠦᠨ ᠪᠠᠯᠭᠠᠰᠤ ᠶᠢᠨ ᠪᠠᠶᠠᠨᠲᠠᠯ᠎ᠠ ᠭᠠᠴᠠᠭ᠎ᠠ ᠶᠠᠳᠠᠭᠤ ᠠᠴᠠ ᠠᠩᠬᠢᠵᠢᠷᠠᠭᠤᠯᠬᠤ ᠪᠤᠭᠤᠮᠲᠠ ᠰᠢᠪᠲᠤᠯᠬᠤ ᠲᠠᠶᠢᠯᠠᠯᠳᠤᠭᠠᠨ ᠤ ᠲᠤᠮᠲᠠ ᠬᠠᠮᠲᠦ ᠶᠢᠨ ᠠᠵᠦ ᠠᠬᠤᠢ ᠶᠢ ᠬᠦᠭᠵᠢᠭᠦᠯᠦᠨ ᠪᠤᠵᠠᠭᠠᠢᠢᠷᠠᠭᠤᠯᠵᠤ᠂ ︽ᠨᠠᠮ ᠤᠨ ᠵᠤᠬᠢᠶᠠᠨ ᠪᠠᠶᠢᠭᠤᠯᠤᠯᠲᠠ + ᠲᠤᠰᠬᠠᠢ ᠬᠤᠷᠰᠢᠶ᠎ᠠ + ᠺᠤᠮᠫᠠᠨᠢ + ᠮᠠᠯᠵᠢᠬᠤ ᠲᠠᠷᠢᠶᠠᠯᠠᠬᠤ ᠡᠷᠦᠭᠡ︾ ᠶᠢᠨ ᠵᠠᠬᠪᠤᠷ ᠢᠶᠠᠷ ᠬᠠᠮᠲᠦ ᠶᠢᠨ ᠠᠵᠦ ᠠᠬᠤᠢ ᠶᠢᠨ ᠬᠦᠭᠵᠢᠯᠲᠡ ᠶᠢᠨ ᠲᠤᠮᠳᠡᠬᠢ ᠵᠠᠷᠢᠮ ᠬᠦᠴᠢᠷ ᠲᠦᠪᠡᠭᠳᠡᠢ ᠠᠰᠠᠭᠤᠲᠠᠯ ᠢ ᠰᠢᠢᠳᠪᠦᠷᠢᠯᠡᠭᠦ ᠲᠡᠭᠡᠷ᠎ᠡ ᠭᠤᠤᠯ ᠭᠦᠴᠦ ᠪᠠᠨ ᠲᠠᠯᠪᠢᠵᠤ ᠪᠠᠶᠢᠭ᠎ᠠ ᠶᠤᠮ᠃ ︽ᠭᠠᠴᠠᠭᠠᠨ ᠤ ᠡᠨᠡ ᠵᠢᠯ ᠤᠨ ᠬᠠᠮᠲᠦ ᠶᠢᠨ ᠠᠵᠦ ᠠᠬᠤᠢ ᠶᠢᠨ ᠤᠷᠤᠯᠭ᠎ᠠ 7.9 ᠲᠦᠮᠡᠨ ᠲᠦᠭᠦᠷᠢᠭ ᠲᠤ ᠭᠦᠷᠴᠦ᠂ ᠡᠬᠦᠨ ᠢᠶᠠᠨ ᠭᠠᠴᠠᠭᠠᠨ ᠤ ᠶᠠᠳᠠᠭᠤ ᠬᠦᠴᠢᠷᠳᠠᠯᠳᠠᠢ ᠡᠷᠦᠭᠡ ᠶᠢ ᠪᠠᠭᠳᠠᠭᠠᠬᠰᠡᠨ 27 ᠡᠷᠦᠭᠡ ᠳᠤ ᠲᠤᠰᠪᠦᠷᠢ 700 ᠲᠦᠭᠦᠷᠢᠭ ᠦᠭᠭᠦᠭᠰᠡᠨ ᠪᠦᠭᠡᠳ ᠭᠠᠴᠠᠭᠠᠨ ᠤ ᠤᠷᠴᠢᠨ ᠲᠤᠭᠤᠷᠢᠨ ᠤ ᠴᠡᠪᠡᠷᠯᠡᠭᠴᠢ ᠳᠤ 5000 ᠲᠦᠭᠦᠷᠢᠭ᠂ ᠤᠢ ᠰᠢᠭᠤᠢ ᠶᠢᠨ ᠬᠠᠮᠠᠭᠠᠯᠠᠬᠴᠢ ᠳᠤ 6000 ᠲᠦᠭᠦᠷᠢᠭ ᠦᠭᠴᠦ᠂ ᠦᠯᠡᠳᠡᠭᠰᠡᠨ ᠢ ᠨᠢ ᠭᠠᠴᠠᠭᠠᠨ ᠤ ᠰᠠᠭᠤᠷᠢ ᠪᠦᠲᠦᠭᠡᠨ ᠪᠠᠶᠢᠭᠤᠯᠤᠯᠲᠠ ᠪᠤᠯᠤᠨ ᠤᠯᠠᠨ ᠲᠦᠮᠠᠨᠴᠢ ᠴᠢᠨᠠᠷᠳᠠᠢ ᠰᠤᠶᠤᠯ ᠤᠷᠠᠯᠢᠭ ᠤᠨ ᠬᠠᠮᠳᠦ ᠶᠢᠨ ᠠᠵᠢᠯᠯᠠᠭᠠᠨ ᠳᠤ ᠬᠡᠷᠡᠭᠯᠡᠵᠦ ᠪᠤᠢ︾ ᠬᠡᠵᠦ ᠬᠦᠷᠢᠶ᠎ᠠ ᠬᠤᠰᠢᠭᠤᠨ ᠤ ᠪᠠᠶᠠᠨᠲᠠᠯ᠎ᠠ ᠭᠠᠴᠠᠭᠠᠨ ᠳᠤ ᠲᠤᠮᠢᠯᠠᠬᠰᠠᠨ ᠱᠦᠵᠢ ᠰᠡᠴᠡᠨᠪᠢᠯᠢᠭ ᠶᠠᠷᠢᠨ᠎ᠠ᠃
   ᠪᠠᠶᠠᠨᠳᠠᠯ᠎ᠡ ᠭᠠᠴᠠᠭ᠎ᠠ ᠪᠤᠯ ᠭᠦᠷᠢᠶ᠎ᠡ ᠬᠤᠰᠢᠭᠤᠨ ᠤ ᠬᠠᠮᠲᠦ ᠶᠢᠨ ᠠᠵᠦ ᠠᠬᠤᠢ ᠶᠢᠨ ᠵᠢᠯ ᠤᠨ ᠤᠷᠤᠯᠭ᠎ᠠ ᠨᠢ 5 ᠲᠦᠮᠡᠨ ᠲᠦᠭᠦᠷᠢᠭ ᠢ ᠲᠠᠪᠠᠭᠰᠠᠨ 187 ᠭᠠᠴᠠᠭ᠎ᠠ ᠲᠤᠰᠬᠤᠨ ᠤ ᠲᠤᠳᠤᠷᠡᠬᠢ ᠨᠢᠭᠡ ᠨᠢ ᠶᠤᠮ᠃ ᠤᠳᠤ ᠭᠦᠷᠢᠶ᠎ᠡ ᠬᠤᠰᠢᠭᠤᠨ ᠤ ᠭᠠᠴᠠᠭ᠎ᠠ ᠲᠤᠰᠬᠤᠨ ᠤ ᠬᠠᠮᠲᠦ ᠶᠢᠨ ᠠᠵᠦ ᠠᠬᠤᠢ ᠶᠢᠨ ᠵᠢᠯ ᠤᠨ ᠨᠡᠶᠢᠳᠡ ᠤᠷᠤᠯᠭ᠎ᠠ 1192 ᠲᠦᠮᠡᠨ ᠲᠦᠭᠦᠷᠢᠭ ᠲᠤ ᠬᠦᠷᠴᠦ᠂ ᠮᠠᠯᠴᠢᠨ ᠲᠠᠷᠢᠶᠠᠴᠢᠳ ᠤᠨ ᠶᠠᠳᠠᠭᠤ ᠠᠴᠠ ᠠᠩᠬᠢᠵᠢᠷᠠᠨ ᠪᠠᠶᠠᠵᠢᠨ ᠴᠢᠨᠡᠬᠡᠯᠢᠭᠵᠢᠬᠦ ᠳᠤ ᠮᠠᠰᠢ ᠰᠠᠶᠢᠨ ᠲᠦᠯᠬᠢᠴᠡ ᠦᠢᠯᠡᠳᠦᠯ ᠦᠵᠡᠭᠦᠯᠵᠤ ᠪᠠᠶᠢᠭ᠎ᠠ ᠪᠢᠯᠠ᠃
   ︽ᠡᠨᠡ ᠬᠦ ︿ᠬᠢᠳᠡᠳ ᠮᠤᠩᠭᠤᠯ ᠦᠭᠡᠰ ᠤᠨ ᠲᠤᠯᠢ﹀ ᠶᠢ ᠮᠠᠨ ᠤ ᠤᠷᠤᠨ ᠤ ᠠᠩᠬᠠᠨ ᠤ ᠲᠤᠯᠢ ᠬᠡᠵᠦ ᠬᠡᠯᠡᠵᠦ ᠪᠤᠯᠤᠨ᠎ᠠ᠂ 1948 ᠤᠨ ᠳᠤ ᠦᠪᠤᠷ ᠮᠤᠩᠭᠤᠯ ᠤᠨ ᠡᠳᠦᠷ ᠤᠨ ᠰᠤᠨᠢᠨ ᠤ ᠬᠤᠷᠢᠶ᠎ᠠ ᠶᠢᠨ ᠬᠡᠪᠯᠡᠬᠦ ᠭᠠᠵᠠᠷ ᠠᠴᠠ ᠬᠡᠪᠯᠡᠭᠰᠡᠨ ᠪᠠᠶᠢᠳᠠᠭ︾᠂ ︽ᠡᠨᠡ ᠪᠤᠯ ᠰᠢᠷᠠᠮᠦ᠋ᠷᠡᠨ ᠰᠦᠮ᠎ᠠ ᠠᠴᠠ ᠬᠦᠬᠡᠬᠤᠳᠠ ᠶᠢᠨ ᠰᠢᠷᠡᠭᠡᠳᠦ ᠵᠤᠤ ᠶᠢᠨ ᠬᠡᠭᠡᠨ ᠳᠤ ᠦᠭᠭᠦᠭᠰᠡᠨ ᠠᠶᠢᠯᠠᠳᠬᠠᠯ ᠪᠢᠴᠢᠭ᠂ 7 ᠮᠣᠳ᠋ᠷ ᠤᠷᠳᠤ ᠪᠠᠶᠢᠳᠠᠭ ᠢᠶᠠᠷ ᠢᠶᠠᠨ ᠶᠡᠭᠡ ᠭᠠᠶᠢᠬᠠᠯᠳᠠᠢ︾᠂ ︽ᠡᠨᠡ ᠪᠤᠯ ᠮᠢᠨᠦ 5 ᠲᠦᠮᠠᠨ ᠲᠦᠭᠦᠷᠢᠭ ᠢᠶᠠᠷ ᠬᠤᠳᠠᠯᠳᠤᠵᠤ ᠠᠪᠤᠭᠰᠠᠨ ︿ᠠᠷᠪᠠᠨ ᠵᠦᠭ ᠤᠨ ᠡᠵᠡᠨ ᠬᠡᠰᠡᠷ ᠬᠠᠭᠠᠨ ᠤ ᠲᠤᠭᠤᠵᠢ ᠤᠷᠤᠰᠢᠪᠠᠢ﹀ ᠰᠤᠳᠤᠷ︾ ᠁ ᠥᠤᠰᠢᠨ ᠬᠤᠰᠢᠭᠤᠨ ᠤ ᠲᠤᠬ ᠪᠠᠯᠭᠠᠰᠤ ᠶᠢᠨ ᠮᠠᠶᠢᠷᠠᠨᠰᠦ᠋ᠮ᠎ᠠ ᠨᠡᠶᠢᠭᠡᠮ ᠲᠤᠭᠤᠷᠢᠬ ᠤᠨ ᠠᠯᠪᠠᠯᠠᠬᠤ ᠠᠰᠠᠷ ᠤᠨ ᠬᠤᠶᠠᠳᠤᠭᠠᠷ ᠲᠠᠪᠬᠤᠷ ᠲᠤ ᠮᠦᠡᠭᠭᠡᠳᠡᠯᠠᠢ ᠪᠤᠯᠤᠨ ᠮᠡᠰᠢᠪᠢᠯᠢᠭ ᠬᠤᠶᠠᠭᠤᠯᠠ ᠦᠪᠠᠷ ᠦᠪᠡᠷ ᠤᠨ ᠢᠶᠠᠨ ᠲᠡᠯᠭᠡᠨ ᠦᠵᠡᠬᠦᠯᠵᠦ ᠪᠠᠶᠢᠭ᠎ᠠ ᠬᠤᠪᠤᠷ ᠴᠤᠬᠠᠭ ᠨᠤᠮ ᠪᠢᠴᠢᠭ ᠢᠶᠠᠨ ᠲᠠᠷᠠᠭᠠᠯᠠᠨ ᠲᠠᠨᠢᠯᠴᠠᠭᠤᠯᠤᠨ᠎ᠠ᠃
   ᠠᠳᠡ ᠮᠦᠡᠭᠭᠡᠳᠡᠯᠠᠢ ︽ᠮᠤᠩᠭᠤᠯ ᠲᠤᠯᠢ ᠪᠢᠴᠢᠭ ᠤᠨ ᠬᠦᠷᠢᠶᠠᠯᠠᠩ︾ ᠭᠠᠷᠭᠠᠨ 2400 ᠭᠠᠷᠤᠢ ᠵᠦᠢᠯ ᠤᠨ ᠭᠠᠷ ᠠᠪᠤᠯᠭ᠎ᠠ ᠶᠢᠨ ᠨᠤᠮ ᠢᠶᠠᠨ ᠲᠡᠯᠭᠡᠨ ᠦᠵᠡᠬᠦᠯᠵᠦ᠂ ᠬᠦᠮᠦᠰ ᠲᠤ ᠠᠰᠢᠬᠯᠠᠭᠤᠯᠤᠭᠰᠠᠨ ᠪᠤᠯ᠂ ᠮᠡᠰᠢᠪᠢᠯᠢᠭ ︽ᠮᠤᠩᠭᠤᠯ ᠤᠢᠢᠯᠠᠯᠭ᠎ᠠ ᠶᠢᠨ ᠨᠤᠮ ᠤᠨ ᠤᠷᠳᠤᠨ︾ ᠭᠠᠷᠭᠠᠨ ᠰᠢᠨ᠎ᠠ ᠬᠠᠭᠤᠴᠢᠨ 8000 ᠭᠠᠷᠤᠢ ᠵᠦᠢᠯ ᠤᠨ ᠨᠤᠮ ᠰᠤᠳᠤᠷ ᠢᠶᠠᠨ ᠭᠠᠴᠠᠭ᠎ᠠ ᠲᠤᠰᠬᠤᠨ᠂ ᠰᠤᠮᠤ ᠪᠠᠯᠭᠠᠰᠤ᠂ ᠠᠶᠢᠮᠠᠭ ᠬᠤᠳᠠ᠂ ᠦᠪᠠᠷᠳᠡᠭᠡᠨ ᠵᠠᠰᠠᠬᠤ ᠤᠷᠤᠨ ᠪᠠ ᠲᠢᠩᠭᠢᠮ ᠲᠤᠪᠴᠢᠶᠠᠨ ᠤ ᠬᠢ ᠬᠡᠵᠤ ᠲᠦᠷᠦᠯ ᠬᠤᠪᠢᠶᠠᠨ ᠲᠠᠯᠬᠡᠵᠤ ᠪᠤᠢ᠃ ︽ᠨᠠᠶᠢᠭᠡᠮ ᠲᠤᠭᠤᠷᠢᠭ ᠠᠴᠠ ᠦᠨ᠎ᠠ ᠲᠦᠯᠦᠪᠤᠷᠢ ᠦᠬᠡᠢ ᠪᠠᠷ 400 ᠭᠠᠷᠤᠢ ᠲᠡᠭᠰᠢ ᠲᠦᠷᠪᠡᠯᠵᠢᠨ ᠮᠧᠲᠷ ᠤᠨ ᠭᠠᠵᠠᠷ ᠭᠠᠷᠭᠠᠨ ᠬᠠᠭᠤᠴᠢᠨ ᠨᠤᠮ ᠪᠢᠴᠢᠭ ᠢ ᠤᠯᠠᠨ ᠴᠤᠭᠯᠠᠭᠤᠯᠤᠭᠰᠠᠨ ᠡᠨᠡ ᠬᠤᠶᠠᠷ ᠬᠦᠮᠦᠨ ᠤ ᠠᠵᠢᠯ ᠢ ᠲᠠᠮᠵᠢᠭᠰᠡᠨ ᠶᠤᠮ᠃ ᠲᠠᠷᠠᠭᠠᠴᠢ ᠪᠠᠷ ᠡᠶᠢᠮᠦᠷᠬᠦᠤ ᠬᠠᠭᠤᠴᠢᠨ ᠨᠤᠮ ᠰᠤᠳᠤᠷ ᠴᠤᠭᠯᠠᠭᠤᠯᠤᠭᠰᠠᠨ ᠬᠦᠮᠦᠰ ᠲᠤ 2000 ᠲᠡᠭᠰᠢ ᠲᠦᠷᠪᠡᠯᠵᠢᠨ ᠮᠧᠲᠷ ᠤᠨ ᠭᠠᠵᠠᠷ ᠭᠠᠷᠭᠠᠨ ᠦᠭᠭᠦ ᠪᠠᠷ ᠴᠢᠷᠮᠠᠶᠢᠵᠦ᠂ ᠮᠠᠯᠴᠢᠳ ᠤᠨ ᠢᠶᠠᠨ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠬᠤ ᠶᠢᠨ ᠬᠠᠮᠳᠤ ᠮᠡᠳᠡᠯᠬᠡ ᠮᠡᠳᠡᠴᠡ ᠶᠢ ᠨᠢ ᠲᠠᠬᠡᠭᠰᠢᠯᠡᠬᠦᠯᠦᠨ᠎ᠠ︾ ᠬᠡᠵᠦ ᠮᠠᠶᠢᠷᠠᠨᠰᠦ᠋ᠮ᠎ᠠ ᠨᠡᠶᠢᠭᠡᠮ ᠲᠤᠭᠤᠷᠢᠬ ᠤᠨ ᠨᠠᠮ ᠤᠨ ᠡᠭᠦᠷ ᠤᠨ ᠱᠦᠵᠢ ᠱᠤᠩᠬᠤᠷ ᠤᠴᠢᠷᠯᠡᠨ᠎ᠠ᠃
   ᠠᠯᠠᠱᠠ ᠪᠠᠷᠠᠭᠤᠨ ᠬᠤᠰᠢᠭᠤᠨ ᠤ ᠪᠠᠳᠠᠢ ᠶᠢᠨ ᠵᠢᠷᠠᠨ ᠪᠠᠯᠭᠠᠰᠤ ᠠᠴᠠ ᠵᠡᠭᠦᠨ ᠬᠤᠶᠢᠰᠢ ᠬᠠᠷᠠᠭ᠎ᠠ ᠠᠯᠳᠠᠮ᠎ᠠ ᠦᠷᠭᠡᠨ ᠭᠤᠪᠢ ᠶᠢ ᠲᠤᠭᠤᠯᠵᠤ᠂ ᠰᠢᠯᠢᠷᠬᠡᠭ ᠭᠠᠵᠠᠷ ᠲᠠᠢ ᠪᠦᠭᠡᠳ ᠠᠭᠤᠯᠠ ᠲᠣᠯᠣᠭᠠᠳ ᠤᠨ ᠲᠥᠰᠢᠭ ᠲᠠᠢ ᠪᠠᠶᠠᠨᠪᠦ᠋ᠭᠡᠷᠡᠭ ᠭᠠᠴᠠᠭᠠᠨ ᠳᠤ ᠬᠦᠷᠬᠦ ᠳᠤ ᠶᠡᠭᠡ ᠴᠡᠭᠡᠨ ᠨᠤᠳᠤᠭ ᠲᠤᠨᠢ ᠲᠡᠮᠡᠭᠡᠨ ᠰᠦᠷᠦᠭ ᠲᠠᠪᠠᠳᠠᠢ ᠢᠳᠡᠰᠢᠯᠡᠵᠤ ᠪᠠᠶᠢᠬᠤ ᠶᠢ ᠬᠠᠷᠠᠭᠠᠳ ᠨᠤᠳᠤᠭ ᠤᠨ ᠲᠡᠮᠡᠭᠡ ᠬᠡᠵᠤ ᠪᠤᠳᠤᠭᠰᠠᠨ ᠮᠠᠨᠢ ᠬᠠᠷᠢᠨ ᠪᠤᠷᠤᠭᠤᠳᠠᠴᠢᠬᠠᠵᠠᠢ᠃ ᠡᠨᠡ ᠲᠠᠮᠡᠬᠡᠳ ᠤᠨ ᠡᠵᠡ ᠨᠢ ᠶᠥᠩ ᠬᠤᠩ ᠪᠠᠶᠢᠭ᠎ᠠ ᠶᠤᠮ᠃ ᠲᠡᠷᠡ ᠨᠣᠲᠤᠭ ᠤᠨ ᠲᠡᠮᠡᠭᠡ ᠮᠠᠯᠵᠢᠵᠤ ᠪᠠᠶᠢᠭᠰᠠᠨ ᠠᠴᠠ ᠪᠠᠨ ᠣᠷᠣᠯᠭ᠎ᠠ ᠪᠠᠨ ᠨᠡᠮᠡᠭᠳᠡᠭᠦᠯᠬᠦ ᠭᠡᠵᠦ ᠲᠡᠮᠡᠭᠡ ᠲᠠᠢ ᠨᠣᠲᠤᠭ ᠪᠣᠯᠭᠠᠨ ᠢᠶᠠᠷ ᠶᠠᠪᠤᠵᠤ᠂ ᠡᠴᠦᠰ ᠲᠡᠭᠡᠨ ᠰᠢᠨᠵᠢᠶᠠᠩ ᠤᠨ ᠢᠩᠭᠡ ᠰᠦ ᠶᠡᠭᠡ ᠭᠠᠷᠳᠠᠭ ᠢ ᠮᠡᠳᠡᠵᠦ᠂ ᠲᠡᠷᠡ ᠬᠤᠯᠠ ᠠᠴᠠ 150 ᠲᠦᠮᠡᠡ ᠲᠦᠬᠦᠷᠢᠭ ᠵᠠᠷᠤᠴᠠᠭᠤᠯᠤᠨ 70 ᠲᠡᠮᠡᠭᠡ ᠲᠡᠭᠡᠭᠡᠵᠦ ᠠᠪᠴᠢᠷᠠᠵᠠᠢ᠃ ᠡᠬᠦᠨ ᠠᠴᠠ ᠬᠤᠶᠢᠰᠢ ᠤᠳᠠᠭ᠎ᠠ ᠲᠠᠷᠠᠭᠠᠯᠠᠨ ᠰᠢᠨᠵᠢᠶᠠᠩ ᠠᠴᠠ ᠲᠡᠮᠡᠭᠡ ᠤᠷᠤᠭᠤᠯᠵᠤ᠂ ᠤᠳᠤ 200 ᠭᠠᠷᠤᠢ ᠲᠡᠮᠡᠭᠡ ᠲᠠᠢ ᠪᠤᠯᠪᠠ᠃ ᠡᠨᠡ ᠵᠢᠯ ᠠᠴᠠ 40 ᠭᠠᠷᠤᠢ ᠢᠩᠭᠡ ᠰᠠᠭᠠᠵᠤ ᠡᠳᠤᠷ ᠪᠦ᠋ᠷᠢ ᠭᠠᠳᠠᠭᠰᠢ ᠪᠠᠨ 110 ᠺᠢᠯᠦᠭᠷᠠᠮ ᠢᠩᠬᠡᠨ ᠰᠦ ᠪᠤᠷᠤᠯᠠᠭᠤᠯᠵᠤ᠂ ᠪᠠᠰᠠ ᠶᠠᠳᠠᠭᠤ ᠬᠦᠴᠢᠷᠳᠡᠯᠳᠡᠢ ᠡᠷᠤᠭᠡ ᠲᠠᠢ ᠬᠠᠮᠳᠤᠷᠠᠨ ᠲᠦᠸᠧ ᠶᠤᠧᠠᠨ ᠲᠠᠷᠢᠵᠤ ᠲᠠᠵᠢᠬᠡᠬᠦ ᠲᠤᠰᠬᠠᠢ ᠬᠤᠷᠰᠢᠶ᠎ᠠ ᠪᠠᠶᠢᠭᠤᠯᠵᠤ᠂ ᠪᠤᠳᠤᠭᠤ ᠲᠠᠢ ᠢᠩᠭᠡ ᠪᠠᠨ ᠦᠭᠴᠤ ᠰᠠᠭᠠᠯᠭᠠᠬᠤ ᠪᠤᠶᠤ ᠵᠤᠭᠤᠰ ᠮᠦᠩᠬᠦ ᠪᠠᠷ ᠲᠤᠰᠠᠯᠠᠨ᠂ ᠪᠠᠶᠠᠵᠢᠯ ᠤᠨ ᠵᠠᠮ ᠢᠶᠠᠷ ᠲᠠᠭᠠᠭᠤᠯᠵᠤ ᠶᠠᠪᠤᠨ᠎ᠠ᠃
   ᠡᠳᠡᠨ ᠤ ᠬᠢᠨ ᠠᠪᠤ ᠳᠡᠭᠡᠳᠦ ᠠᠴᠠ ᠪᠠᠨ ᠡᠨᠡ ᠨᠣᠲᠤᠭ ᠲᠠᠭᠠᠨ ᠮᠠᠯ ᠮᠠᠯᠵᠢᠵᠤ ᠠᠵᠤ ᠲᠦᠷᠦᠭᠰᠡᠭᠡᠷ ᠢᠷᠡᠵᠡᠢ᠃ ᠶᠥᠩ ᠬᠤᠩ ᠤᠨ ᠦᠶ᠎ᠡ ᠳᠡᠭᠡᠷ᠎ᠡ ᠬᠦᠷᠴᠦ ᠢᠷᠡᠬᠦᠯᠡᠷ ᠠᠬ᠎ᠠ ᠳᠡᠭᠦᠦ ᠬᠡᠳᠦᠭᠦᠯᠡ ᠪᠠᠨ ᠪᠦᠷ ᠬᠤᠰᠢᠭᠤ ᠠᠶᠢᠮᠠᠭ ᠢᠶᠠᠷ ᠠᠵᠢᠯ ᠠᠯᠪᠠ ᠲᠠᠢ ᠪᠤᠯᠵᠤ᠂ ᠶᠥᠩ ᠬᠤᠩ ᠴᠦ ᠬᠤᠰᠢᠭᠤᠨ ᠲᠡᠭᠡᠷ᠎ᠠ ᠪᠠᠨ ᠴᠢᠯᠠᠭᠤᠨ ᠤ ᠠᠷᠠᠯᠵᠢᠶ᠎ᠠ ᠬᠢᠵᠤ ᠪᠠᠶᠢᠭᠰᠠᠨ ᠶᠤᠮ᠃ ᠬᠡᠪᠡᠴᠦ ᠮᠠᠯᠵᠢᠬᠤ ᠠᠮᠢᠳᠤᠷᠠᠯ ᠳᠠᠭᠠᠨ ᠠᠷᠭ᠎ᠠ ᠦᠬᠡᠢ ᠬᠠᠶᠢᠷᠠᠳᠠᠢ ᠪᠤᠯᠬᠤᠷ 2016 ᠣᠨ ᠳᠤ ᠬᠦᠳᠡᠭᠡ ᠨᠣᠲᠤᠭ ᠲᠠᠭᠠᠨ ᠪᠤᠴᠠᠨ ᠢᠷᠡᠵᠤ᠂ ᠴᠢᠯᠠᠭᠤᠨ ᠤ ᠠᠷᠠᠯᠵᠢᠶ᠎ᠠ ᠬᠢᠵᠤ ᠤᠯᠤᠭᠰᠠᠨ ᠵᠤᠭᠤᠰ ᠢᠶᠠᠷ ᠢᠶᠠᠨ ᠲᠡᠮᠡᠭᠡ ᠠᠪᠴᠤ᠂ ᠦᠪᠡᠷ ᠤᠨ ᠪᠠ ᠲᠦᠷᠢᠶᠡᠰᠤᠯᠡᠵᠤ ᠠᠪᠤᠭᠰᠠᠨ 11 ᠲᠦᠮᠡᠨ ᠮᠦ ᠪᠡᠯᠴᠢᠭᠡᠷ ᠲᠡᠭᠡᠨ ᠵᠤᠬᠢᠴᠠᠭᠤᠯᠤᠨ ᠮᠠᠯᠵᠢᠵᠤ ᠪᠤᠢ᠃ ᠤᠳᠤ ᠶᠦᠩ ᠬᠤᠩ ᠤᠨ ᠬᠢᠨ ᠤ ᠵᠢᠯ ᠤᠨ ᠤᠷᠤᠯᠭ᠎ᠠ 100 ᠲᠦᠮᠡᠨ ᠲᠦᠬᠦᠷᠢᠭ ᠢ ᠲᠠᠪᠠᠵᠤ᠂ ᠬᠤᠳᠠ ᠤᠰᠤᠨ ᠤ ᠪᠠᠨ ᠤᠳᠤ ᠦᠶ᠎ᠠ ᠶᠢᠨ ᠲᠠᠮᠡᠬᠡᠨ ᠤ ᠦᠢᠯᠡᠰ ᠢ ᠬᠦᠭᠵᠢᠬᠦᠯᠬᠦ ᠲᠠᠭᠠᠭᠤᠯᠤᠭᠴᠢ ᠪᠠᠷ ᠬᠢᠯᠠᠷᠠᠭᠤᠯᠵᠤ ᠶᠠᠪᠤᠨ᠎ᠠ᠃ ᠰᠤᠷᠪᠤᠯᠵᠢᠯᠠᠭ᠎ᠠ ᠶᠢᠨ ᠲᠤᠭᠤᠢᠢᠯ



  
     
     