-
35804
2025-06-13 22:38
0
0
ᠪᠥᠭᠡᠷᠡᠨ ᠱᠤᠱᠠ
ᠲᠤᠰ ᠡᠮ ᠪᠣᠯ ᠪᠤᠷᠴᠠᠭ ᠤ᠋ᠨ ᠢᠵᠠᠭᠤᠷ ᠤ᠋ᠨ ᠤᠷᠭᠤᠮᠠᠯ ᠪᠣᠯᠬᠤ ᠰᠡᠯᠡᠮ᠎ᠡ ᠪᠤᠷᠴᠠᠭ ᠤ᠋ᠨ ᠬᠠᠲᠠᠭᠠᠭᠰᠠᠨ ᠪᠣᠯᠪᠠᠰᠤᠷᠠᠮᠠᠯ ᠦᠷ᠎ᠡ ᠮᠥᠨ᠃ ᠪᠠᠰᠠ ᠺᠠᠯᠮᠠᠱᠤᠱᠠ ᠭᠡᠳᠡᠭ᠃
[ᠤᠤᠯ ᠤᠷᠭᠤᠮᠠᠯ] ᠨᠢᠭᠡ ᠨᠠᠰᠤᠲᠤ ᠣᠷᠢᠶᠠᠵᠤ ᠤᠷᠭᠤᠬᠤ ᠡᠪᠡᠰᠦᠯᠢᠭ ᠤᠷᠭᠤᠮᠠᠯ᠃ ᠡᠰᠢᠨ ᠳ᠋ᠦ᠍ᠨᠢ ᠦᠰᠦ ᠦᠭᠡᠢ᠃ ᠭᠤᠷᠪᠠᠳᠠᠭᠰᠠᠨ ᠨᠡᠢᠯᠡᠮᠡᠯ ᠨᠠᠪᠴᠢ ᠲᠠᠢ᠂ ᠨᠠᠪᠴᠢᠨ ᠪᠠᠷᠢᠭᠤᠯ ᠨᠢ8~12cm ᠤᠷᠲᠤ᠃ ᠵᠢᠵᠢᠭ ᠨᠠᠪᠴᠢᠨ ᠢᠯᠲᠠᠰᠤ ᠨᠢ ᠥᠷᠭᠡᠨ ᠥᠨᠳᠡᠭᠡᠯᠵᠢᠨ ᠪᠤᠶᠤ ᠥᠨᠳᠡᠭᠡᠯᠵᠢᠨ ᠤᠷᠲᠤ ᠵᠤᠤᠪᠠᠩ ᠲᠣᠭᠣᠷᠢᠭ ᠬᠡᠯᠪᠡᠷᠢ ᠲᠡᠢ᠂8~20cm ᠤᠷᠲᠤ᠂5~16сm ᠥᠷᠭᠡᠨ᠂ ᠪᠦᠲᠦᠨ ᠬᠥᠪᠡᠭᠡ ᠲᠡᠢ᠃ ᠴᠠᠴᠤᠭ ᠬᠡᠯᠪᠡᠷᠢᠲᠦ ᠪᠠᠭ ᠴᠡᠴᠡᠭ ᠨᠢ ᠨᠠᠪᠴᠢᠨ ᠤ᠋ ᠥᠪᠥᠷ ᠲᠦ᠍ ᠳᠡᠯᠭᠡᠷᠡᠨ᠎ᠡ᠃ ᠴᠡᠴᠡᠭ ᠨᠢ ᠰᠡᠢᠷᠡᠭ᠂ ᠣᠬᠣᠷ ᠪᠠᠷᠢᠭᠤᠯ ᠲᠠᠢ᠂ ᠴᠡᠴᠡᠭ ᠦ᠋ᠨ ᠲᠣᠭᠳᠣᠢ ᠨᠢ2 ᠤᠷᠤᠭᠤᠯ ᠬᠡᠯᠪᠡᠷᠢ ᠲᠡᠢ᠂ ᠳᠡᠭᠡᠳᠦ ᠤᠷᠤᠭᠤᠯ ᠨᠢ ᠲᠣᠮᠣ2 ᠣᠨᠢ ᠲᠠᠢ᠂ ᠳᠣᠣᠷᠠᠲᠤ ᠤᠷᠤᠭᠤᠯ ᠨᠢ3 ᠬᠡᠷᠴᠢᠶᠡᠰᠦ ᠲᠡᠢ᠂ ᠥᠨᠳᠡᠭᠡᠯᠵᠢᠨ ᠬᠡᠯᠪᠡᠷᠢ ᠲᠡᠢ᠂ ᠴᠡᠴᠡᠭ ᠦ᠋ᠨ ᠳᠡᠯᠪᠢ ᠨᠢ ᠭᠦᠢᠬᠡᠨ ᠤᠯᠠᠭᠠᠨ ᠪᠤᠶᠤ ᠭᠦᠢᠬᠡᠨ ᠪᠣᠷᠣ ᠡᠷᠪᠡᠬᠡᠢ ᠬᠡᠯᠪᠡᠷᠢ ᠲᠡᠢ᠂3~4cm ᠤᠷᠲᠤ᠂ ᠳᠠᠯᠪᠠᠭ᠎ᠠ ᠬᠡᠯᠲᠡᠰ ᠨᠢ ᠲᠣᠭᠣᠷᠢᠭ ᠬᠡᠯᠪᠡᠷᠢ ᠲᠡᠢ᠂ ᠰᠡᠯᠢᠭᠦᠷ ᠬᠡᠯᠲᠡᠰ ᠨᠢ ᠨᠡᠯᠢᠶᠡᠳ ᠣᠬᠣᠷ᠂ ᠵᠠᠪᠢ ᠬᠡᠯᠲᠡᠰ ᠲᠡᠢ ᠪᠡᠨ ᠲᠡᠩᠴᠡᠭᠦᠦ ᠰᠢᠤᠬᠠᠨ᠂ ᠵᠠᠪᠢ ᠬᠡᠯᠲᠡᠰ ᠨᠢ ᠮᠤᠷᠤᠢ᠂10 ᠡᠷ᠎ᠡ ᠲᠣᠭᠣᠷᠴᠣᠭ ᠨᠢ ᠨᠡᠢᠯᠡᠵᠦ ᠭᠠᠭᠴᠠ ᠪᠡᠶᠡᠲᠦ ᠪᠣᠯᠳᠠᠭ᠃ ᠤᠮᠠᠢ ᠨᠢ ᠣᠬᠣᠷ ᠪᠠᠷᠢᠭᠤᠯ ᠲᠠᠢ᠃ ᠪᠤᠷᠴᠠᠭ ᠵᠢᠮᠢᠰ ᠨᠢ ᠲᠣᠮᠣ ᠪᠥᠭᠡᠳ ᠬᠠᠪᠲᠠᠭᠠᠢ᠃10~30cm ᠤᠷᠲᠤ᠂ ᠳ᠋ᠢᠶᠠᠮᠧᠲ᠋ᠷ ᠨᠢ3~5cm᠂ ᠬᠡᠪᠲᠡᠭᠡ ᠤᠷᠭᠤᠭᠰᠠᠨ ᠣᠬᠣᠷ ᠨᠠᠷᠢᠨ ᠦᠰᠦ ᠲᠡᠢ᠂ ᠬᠥᠪᠡᠭᠡ ᠪᠡᠷ ᠨᠢ ᠭᠦᠷᠪᠡᠢᠭᠰᠡᠨ ᠨᠢᠷᠤᠭᠤ ᠲᠠᠢ᠂ ᠦᠵᠦᠭᠦᠷ ᠨᠢ ᠮᠤᠷᠤᠢᠭᠠᠳ ᠭᠣᠬ᠎ᠠ ᠰᠢᠭ᠋ ᠪᠣᠯᠳᠠᠭ᠂ ᠳᠣᠲᠣᠷ᠎ᠠ ᠨᠢ10~14 ᠮᠥᠬᠥᠯᠢᠭ ᠦᠷ᠎ᠡ ᠲᠡᠢ᠃ ᠦᠷ᠎ᠡ ᠨᠢ ᠶᠠᠭᠠᠨ ᠤᠯᠠᠭᠠᠨ ᠪᠤᠶᠤ ᠤᠯᠠᠭᠠᠨ ᠥᠩᠭᠡ ᠲᠡᠢ᠂ ᠦᠷ᠎ᠡ ᠶ᠋ᠢᠨ ᠬᠦᠢᠰ ᠨᠢ ᠪᠦᠬᠦ ᠤᠷᠲᠤ ᠶ᠋ᠢᠨ3/4 ᠬᠤᠪᠢ ᠣᠷᠴᠢᠮ ᠢ᠋ ᠡᠵᠡᠯᠡᠨ᠎ᠡ᠃ ᠬᠠᠪᠲᠠᠭᠠᠢ ᠮᠥᠷᠲᠡᠭᠡᠨ ᠭᠥᠯᠢᠭᠡᠷ 6~7 ᠳ᠋ᠤᠭᠠᠷ ᠰᠠᠷ᠎ᠠ ᠳ᠋ᠤ᠌ ᠴᠡᠴᠡᠭᠯᠡᠵᠦ᠂8~10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠠᠭᠤᠷ ᠠᠮᠢᠰᠬᠤᠯ ᠳᠤᠯᠠᠭᠠᠨ ᠣᠷᠣᠨ ᠳ᠋ᠤ᠌ ᠠᠷᠠᠴᠢᠯᠠᠨ ᠲᠠᠷᠢᠵᠤ ᠪᠣᠢ᠃ ᠵᠢᠶᠠᠩᠰᠦ᠂ ᠠᠨᠾᠥ᠋ᠢ᠂ ᠵᠧᠵᠢᠶᠠᠩ᠂ ᠵᠢᠶᠠᠩᠰᠢ᠂ ᠲᠠᠢᠸᠠᠨ᠂ ᠬᠤᠪᠧᠢ᠂ ᠬᠤᠨᠠᠨ᠂ ᠭᠤᠸᠠᠩᠳᠥ᠋ᠩ᠂ᠭᠤᠸᠠᠩᠰᠢ᠂ ᠱᠠᠨᠰᠢ᠂ ᠰᠧᠴᠤᠸᠠᠨ᠂ ᠵᠡᠷᠭᠡ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠨᠠᠮᠤᠷ ᠦᠷ᠎ᠡ ᠨᠢ ᠪᠣᠯᠪᠠᠰᠤᠷᠠᠭᠰᠠᠨ ᠦᠶ᠎ᠡ ᠳ᠋ᠦ᠍ ᠵᠢᠮᠢᠰ ᠢ᠋ ᠨᠢ ᠲᠡᠭᠦᠵᠦ ᠨᠠᠷᠠᠨ ᠳ᠋ᠤ᠌ ᠬᠠᠲᠠᠭᠠᠭᠠᠳ᠂ ᠦᠷ᠎ᠡ ᠶ᠋ᠢ ᠨᠢ ᠭᠦᠪᠢᠵᠦ ᠠᠪᠬᠤ ᠪᠤᠶᠤ ᠦᠷ᠎ᠡ ᠶ᠋ᠢ ᠨᠢ ᠭᠠᠷᠭᠠᠵᠤ ᠠᠪᠤᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ᠃ ᠪᠦᠯᠢᠶᠡᠨ ᠴᠢᠨᠠᠷ ᠲᠠᠢ᠃ ᠲᠣᠰᠣᠯᠢᠭ᠂ ᠡᠶᠡᠯᠳᠡᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠪᠥᠭᠡᠷᠡᠨ ᠦ᠌ ᠲᠠᠮᠢᠷ ᠢ᠋ ᠰᠠᠢᠵᠢᠷᠠᠭᠤᠯᠬᠤ᠂ ᠪᠥᠭᠡᠷᠡᠨ ᠦ᠌ ᠬᠠᠯᠠᠭᠤᠨ ᠢ᠋ ᠠᠷᠢᠯᠭᠠᠬᠤ ᠴᠢᠳᠠᠯ ᠲᠠᠢ᠃ ᠭᠣᠣᠯᠳᠠᠭᠤ ᠪᠥᠭᠡᠷ᠎ᠡ ᠪᠠᠷᠳᠠᠵᠤ ᠳᠣᠷᠭᠢᠭᠰᠠᠨ᠂ ᠪᠥᠭᠡᠷᠡᠨ ᠲᠠᠮᠢᠷ ᠳᠣᠷᠣᠢᠲᠠᠵᠤ ᠬᠥᠯ ᠨᠢᠷᠤᠭᠤ ᠡᠪᠡᠳᠬᠦ᠂ ᠪᠥᠭᠡᠷᠡᠨ ᠦ᠌ ᠬᠠᠯᠠᠭᠤᠨ ᠬᠦᠢᠲᠡᠨ ᠡᠪᠡᠳᠴᠢᠨ᠂ ᠪᠥᠭᠡᠷᠡᠨ ᠦ᠌ ᠬᠡᠷᠦᠬᠦ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄刀豆
ᠠᠩᠭ᠌ᠯᠢ ᠨᠡᠷ᠎ᠡ᠄Canaʊalia gladiata (jiaq.) DC.