 

ᠬᠤᠳᠠᠯᠳᠤᠭ᠎ᠠ ᠡᠷᠬᠢᠯᠡᠬᠦ ᠤᠷᠴᠢᠨ ᠨᠦᠬᠦᠴᠠᠯ ᠢ ᠦᠷᠬᠦᠯᠵᠢᠯᠠᠨ ᠰᠠᠶᠢᠵᠢᠷᠠᠭᠤᠯᠤᠨ᠎ᠠ

2019-11-01 19:40
  191
  0
ᠮᠠᠨ ᠤ ᠤᠯᠤᠰ ᠪᠦᠬᠦ ᠤᠯᠤᠰ ᠤᠨ ᠬᠡᠪᠴᠢᠶᠠᠨ ᠤ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠠᠯ ᠢ ᠦᠷᠬᠦᠯᠵᠢᠯᠠᠨ ᠰᠠᠶᠢᠵᠢᠷᠠᠭᠤᠯᠤᠨ᠎ᠠ

   ᠰᠢᠨᠬᠤᠸᠠ ᠬᠤᠷᠢᠶᠠᠨ ᠤ ᠪᠡᠬᠡᠵᠢᠩ ᠤᠨ 10 ᠰᠠᠷ᠎ᠠ ᠶᠢᠨ 28 ᠤ ᠴᠠᠬᠢᠯᠭᠠᠨ ᠮᠡᠳᠡᠭᠡ ᠠᠴᠠ ︵ᠰᠤᠷᠪᠤᠯᠵᠢᠯᠠᠬᠴᠢ ᠠᠨ ᠪᠸᠢ ᠸᠠᠩ ᠢᠤᠢ ᠰᠢᠶᠤᠤ︶ ᠤᠯᠤᠰ ᠤᠨ ᠬᠦᠭᠵᠢᠬᠦᠯᠤᠯᠳᠠ ᠪᠠ ᠦᠬᠡᠷᠡᠴᠢᠯᠠᠯᠳᠠ ᠶᠢᠨ ᠵᠦᠪᠯᠡᠯ ᠤᠨ ᠲᠡᠳ᠋ ᠡᠷᠬᠢᠯᠡᠭᠴᠢ ᠯᠢᠨ ᠨᠢᠶᠠᠨ ᠰᠢᠦ 28 ᠤ ᠡᠳᠤᠷ᠂ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠠᠯ ᠢ ᠰᠢᠯᠢᠳᠡᠭᠵᠢᠬᠦᠯᠬᠦ ᠪᠤᠯ ᠭᠠᠳᠠᠭᠠᠳᠤ ᠨᠡᠬᠡᠬᠡᠯᠳᠠ ᠶᠢ ᠤᠯᠠᠮ ᠴᠢᠨᠠᠬᠰᠢᠳᠠ ᠦᠷᠬᠡᠳᠬᠡᠵᠤ᠂ ᠨᠡᠩ ᠲᠡᠭᠡᠳᠦ ᠲᠡᠰ ᠤᠨ ᠨᠡᠬᠡᠬᠡᠯᠳᠡᠳᠤ ᠮᠠᠶ᠋ᠢᠬ ᠤᠨ ᠠᠵᠤ ᠠᠬᠤᠢ ᠶᠢ ᠬᠦᠭᠵᠢᠬᠦᠯᠬᠦ ᠴᠢᠬᠤᠯᠠ ᠪᠠᠳᠤᠯᠠᠭ᠎ᠠ ᠪᠤᠯᠤᠨ᠎ᠠ᠂ ᠦᠬᠡᠷᠡᠴᠢᠯᠠᠯᠳᠠ ᠶᠢ ᠤᠯᠠᠮ ᠴᠢᠨᠠᠬᠰᠢᠳᠠ ᠬᠦᠨᠵᠡᠬᠡᠶᠢᠷᠡᠬᠦᠯᠵᠤ᠂ ︽ᠲᠠᠯᠪᠢᠬᠤ ᠬᠠᠮᠢᠶᠠᠷᠬᠤ ᠤᠢᠢᠯᠡᠴᠢᠯᠡᠬᠦ︾ ᠦᠬᠡᠷᠡᠴᠢᠯᠠᠯᠳᠠ ᠶᠢ ᠬᠦᠨᠵᠡᠬᠡᠶᠢᠷᠡᠬᠦᠯᠬᠦ᠂ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠠᠯ ᠤᠨ ᠦᠬᠡᠷᠡᠴᠢᠯᠠᠯᠳᠠ ᠶᠢ ᠰᠢᠯᠢᠳᠡᠭᠵᠢᠬᠦᠯᠬᠦ ᠡᠯ᠎ᠠ ᠵᠦᠢᠯ ᠤᠨ ᠠᠵᠢᠯ ᠢ ᠪᠤᠳᠠᠳᠠᠢ ᠴᠢᠩᠭ᠎ᠠ ᠠᠳᠬᠤᠵᠤ᠂ ᠪᠦᠬᠦ ᠤᠯᠤᠰ ᠤᠨ ᠬᠡᠪᠴᠢᠶᠠᠨ ᠤ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠠᠯ ᠢ ᠦᠷᠬᠦᠯᠵᠢᠯᠠᠨ ᠰᠠᠶᠢᠵᠢᠷᠠᠭᠤᠯᠬᠤ ᠶᠢ ᠠᠬᠢᠭᠤᠯᠬᠤ ᠭᠡᠷᠡᠭᠳᠠᠢ ᠬᠡᠵᠤ ᠢᠯᠡᠳᠬᠡᠵᠡᠢ᠃
   ᠲᠤᠰ ᠡᠳᠤᠷ ᠬᠢᠭᠰᠡᠨ ᠪᠦᠬᠦ ᠤᠯᠤᠰ ᠤᠨ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠠᠯ ᠢ ᠰᠢᠯᠢᠳᠡᠭᠵᠢᠬᠦᠯᠬᠦ ᠲᠤᠷᠰᠢᠯᠭ᠎ᠠ ᠰᠤᠯᠢᠯᠴᠠᠬᠤ ᠲᠤᠬᠠᠢ ᠶᠢᠨ ᠭᠠᠵᠠᠷ ᠤᠨ ᠬᠤᠷᠠᠯ ᠲᠡᠭᠡᠷ᠎ᠠ᠂ ᠯᠢᠨ ᠨᠢᠶᠠᠨ ᠰᠢᠦ᠂ ᠵᠠᠬ᠎ᠠ ᠲᠡᠯᠬᠡᠬᠦᠷᠵᠢᠯᠳᠠ᠂ ᠬᠠᠤᠯᠢᠵᠢᠯ᠂ ᠲᠡᠯᠡᠬᠡᠶᠢᠵᠢᠯ ᠤᠨ ᠲᠡᠷᠢᠬᠦᠨ ᠵᠡᠷᠭᠡ ᠶᠢᠨ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠠᠯ ᠨᠢ ᠪᠢᠴᠢᠯ ᠭᠤᠤᠯ ᠴᠤᠬᠴᠠ ᠶᠢᠨ ᠠᠮᠢᠵᠢᠷᠠᠯ ᠤᠨ ᠬᠦᠴᠤᠨ ᠢ ᠴᠢᠩᠭᠠᠳᠬᠠᠬᠤ᠂ ᠵᠠᠰᠠᠬ ᠤᠨ ᠤᠷᠳᠤᠨ ᠤ ᠵᠠᠰᠠᠯᠳᠠ ᠶᠢᠨ ᠴᠢᠳᠠᠪᠤᠷᠢ ᠶᠢ ᠲᠡᠭᠡᠭᠰᠢᠯᠡᠬᠦᠯᠬᠦ᠂ ᠨᠡᠩ ᠦᠨᠳᠤᠷ ᠲᠦᠪᠰᠢᠨ ᠲᠠᠢ ᠭᠠᠳᠠᠭᠠᠳᠤ ᠨᠡᠬᠡᠬᠡᠯᠳᠠ ᠶᠢ ᠠᠬᠢᠭᠤᠯᠬᠤ ᠳᠤ ᠴᠢᠬᠤᠯᠠ ᠶᠡᠭᠡ ᠠᠴᠢ ᠬᠤᠯᠪᠤᠬᠳᠠᠯ ᠲᠠᠢ ᠶᠤᠮ᠃ ᠲᠦᠷᠢᠮ ᠤᠨ ᠪᠠᠶᠢᠭᠤᠯᠤᠯᠳᠠ ᠪᠤᠯᠤᠨ ᠲᠦᠷᠢᠮ ᠤᠨ ᠭᠡᠷᠡᠭᠵᠢᠬᠦᠯᠤᠯᠳᠠ ᠶᠢ ᠴᠢᠩᠭᠠᠳᠬᠠᠵᠤ᠂ ᠬᠠᠤᠯᠢᠵᠢᠯ ᠢᠶᠠᠷ ᠵᠠᠰᠠᠬ ᠤᠨ ᠤᠷᠳᠤᠨ ᠪᠤᠯᠤᠨ ᠵᠠᠬ᠎ᠠ ᠲᠡᠯᠬᠡᠬᠦᠷ ᠤᠨ ᠵᠠᠭᠠᠬ ᠢ ᠵᠢᠷᠤᠮᠵᠢᠭᠤᠯᠵᠤ᠂ ᠬᠤᠳᠠᠯᠳᠤᠭ᠎ᠠ ᠡᠷᠬᠢᠯᠡᠬᠦ ᠲᠦᠬᠦᠮᠴᠢᠯᠠᠯᠳᠠ ᠶᠢ ᠬᠢᠵᠠᠭᠠᠷᠯᠠᠵᠤ ᠪᠠᠶᠢᠭ᠎ᠠ ᠲᠦᠭᠵᠢᠷᠠᠯ ᠢ ᠰᠢᠯᠤᠭᠤᠳᠬᠠᠵᠤ᠂ ᠵᠠᠬ᠎ᠠ ᠲᠡᠯᠬᠡᠬᠦᠷ ᠤᠨ ᠭᠤᠤᠯ ᠴᠤᠬᠴᠠ ᠶᠢᠨ ᠪᠡᠯᠡ ᠤᠷᠤᠭᠤᠯᠵᠤ ᠠᠵᠤ ᠤᠢᠢᠯᠡᠰ ᠢᠶᠠᠨ ᠬᠦᠭᠵᠢᠬᠦᠯᠬᠦ ᠳᠤ ᠨᠡᠩ ᠲᠤᠬᠳᠠᠭᠤᠨ᠂ ᠡᠷᠬᠡ ᠲᠡᠭᠰᠢ᠂ ᠢᠯᠠ᠂ ᠵᠢᠱᠢᠵᠤ ᠮᠡᠳᠡᠬᠦ ᠰᠠᠶᠢᠨ ᠰᠠᠶᠢᠬᠠᠨ ᠤᠷᠴᠢᠨ ᠨᠦᠬᠦᠴᠠᠯ ᠢ ᠴᠢᠷᠮᠠᠶᠢᠨ ᠪᠦᠷᠢᠯᠳᠤᠬᠦᠯᠵᠤ ᠦᠭᠬᠦ ᠭᠡᠷᠡᠭᠳᠠᠢ ᠬᠡᠵᠤ ᠵᠢᠭᠠᠵᠤ ᠭᠠᠷᠭᠠᠪᠠ᠃
   ᠲᠡᠯᠡᠭᠡᠢ ᠶᠢᠨ ᠪᠠᠩᠭᠢ ᠶᠢᠨ ᠡᠮᠤᠨᠡᠭᠡᠨ ᠨᠡᠶᠢᠳᠡᠯᠡᠭᠰᠡᠨ ︽ᠪᠦᠬᠦ ᠪᠦᠮᠪᠦᠷᠴᠡᠭ ᠤᠨ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠤᠨ ᠮᠡᠳᠡᠬᠦᠯᠦᠯᠳᠠ 2020︾ ᠳᠤ ᠢᠯᠡᠷᠡᠭᠦᠯᠦᠭᠰᠡᠨ ᠢᠶᠠᠷ᠂ ᠲᠤᠮᠳᠠᠳᠤ ᠤᠯᠤᠰ ᠤᠨ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠤᠨ ᠪᠦᠬᠦ ᠪᠦᠮᠪᠦᠷᠴᠡᠭ ᠤᠨ ᠨᠠᠷᠠᠰ ᠤᠨ ᠵᠢᠬᠰᠠᠭᠠᠯᠳᠠ 78 ᠳ᠋ᠤᠭᠠᠷ ᠲᠤ ᠵᠢᠬᠰᠠᠭᠠᠬᠳᠠᠵᠤ ᠪᠠᠶᠢᠬᠰᠠᠨ ᠠᠴᠠ 46 ᠳ᠋ᠤᠭᠠᠷ ᠲᠤ ᠵᠢᠬᠰᠠᠭᠠᠬᠳᠠᠬᠤ ᠪᠤᠯᠤᠨ ᠲᠡᠭᠡᠭᠰᠢᠯᠡᠵᠤ᠂ ᠡᠨᠡ ᠵᠢᠯ ᠲᠠᠬᠢᠭᠠᠳ 31 ᠳ᠋ᠤᠭᠡᠷ ᠲᠤ ᠵᠢᠬᠰᠠᠭᠠᠬᠳᠠᠬᠤ ᠪᠤᠯᠵᠤ᠂ ᠪᠦᠬᠦ ᠪᠦᠮᠪᠦᠷᠴᠡᠭ ᠤᠨ ᠲᠦᠷᠦᠭᠦᠦ 40 ᠳᠤ ᠤᠷᠤᠵᠤ᠂ ᠬᠤᠶᠠᠷ ᠵᠢᠯ ᠲᠠᠷᠠᠭᠠᠯᠠᠨ ᠪᠦᠬᠦ ᠪᠦᠮᠪᠦᠷᠴᠡᠭ ᠤᠨ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠤᠨ ᠰᠠᠶᠢᠵᠢᠷᠠᠯᠳᠠ ᠶᠢᠨ ᠬᠡᠪᠴᠢᠶ᠎ᠡ ᠪᠠᠷ ᠬᠠᠮᠤᠭ ᠤᠨ ᠶᠡᠭᠡ ᠠᠷᠪᠡᠨ ᠲᠤᠮᠤ ᠠᠵᠤ ᠠᠬᠤᠢ ᠶᠢᠨ ᠴᠤᠬᠴᠠ ᠳᠤ ᠤᠷᠤᠪᠠ᠃
   ᠯᠢᠨ ᠨᠢᠶᠠᠨ ᠰᠢᠤ᠂ ᠬᠠᠮᠵᠢᠯᠴᠠᠬᠰᠡᠨ ᠦᠨᠳᠦᠷ ᠪᠦᠳᠦᠮᠵᠢᠳᠠᠢ ᠬᠠᠮᠳᠤ ᠪᠠᠷ ᠵᠠᠰᠠᠬᠤ ᠪᠠᠶᠢᠭᠤᠯᠤᠮᠵᠢ ᠲᠤᠬᠳᠠᠴᠠ ᠶᠢ ᠬᠦᠴᠦᠯᠠᠨ ᠪᠠᠶᠢᠭᠤᠯᠵᠤ᠂ ᠲᠦᠪ ᠭᠤᠤᠯᠴᠢ ᠨᠡᠭᠡᠭᠡᠯᠳᠠᠳᠠᠢ ᠢᠯᠡ ᠲᠤᠳᠤ ᠵᠠᠬ᠎ᠠ ᠲᠡᠯᠭᠡᠬᠦᠷ ᠤᠨ ᠲᠦᠷᠢᠮ ᠢ ᠪᠠᠶᠢᠭᠤᠯᠤᠨ ᠪᠦᠷᠢᠨᠰᠢᠬᠦᠯᠵᠤ᠂ ᠲᠦᠭᠡᠮᠡᠯ ᠠᠰᠢᠭ ᠬᠦᠷᠳᠡᠭᠡᠵᠤ ᠲᠡᠩᠴᠡᠭᠦᠷᠢᠳᠠᠢ ᠪᠠᠶᠢᠯᠭᠠᠬᠤ᠂ ᠲᠦᠬᠦᠮ ᠲᠦᠳᠠ ᠦᠨᠳᠦᠷ ᠪᠦᠳᠦᠮᠵᠢᠳᠠᠢ ᠪᠠᠶᠢᠬᠤ᠂ ᠤᠶᠤᠨᠴᠢ ᠨᠠᠷᠢᠯᠢᠭ ᠤᠨᠤᠪᠴᠢᠳᠠᠢ ᠪᠠᠶᠢᠬᠤ ᠤᠯᠠᠨ ᠨᠡᠶᠢᠳᠠ ᠶᠢᠨ ᠦᠢᠯᠡᠴᠢᠯᠡᠭᠡ ᠶᠢ ᠬᠠᠨᠭ᠍ᠭᠠᠵᠤ᠂ ᠦᠭᠡᠷᠡᠴᠢᠯᠡᠯᠳᠠ ᠶᠢ ᠬᠦᠨᠵᠡᠭᠡᠶᠢᠷᠠᠬᠦᠯᠵᠤ᠂ ᠬᠠᠤᠯᠢᠵᠢᠯ ᠤᠨ ᠪᠠᠳᠤᠯᠠᠭ᠎ᠠ ᠶᠢ ᠴᠢᠩᠭᠠᠳᠬᠠᠵᠤ᠂ ᠪᠦᠬᠦ ᠤᠯᠤᠰ ᠤᠨ ᠬᠡᠪᠴᠢᠶᠠᠨ ᠤ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠢ ᠶᠡᠭᠡ ᠪᠠᠷ ᠲᠡᠭᠡᠭᠰᠢᠯᠡᠬᠦᠯᠬᠦ ᠶᠢ ᠬᠦᠴᠦᠯᠡᠨ ᠠᠬᠢᠭᠤᠯᠬᠤ ᠭᠡᠷᠡᠭᠳᠠᠢ ᠭᠡᠵᠤ ᠴᠢᠬᠤᠯᠠᠴᠢᠯᠠᠪᠠ᠃



  
     
     