

ᠵᠠᠩᠭᠠᠷ ᠲᠠᠬᠢ ᠴᠤᠯᠨ ᠬᠡᠷᠬᠡᠮ ᠢ ᠾᠦᠩᠨᠦ ᠴᠤᠯᠨ ᠬᠡᠷᠬᠡᠮ ᠲᠠᠢ ᠬᠠᠷᠢᠴᠠᠭᠤᠯᠬᠤ ᠨᠢ

2019-04-10 15:37
  1108
  0
  ᠵᠠᠩᠭᠠᠷ ᠲᠠᠬᠢ ᠴᠤᠯᠨ ᠬᠡᠷᠬᠡᠮ ᠢ ᠾᠦᠩᠨᠦ ᠴᠤᠯᠨ ᠬᠡᠷᠬᠡᠮ ᠲᠠᠢ ᠬᠠᠷᠢᠴᠠᠭᠤᠯᠬᠤ ᠨᠢ         

         
  ᠲᠤᠪᠴᠢ ᠠᠭᠤᠯᠭ᠎ᠠ᠄ ᠾᠦᠩᠨᠦ ᠶᠢᠨ ᠲᠤᠬᠠᠢ ᠡᠷᠲᠡᠨ ‍ᠣ ᠬᠢᠲᠠᠳ ᠰᠤᠷᠪᠤᠯᠵᠢ ᠳᠤ ᠲᠤᠯᠭᠤᠷᠢᠯᠠᠨ᠂ ᠲᠤᠤᠯᠢ ᠵᠠᠩᠭᠠᠷ ᠲᠠᠬᠢ ᠴᠤᠯᠨ ᠬᠡᠷᠬᠡᠮ ᠢ ᠾᠦᠩᠨᠦ ᠶᠢᠨ ᠴᠤᠯᠨ ᠬᠡᠷᠬᠡᠮ ᠲᠠᠢ ᠳᠦᠬᠦᠮ ᠬᠠᠷᠢᠴᠠᠭᠤᠯᠤᠨ ᠦᠵᠡᠭᠰᠡᠨ ᠪᠤᠯᠤᠨ᠎ᠠ᠃         
  ᠲᠦᠯᠬᠢᠭᠦᠷ ᠦᠬᠡ᠄ ᠵᠠᠩᠭᠠᠷ᠂ ᠬᠤᠩᠭᠤᠷ᠂ ᠠᠷᠰᠯᠠᠨ᠂ ᠪᠤᠳᠤᠩ᠂ ᠨᠤᠶᠠᠨ᠂ ᠠᠯᠳᠠᠷ᠂ ᠲᠤᠷᠴᠨ᠂ ᠮᠡᠷᠭᠡᠨ᠃      
         
  ᠲᠤᠤᠯᠢ ᠵᠠᠩᠭᠠᠷ ᠲᠤ ᠭᠠᠷᠬᠤ ᠵᠠᠩᠭᠠᠷ᠂ ᠬᠤᠩᠭᠤᠷ᠂ ᠠᠷᠰᠯᠠᠨ᠂ ᠪᠤᠳᠤᠩ᠂ ᠨᠤᠶᠠᠨ᠂ ᠠᠯᠳᠠᠷ᠂ ᠲᠤᠷᠴᠨ᠂ ᠮᠡᠷᠭᠡᠨ ᠭᠡᠵᠤ ᠮᠠᠰᠢ ᠡᠷᠲᠡᠨ ‍ᠣ ᠦᠬᠡ ᠪᠦᠭᠡᠳ ᠵᠠᠷᠢᠮ ᠤᠨ ᠬᠢᠨᠢ ᠤᠳᠬ᠎ᠠ ᠶᠢ ᠨᠢ ᠭᠠᠷᠭᠠᠵᠤ ᠴᠢᠳᠠᠬᠤ ᠦᠬᠡᠢ ᠪᠠᠢᠭᠰᠠᠭᠠᠷ ᠦᠨᠦ ᠬᠦᠷᠴᠠᠢ᠃ ᠡᠳᠡᠭᠡᠷ ᠦᠭᠡᠰ  ᠨᠢ ᠴᠤᠯᠨ ᠬᠡᠷᠬᠡᠮ ᠢ ᠵᠢᠭᠠᠳᠠᠭ ᠪᠦᠭᠡᠳ ᠴᠢᠩᠬᠢᠰ ᠦᠨ ᠦᠶ᠎ᠡ᠂ ᠳᠦᠷᠪᠠᠨ ᠤᠢᠷᠠᠳ ᠤᠨ ᠬᠤᠯᠪᠤᠭᠠᠨ ‍ᠣ ᠦᠶ᠎ᠡ ᠶᠢᠨ ᠴᠤᠯᠨ ᠬᠡᠷᠬᠡᠮ ᠡᠴᠡ ᠦᠬᠡᠷ᠎ᠠ ᠪᠠᠢᠨ᠎ᠠ᠃ ᠡᠷᠲᠡᠨ ‍ᠣ ᠬᠢᠲᠠᠳ ᠤᠨ ᠲᠡᠥᠬᠡᠨ ᠰᠤᠷᠪᠤᠯᠵᠢ ᠳᠠᠬᠢ ᠾᠦᠩᠨᠦ ᠶᠢᠨ ᠬᠡᠷᠬᠡᠮ ᠴᠤᠯᠨ ᠯᠤᠭ᠎ᠠ ᠬᠠᠷᠢᠴᠠᠭᠤᠯᠵᠤ ᠦᠵᠡᠪᠠᠰᠤ᠂ ᠰᠤᠨᠢᠷᠬᠠᠯᠲᠠᠢ ᠵᠦᠢᠯ ᠬᠠᠷᠠᠭᠳᠠᠨ᠎ᠠ᠃    
     
 ᠨᠢᠬᠡ᠂ 单于 ᠪᠤᠶᠤ ᠵᠠᠩᠭᠠᠷ         
  ᠾᠦᠩᠨᠦ ᠶᠢᠨ ᠴᠠᠨ ᠢᠥᠢ ᠬᠡᠮᠡᠬᠦ ᠴᠤᠯᠨ ᠶᠢᠨ ᠲᠤᠬᠠᠢ᠂ ᠰᠤᠳᠤᠯᠠᠭᠠᠴᠢᠳ ᠠᠴᠠ ᠨᠢᠬᠡᠳᠦᠯᠲᠠᠢ ᠨᠢᠬᠡᠨ ᠰᠠᠨᠠᠯ ᠳᠤ ᠬᠦᠷᠦᠭᠡᠳ ᠦᠬᠡᠢ᠂ ᠰᠤᠳᠤᠯᠠᠭᠠᠴᠢᠳ ᠠᠴᠠ ᠭᠠᠷᠭᠠᠭᠰᠠᠨ ᠶᠠᠩᠵᠤ ᠪᠦᠷᠢ ᠶᠢᠨ ᠰᠠᠨᠠᠯ ᠠᠴᠠ ᠦᠵᠡᠬᠦ ᠳᠦ᠂ ᠡᠷᠲᠡᠨ ‍ᠣ ᠬᠢᠲᠠᠳ ᠰᠤᠷᠪᠤᠯᠵᠢ ᠳᠠᠬᠢ广大 ᠪᠤᠶᠤ ᠠᠭᠤᠵᠢᠭᠤ ᠲᠤᠮᠤ ᠭᠡᠰᠡᠨ ᠤᠳᠬ᠎ᠠ ᠲᠠᠢ ᠶᠢ ᠦᠨᠳᠦᠰᠦᠯᠡᠨ᠂ ᠰᠢᠷᠠᠲ᠋ᠤᠷᠢ ᠠᠴᠠ ᠮᠤᠩᠭᠤᠯ ᠬᠡᠯᠡᠨ ‍ᠣ ᠳᠠᠶᠠᠨ︵ᠳᠠᠶᠠᠩ︶᠂ ᠷᠠᠮᠰᠲᠸ᠋ᠲ ᠪᠤᠯᠤᠨ ᠤᠲᠲ᠋ᠢᠳ᠋ᠨ ᠠᠴᠠ ᠮᠤᠩᠭᠤᠯ ᠬᠡᠯᠡᠨ ‍ᠣ ᠳᠡᠯᠭᠡᠬᠦᠦ᠂ ᠫᠦᠯᠯᠢᠪᠯᠸ᠋ᠨᠺ ᠡᠴᠡ ᠮᠤᠩᠭᠤᠯ ᠬᠡᠯᠡᠨ ‍ᠣ ᠳᠠᠷᠬᠠᠨ᠂ ᠺᠯᠥᠰᠥᠨ ᠡᠴᠡ ᠲᠦᠷᠦᠭ ᠬᠡᠯᠡᠨ ‍ᠣ ᠶᠠᠪᠠᠭᠤ᠂ ᠫᠠᠨᠥᠪ ᠠᠴᠠ ᠲᠦᠷᠦᠭ ᠦᠨ ᠲᠠᠮᠠᠭ᠎ᠠ᠂ ᠬᠦᠨᠵᠢ ᠶᠢᠨ ᠰᠦᠬᠡᠪᠠᠭᠠᠲᠤᠷ ᠠᠴᠠ ᠮᠤᠩᠭᠤᠯ ᠬᠡᠯᠡᠨ ‍ᠣ ᠰᠠᠢᠨ᠂ ᠪᠠᠽᠠᠷ ᠤᠨ ᠳᠤᠷᠵᠢ ᠠᠴᠠ XIX ᠵᠠᠭᠤᠨ ‍ᠣ ᠡᠬᠢᠨ ‍ᠣ ᠦᠶ᠎ᠡ ᠶᠢᠨ ᠪᠦᠲᠦᠬᠡᠯ ᠳᠡᠬᠡᠨ᠂ ᠴᠢᠩᠬᠢᠰ ᠬᠡᠮᠡᠬᠦ ᠴᠤᠯᠨ ᠪᠤᠯ ᠴᠠᠨ ᠢᠥᠢ ᠭᠡᠬᠦ ᠴᠤᠯᠨ ᠠᠴᠠ ᠤᠯᠠᠮᠵᠢᠯᠠᠭᠳᠠᠭᠰᠠᠨ ᠭᠡᠬᠦ ᠮᠡᠲᠤ ᠰᠠᠨᠠᠯ ᠢ ᠳᠡᠪᠰᠢᠬᠦᠯᠡᠵᠡᠢ᠃ 
 
  
  ︵1︶单 ᠦᠰᠦᠭ ᠦᠨ ᠲᠤᠬᠠᠢ        
  a.单ᠦᠰᠦᠭ ᠦᠨ ᠲᠠᠭᠤᠳᠠᠯᠭ᠎ᠠ ᠶᠢ ᠵᠡᠬᠦᠨ ᠬᠠᠨ ᠤᠯᠤᠰ ᠤᠨ ᠦᠶ᠎ᠡ ᠶᠢᠨ︽ᠬᠢᠲᠠᠳ ᠦᠰᠦᠭ᠂ ᠤᠳᠬ᠎ᠠ ᠶᠢᠨ ᠲᠠᠢᠯᠪᠤᠷᠢ︾ᠲᠤ chan ᠂ ᠮᠢᠨ ᠨᠠᠨ ᠠᠶᠠᠯᠭᠤᠨ ᠳᠤ sian᠂ ᠭᠤᠸᠠᠩᠵᠸᠤ ᠠᠶᠠᠯᠭᠤᠨ ᠳᠤsin᠂ ᠺᠧ ᠵᠢᠶᠠ ᠠᠶᠠᠯᠭᠤᠨ ᠳᠤ dan ᠭᠡᠵᠤ ᠪᠤᠢ᠃单 ᠦᠰᠦᠭ ᠦᠨ ᠳᠡᠭᠡᠳᠦ ᠡᠷᠲᠡᠨ ‍ᠣ ᠬᠢᠲᠠᠳ ᠬᠡᠯᠡᠨ ‍ᠣ ᠲᠠᠭᠤᠳᠠᠯᠭ᠎ᠠ ᠶᠢᠨ ᠰᠡᠷᠬᠦᠭᠡᠯᠳ᠋ᠨ ᠪᠠᠷ ᠪᠤᠯ Djan/djanʔ djans/ ᠪᠤᠯᠤᠨ᠎ᠠ᠃    
  b.单ᠬᠢᠲᠠᠳ ᠦᠰᠦᠭ ᠢ ᠡᠷᠲᠡ ᠳᠡᠭᠡᠷ᠎ᠠ ᠦᠶ᠎ᠡ單 ᠭᠡᠵᠤ ᠪᠢᠴᠢᠳᠡᠭ᠂ chan᠂ shan᠂ dan ᠭᠡᠬᠦ ᠭᠤᠷᠪᠠᠨ ᠲᠠᠭᠤᠳᠠᠯᠭ᠎ᠠ ᠲᠠᠢ᠂ ᠲᠡᠭᠡᠬᠦ ᠳᠡᠬᠡᠨ ᠾᠦᠩᠨᠦ ᠭᠦᠷᠦᠨ ‍ᠣ ᠬᠠᠮᠤᠭ ᠤᠨ ᠳᠡᠭᠡᠳᠦ ᠤᠳᠤᠷᠢᠳᠤᠭᠴᠢ ᠴᠠᠨ ᠢᠥᠢ ︵单于︶ᠭᠡᠬᠦ ᠬᠦᠨᠳᠦᠳᠬᠡᠯ ᠴᠤᠯᠨ ᠢ ᠵᠢᠭᠠᠬᠤ ᠦᠶ᠎ᠡ᠂ dan yu᠂ shan yu ᠭᠡᠵᠤ ᠤᠩᠰᠢᠳᠠᠭ ᠦᠬᠡᠢ᠂ ᠡᠨᠡ ᠨᠢ ᠬᠢᠲᠠᠳ ᠬᠡᠯᠡᠨ ᠳᠡᠬᠢ ᠬᠡᠳᠦᠨ ᠮᠢᠩᠭᠠᠨ ᠵᠢᠯ ᠪᠠᠷᠢᠮᠲᠠᠯᠠᠵᠤ ᠢᠷᠡᠭᠰᠡᠨ ᠤᠯᠠᠮᠵᠢᠯᠠᠯᠲᠤ ᠵᠠᠩᠰᠢᠯ ᠭᠡᠳᠡᠭ ᠢ ᠲᠤᠳᠤᠷᠬᠠᠢᠯᠠᠬᠤ ᠨᠢ ᠵᠦᠢᠲᠠᠢ᠃    
  c.单ᠦᠰᠦᠭ ᠦᠨ ᠳᠡᠭᠡᠳᠦ ᠡᠷᠲᠡᠨ ‍ᠣ ᠲᠠᠭᠤᠳᠠᠯᠭ᠎ᠠ ᠨᠢ chanᠭᠡᠵᠤ ᠤᠩᠰᠢᠬᠤ ᠦᠶ᠎ᠡ Djan ᠭᠡᠵᠤ ᠰᠡᠷᠬᠦᠭᠡᠨ ᠤᠩᠰᠢᠭᠳᠠᠵᠤ ᠪᠠᠢᠨ᠎ᠠ᠃    
  d.单︵chan︶ᠲᠠᠢ ᠢᠵᠢᠯ ᠲᠠᠭᠤᠳᠠᠯᠭ᠎ᠠ ᠲᠠᠢ禅︵chán︶ᠭᠡᠬᠦ ᠦᠰᠦᠭ ᠪᠠᠷ ᠵᠢᠱᠢᠶᠡᠯᠡᠨ ᠦᠵᠡᠪᠠᠰᠤ᠂ ᠬᠠᠨ ᠤᠯᠤᠰ  ᠤᠨ ᠦᠶ᠎ᠡ᠂ ᠰᠠᠨᠰᠺᠷᠢᠲ ᠦᠬᠡ jana ᠬᠢᠲᠠᠳ ᠬᠡᠯᠡᠨ ᠳᠦ ᠨᠡᠪᠲᠡᠷᠡᠪᠡ᠂ ᠬᠢᠲᠠᠳ ᠬᠡᠯᠡᠨ᠎ᠡ禅那 ᠭᠡᠵᠤ ᠤᠷᠴᠢᠭᠤᠯᠵᠤ ᠪᠠᠢᠭᠰᠠᠨ︵ᠮᠡᠳᠡᠭᠡᠵᠢ ᠶᠢᠨ ᠬᠡᠷᠡᠭ᠂ ᠡᠨᠡ ᠨᠢ ᠭᠠᠯᠢᠭᠴᠢᠯᠠᠨ ᠪᠠᠭᠤᠯᠭᠠᠭᠰᠠᠨ ᠦᠬᠡ᠂ ᠡᠷᠲᠡᠨ ‍ᠣ ᠰᠠᠨᠰᠺᠢᠷᠢᠲ ᠬᠡᠯᠨ ᠲᠠᠢ ᠮᠠᠰᠢ ᠲᠦᠰᠦᠭᠡᠲᠠᠢ ᠫᠠᠯᠢ ᠬᠡᠯᠡᠨ ᠳᠦ jhàna ᠭᠡᠳᠡᠭ︶ᠪᠦᠬᠡᠳ ᠬᠤᠵᠢᠮ ᠨᠢ禅︵chan︶ᠭᠡᠵᠤ ᠲᠤᠪᠴᠢᠯᠠᠨ ᠲᠡᠮᠳᠡᠭᠯᠡᠬᠦ ᠪᠤᠯᠵᠠᠢ᠃    
  f.禅ᠦᠰᠦᠭ ᠦᠨ ᠲᠠᠭᠤᠳᠠᠯᠭ᠎ᠠ ᠶᠢ ᠵᠡᠬᠦᠨ ᠬᠠᠨ ᠤᠯᠤᠰ ᠤᠨ ᠦᠶ᠎ᠡ ᠶᠢᠨ︽ᠬᠢᠲᠠᠳ ᠦᠰᠦᠭ᠂ ᠤᠳᠬ᠎ᠠ ᠶᠢᠨ ᠲᠠᠢᠯᠪᠤᠷᠢ︾ᠲᠤ chan/shan/᠂ ᠮᠢᠨ ᠨᠠᠨ ᠠᠶᠠᠯᠭᠤᠨ ᠳᠤ sian ᠂ ᠭᠤᠸᠠᠩᠵᠸᠤ ᠠᠶᠠᠯᠭᠤᠨ ᠳᠤ sim/sin/᠂ ᠺᠧ ᠵᠢᠶᠠ ᠠᠶᠠᠯᠭᠤᠨ ᠳᠤ sam/sien/ ᠭᠡᠵᠤ ᠪᠤᠢ᠃ ᠬᠢᠲᠠᠳ ᠬᠡᠯᠡᠨ ‍ᠣ ᠳᠡᠭᠡᠳᠦ ᠡᠷᠲᠡᠨ ‍ᠣ ᠬᠢᠲᠠᠳ ᠬᠡᠯᠡᠨ ‍ᠣ ᠲᠠᠭᠤᠳᠠᠯᠭ᠎ᠠ ᠶᠢᠨ ᠰᠡᠷᠬᠦᠭᠡᠯᠳ᠋ᠨ ᠢᠶᠡᠷ ᠪᠤᠯ djan/djans/ ᠪᠠᠢᠨ᠎ᠠ᠃ ᠦᠬᠡᠷ᠎ᠠ ᠪᠠᠷ ᠬᠡᠯᠡᠪᠡᠯ᠂禅︵chan︶ᠭᠡᠰᠡᠨ ᠦᠬᠡᠨ ‍ᠣ ᠲᠠᠭᠤᠳᠠᠯᠭ᠎ᠠ ᠨᠢ ᠬᠠᠷᠢ ᠬᠡᠯᠡᠨ ‍ᠣ ja ︵jha︶ᠪᠤᠯᠤᠨ᠎ᠠ᠂ 单 ᠭᠡᠰᠡᠨ ᠦᠬᠡᠨ ‍ᠣ ᠲᠠᠭᠤᠳᠠᠯᠭ᠎ᠠ ᠮᠦᠨ ᠠᠳᠠᠯᠢ ᠪᠠᠢᠨ᠎ᠠ᠃     
  ︵2︶于 ᠦᠰᠦᠭ ᠦᠨ ᠲᠤᠬᠠᠢ    
  a.于 ᠦᠰᠦᠭ ᠦᠨ ᠲᠠᠭᠤᠳᠠᠯᠭ᠎ᠠ ᠶᠢ ᠵᠡᠬᠦᠨ ᠬᠠᠨ ᠤᠯᠤᠰ ᠤᠨ ᠦᠶ᠎ᠡ ᠶᠢᠨ︽ᠬᠢᠲᠠᠳ ᠦᠰᠦᠭ᠂ ᠤᠳᠬ᠎ᠠ ᠶᠢᠨ ᠲᠠᠢᠯᠪᠤᠷᠢ︾ᠲᠤ yu᠂ ᠮᠢᠨ ᠨᠠᠨ ᠠᠶᠠᠯᠭᠤᠨ ᠳᠤ u/y/᠂ ᠭᠤᠸᠠᠩᠵᠸᠤ ᠠᠶᠠᠯᠭᠤᠨ ᠳᠤ wu/jyu/᠂ ᠺᠧ ᠵᠢᠶᠠ ᠠᠶᠠᠯᠭᠤᠨ ᠳᠤ yi ᠭᠡᠵᠤ ᠪᠤᠢ᠃ 于 ᠦᠰᠦᠭ ᠦᠨ ᠳᠡᠭᠡᠳᠦ ᠡᠷᠲᠡᠨ ‍ᠣ ᠬᠢᠲᠠᠳ ᠬᠡᠯᠡᠨ ‍ᠣ ᠲᠠᠭᠤᠳᠠᠯᠭ᠎ᠠ ᠶᠢᠨ ᠰᠡᠷᠬᠦᠭᠡᠯᠳ᠋ᠨ ᠪᠠᠷ ᠪᠤᠯ ɢʷa ᠪᠤᠯᠤᠨ᠎ᠠ᠃   
 b.ᠡᠷᠲᠡᠨ ‍ᠣ ᠪᠠᠷᠠᠭᠤᠨ ᠬᠢᠵᠠᠭᠠᠷ ᠤᠨ ᠭᠠᠵᠠᠷ ᠤᠨ ᠨᠡᠷ᠎ᠠ ᠪᠤᠯᠬᠤ khotan ᠭᠡᠳᠡᠭ ᠢ︽ᠬᠠᠨ ᠤᠯᠤᠰ ᠤᠨ ᠪᠢᠴᠢᠭ︾᠂ ︽ᠬᠤᠵᠢᠭᠤ ᠬᠠᠨ ᠤᠯᠤᠰ ᠤᠨ ᠪᠢᠴᠢᠭ︾᠂ ︽ᠸᠸᠢ ᠤᠯᠤᠰ ᠤᠨ ᠪᠢᠴᠢᠭ︾ᠲᠦ于阗ᠬᠡᠵᠤ ᠲᠡᠮᠳᠡᠭᠯᠡᠵᠡᠢ᠂ ᠲᠠᠩ ᠤᠯᠤᠰ ᠤᠨ ᠦᠶ᠎ᠡ᠂ ᠡᠨᠡᠳᠬᠡᠭ ᠲᠦ ᠬᠦᠷᠴᠦ ᠪᠤᠷᠬᠠᠨ ‍ᠣ ᠱᠠᠰᠢᠨ ‍ᠣ ᠨᠤᠮ ᠰᠤᠳᠤᠷ ᠢ ᠰᠤᠳᠤᠯᠠᠭᠰᠠᠨ ᠰᠢᠥᠸᠠᠨ ᠽᠠᠩ ᠠᠴᠠ瞿萨旦那Gostana ᠭᠡᠵᠦ ᠭᠠᠯᠢᠭᠴᠢᠯᠠᠨ ᠲᠡᠮᠳᠡᠭᠯᠡᠵᠡᠢ᠃ ᠳᠡᠭᠡᠷᠡᠬᠢ ᠵᠢᠱᠢᠶᠠᠨ ᠡᠴᠡ ᠬᠠᠷᠠᠬᠤ ᠳᠤ᠂ 于 ᠦᠰᠦᠭ ᠤᠨ ᠡᠷᠲᠡᠨ ‍ᠣ ᠲᠠᠭᠤᠳᠠᠯᠭ᠎ᠠ ᠨᠢ kha᠂ kho᠂gha᠂ghoᠪᠠᠢᠵᠤ ᠪᠤᠯᠤᠨ᠎ᠠ᠃ ᠪᠠᠭᠴᠠᠯᠠᠵᠤ ᠦᠵᠡᠪᠡᠯ᠂ ᠰᠠᠨᠰᠺᠷᠢᠲ ᠬᠡᠯᠡᠨ ‍ᠣ kha᠂ kho᠂gha᠂ ghoᠨᠢ ᠾᠦᠩᠨᠦ ᠬᠡᠯᠡᠨ ᠳᠦ ha᠂ ho᠂ ga᠂ go ᠪᠠᠶᠢᠬᠤ ᠮᠠᠭᠠᠳᠯᠠᠯ ᠪᠤᠢ᠃    
  c.ᠵᠡᠬᠦᠨ ᠬᠠᠨ ᠤᠯᠤᠰ ᠤᠨ ᠦᠶ᠎ᠡ᠂ ᠬᠢᠲᠠᠳ ᠭᠠᠵᠠᠷ ᠢᠷᠡᠵᠤ᠂ ᠰᠠᠨᠰᠺᠷᠢᠲ ᠬᠡᠯᠡᠨ ᠡᠴᠡ ᠪᠤᠷᠬᠠᠨ ‍ᠣ ᠱᠠᠰᠢᠨ ‍ᠣ ᠰᠤᠳᠤᠷ ᠢ ᠬᠢᠲᠠᠳ ᠬᠡᠯᠡᠨ᠎ᠡ ᠤᠷᠴᠢᠭᠤᠯᠤᠭᠰᠠᠨ支谶 ᠬᠡᠮᠡᠭᠴᠢ ᠡᠴᠡ ᠬᠢᠲᠠᠳ ᠬᠡᠯᠡᠨ ‍ᠣ于ᠭᠡᠰᠡᠨ ᠦᠰᠦᠭ ᠢ ha ᠲᠠᠭᠤᠳᠠᠯᠭ᠎ᠠ ᠪᠠᠷ ᠲᠡᠮᠳᠡᠭᠯᠡᠵᠡᠢ᠃    
  d.于ᠦᠰᠦᠭ ᠦᠨ ᠡᠷᠲᠡᠨ ‍ᠣ ᠲᠠᠭᠤᠳᠠᠯᠭ᠎ᠠ  ᠶᠢ ᠹᠷᠠᠨᠼᠢ ᠶᠢᠨ ᠬᠢᠲᠠᠳ ᠰᠤᠳᠤᠯᠠᠭᠠᠴᠢ ᠫᠠᠦᠯ ᠫᠢᠯᠯᠦᠲ Paul Pilliot  ᠡᠴᠡ go ᠭᠡᠵᠤ ᠰᠡᠷᠬᠦᠭᠡᠨ ᠤᠩᠰᠢᠭᠰᠠᠨ ᠪᠠᠢᠨ᠎ᠠ᠃    
  ︵3︶ᠡᠷᠲᠡᠨ ‍ᠣ ᠬᠢᠲᠠᠳ ᠬᠡᠯᠨ r ᠬᠡᠢᠬᠦᠯᠡᠭᠴᠢ ᠪᠠᠷ ᠰᠡᠬᠦᠯ ᠬᠤᠷᠢᠶᠠᠳᠠᠭ ᠦᠬᠡᠢ᠃    
  ᠡᠷᠲᠡᠨ ‍ᠣ ᠬᠢᠲᠠᠳ ᠬᠡᠯᠡᠨ ᠳᠦ-r᠂-l  ᠪᠠᠷ ᠰᠡᠬᠦᠯ ᠬᠤᠷᠢᠶᠠᠬᠤ ᠡᠰᠡᠬᠦ ᠲᠤᠬᠠᠢ᠂ ᠳᠤᠲᠤᠭᠠᠳᠤ ᠭᠠᠳᠠᠭᠠᠳᠤ ᠶᠢᠨ ᠰᠤᠳᠤᠯᠤᠭᠠᠴᠢᠳ ᠠᠳᠠᠯᠢ ᠪᠤᠰᠤ ᠦᠵᠡᠯᠳ᠋ᠨ ᠲᠠᠢ ᠂ ᠲᠡᠢᠯᠦᠩᠬᠦ ᠰᠤᠳᠤᠯᠤᠭᠠᠴᠢᠳ ᠪᠠᠢᠬᠤ ᠦᠬᠡᠢ ᠬᠡᠮᠡᠨ ᠦᠵᠡᠳᠡᠭ᠂ ᠪᠢᠳ᠋ᠨ ᠲᠡᠳᠡᠨ ᠲᠠᠢ ᠰᠠᠨᠠᠯ ᠨᠢᠬᠡ ᠪᠠᠢᠨ᠎ᠠ᠃ 
   ᠬᠢᠲᠠᠳ ᠤᠨ ᠰᠤᠳᠤᠯᠤᠭᠠᠴᠢ ᠫᠠᠨ ᠦ᠋ ᠶᠦᠨ ᠡᠴᠡ᠄︽ᠣᠳᠣ ᠲᠤᠯᠭᠠᠮᠳᠠᠭᠰᠠᠨ ᠠᠰᠠᠭᠤᠳᠠᠯ ᠪᠣᠯ ᠳᠡᠭᠡᠳᠦ ᠡᠷᠲᠡᠨ ᠦ ᠦᠶ᠎ᠡ ᠶᠢᠨ-r᠂‍ -l ᠪᠠᠷ ᠦᠭᠡ ᠲᠡᠭᠦᠰᠬᠡᠬᠦ (ᠰᠡᠭᠦᠯ ᠬᠤᠷᠢᠶᠠᠬᠤ) ᠣᠨᠴᠠᠯᠢᠭ ᠬᠢᠲᠠᠳ ᠬᠡᠯᠡᠨ ᠦ ᠣᠷᠣᠨ ᠨᠤᠲᠤᠭ ᠤᠨ ᠠᠶᠠᠯᠭᠤᠨ ᠠᠴᠠ ᠰᠢᠭᠤᠳ ᠨᠤᠲᠠᠯᠠᠬᠤ ᠪᠠᠷᠢᠮᠲᠠ ᠤᠯᠳᠠᠬᠤ ᠦᠭᠡᠢ ᠪᠠᠶᠢᠭ᠎ᠠ ᠶᠠᠪᠤᠳᠠᠯ ᠶᠤᠮ᠃ ᠬᠡᠳᠦᠢᠪᠡᠷ ᠬᠢᠲᠠᠳ ᠬᠡᠯᠡᠨ ᠦ ᠵᠠᠷᠢᠮ ᠣᠷᠣᠨ ᠨᠤᠲᠤᠭ ᠤᠨ ᠠᠶᠠᠯᠭᠤᠨ ᠳᠤ -l ᠪᠠᠷ ᠦᠭᠡ ᠲᠡᠭᠦᠰᠬᠡᠬᠦ (ᠰᠡᠭᠦᠯ ᠬᠤᠷᠢᠶᠠᠬᠤ) ᠣᠨᠴᠠᠯᠢᠭ ᠪᠠᠶᠢᠭ᠎ᠠ ᠪᠣᠯᠪᠠᠴᠤ ᠡᠨᠡ ᠨᠢ ᠳᠤᠮᠳᠠᠳᠤ ᠡᠷᠲᠡᠨ ᠦ ᠦᠶ᠎ᠡ ᠶᠢᠨ -r ᠪᠠᠷ ᠦᠭᠡ ᠲᠡᠭᠦᠰᠬᠡᠬᠦ (ᠰᠡᠭᠦᠯ ᠬᠤᠷᠢᠶᠠᠬᠤ) ᠣᠨᠴᠠᠯᠢᠭ ᠡᠴᠡ ᠭᠠᠷᠤᠯᠲᠠᠢ᠂ ᠡᠮᠦᠨᠡᠲᠦ ᠶᠢᠨ ᠬᠡᠯᠡᠨ ᠳᠦ ᠪᠠᠭᠲᠠᠬᠤ ᠬᠢᠲᠠᠳ ᠬᠡᠯᠡᠨ ᠳᠦ ᠵᠢᠭᠡᠯᠡᠯᠭᠡ ᠦᠭᠡᠰ ᠮᠠᠰᠢ ᠣᠯᠠᠨ ᠪᠠᠶᠢᠭ᠎ᠠ ᠪᠣᠯᠪᠠᠴᠤ ᠡᠳᠡᠭᠡᠷ ᠵᠢᠭᠡᠯᠡᠯᠭᠡ ᠦᠭᠡᠰ ᠨᠢ ᠶᠡᠬᠡᠩᠬᠢ ᠳᠦ ᠪᠡᠨ ᠬᠠᠨ ᠤᠯᠤᠰ ᠠᠴᠠ ᠬᠣᠶᠢᠰᠢᠬᠢ ᠴᠠᠭ ᠬᠤᠭᠤᠴᠠᠭᠠᠨ ᠳᠤ ᠬᠠᠮᠤᠷᠠᠭᠳᠠᠬᠤ ᠤᠴᠢᠷ ᠠᠴᠠ ᠳᠡᠭᠡᠳᠦ ᠡᠷᠲᠡᠨ ᠦ ᠦᠶ᠎ᠡ ᠶᠢᠨ-l ᠂ ᠡᠰᠡᠪᠡᠯ ‍ -r  ᠪᠠᠷ ᠦᠭᠡ ᠲᠡᠭᠦᠰᠬᠡᠬᠦ (ᠰᠡᠭᠦᠯ ᠬᠤᠷᠢᠶᠠᠬᠤ) ᠣᠨᠴᠠᠯᠢᠭ ᠢ ᠰᠢᠭᠤᠳ ᠨᠤᠲᠠᠯᠠᠬᠤ ᠪᠠᠷᠢᠮᠲᠠ ᠤᠯᠳᠠᠬᠤ ᠦᠭᠡᠢ ᠪᠠᠶᠢᠳᠠᠭ᠂ ᠡᠷᠲᠡᠨ ᠦ ᠬᠢᠲᠠᠳ ᠤᠳ ᠤᠨ ᠦᠢᠯᠡ ᠠᠵᠢᠯᠯᠠᠭ᠎ᠠ ᠭᠣᠣᠯᠳᠠᠭᠤ ᠤᠮᠠᠷᠠᠳᠤ ᠪᠥᠰᠡ ᠨᠤᠲᠤᠭ ᠲᠤ ᠲᠥᠪᠯᠡᠷᠡᠵᠦ ᠪᠠᠶᠢᠭᠰᠠᠨ᠂ ᠬᠡᠷᠪᠡ ᠳᠡᠭᠡᠳᠦ ᠡᠷᠲᠡᠨ ᠦ ᠦᠶ᠎ᠡ ᠶᠢᠨ ᠬᠢᠲᠠᠳ ᠬᠡᠯᠡᠨ ᠦ ‍ -l ᠂ ᠡᠰᠡᠪᠡᠯ ‍ -r  ᠤᠨ ᠪᠤᠰᠤᠳ ᠬᠡᠯᠡ ᠳᠡᠭᠡᠷᠡᠬᠢ ᠵᠢᠬᠡᠯᠡᠯᠬᠡ ᠦᠭᠡᠰ ᠦᠨ ᠪᠠᠷᠢᠮᠲᠠ ᠶᠢ ᠣᠯᠤᠨ᠎ᠠ ᠭᠡᠪᠡᠯ ᠵᠥᠪᠬᠡᠨ ᠤᠮᠠᠷᠠᠳᠤ ᠶᠢᠨ ᠬᠡᠯᠡᠨ ᠡᠴᠡ ᠬᠠᠶᠢᠬᠤ ᠬᠡᠷᠡᠭᠲᠡᠢ᠃︾ ᠭᠡᠵᠡᠢ᠂ ᠡᠨᠳ᠋ᠨ︽ᠤᠮᠠᠷᠠᠳᠤ ᠶᠢᠨ ᠬᠡᠯᠨ︾ ᠬᠡᠳᠡᠭ ᠨᠢ ᠮᠤᠩᠭᠤᠯ ᠤᠨ ᠦᠨᠳᠦᠷᠯᠢᠭ ᠲᠦ ᠠᠮᠢᠳᠤᠷᠴᠤ ᠪᠠᠢᠭᠰᠠᠨ᠂ ᠡᠷᠲᠡᠨ ‍ᠣ ᠬᠢᠲᠠᠳ ᠲᠠᠢ ᠰᠢᠭᠤᠳ ᠬᠠᠷᠢᠯᠴᠠᠭ᠎ᠠ ᠲᠠᠢ ᠪᠠᠢᠭᠰᠠᠨ ᠮᠠᠯ ᠠᠬᠤᠢ ᠡᠷᠬᠢᠯᠡᠳᠡᠭ ᠨᠡᠬᠦᠳᠡᠯᠴᠢᠳ ᠦᠨ ᠬᠡᠯᠨ ᠢ ᠵᠢᠭᠠᠭᠰᠠᠨ ᠪᠠᠢᠭ᠎ᠠ᠂ ᠤᠳᠤ ᠶᠢᠨ ᠨᠦᠬᠦᠴᠡᠯ ᠪᠠᠢᠳᠠᠯ ᠢᠶᠠᠷ ᠪᠤᠯ ᠂ ᠡᠷᠲᠡᠨ ‍ᠣ ᠮᠤᠩᠭᠤᠯ ᠤᠨ ᠦᠨᠳᠦᠷᠯᠢᠭ ᠲᠦ ᠠᠮᠢᠳᠤᠷᠴᠦ ᠪᠠᠢᠭᠰᠠᠨ ᠨᠡᠬᠦᠳᠡᠯᠴᠢᠳ ᠦᠨ ᠬᠤᠢᠴᠢᠰ ᠪᠤᠯᠬᠤ ᠲᠦᠷᠦᠭ᠂ ᠮᠤᠩᠭᠤᠯ ᠬᠡᠯᠨ ᠢ ᠬᠡᠯᠡᠵᠦ ᠪᠠᠢᠭ᠎ᠠ ᠶᠤᠮ᠃ 
    ᠡᠷᠲᠡᠨ ‍ᠣ ᠬᠢᠲᠠᠳ ᠬᠡᠯᠨ ᠨᠢ ᠬᠠᠷᠢ ᠬᠡᠯᠡᠨ ‍ᠣ᠂ ᠢᠯᠠᠩᠭᠤᠶ᠎ᠠ ᠠᠯᠲᠠᠢ ᠢᠵᠠᠭᠤᠷ ᠬᠡᠯᠡᠨ ‍ᠣ r᠂-l  ᠪᠠᠷ ᠰᠡᠬᠦᠯ ᠬᠤᠷᠢᠶᠠᠭᠰᠠᠨ ᠦᠬᠡᠰ ᠲᠠᠢ ᠲᠤᠬᠢᠶᠠᠯᠳᠤᠬᠤ ᠦᠶ᠎ᠡ᠂ ᠬᠡᠯᠡᠳᠡᠭ ᠦᠬᠡᠢ᠂ ᠦᠰᠦᠭ ᠪᠢᠴᠢᠭ ᠢᠶᠡᠷ ᠲᠡᠮᠳᠡᠭᠯᠡᠳᠡᠭ ᠦᠬᠡᠢ( ᠬᠠᠰᠤᠭᠳᠠᠬᠤ ᠪᠤᠶᠤ ᠠᠶᠠᠨᠳᠠᠭᠠᠨ ᠠᠯᠳᠠᠭᠳᠠᠨ᠎ᠠ ᠭᠡᠰᠡᠨ ᠦᠬᠡ)᠂ ᠡᠢᠮᠦᠷᠬᠦ ᠰᠢᠯᠲᠠᠭᠠᠨ ‍ᠣ ᠤᠯᠠᠮ ᠠᠴᠠ᠂于 ᠦᠰᠦᠭ ᠦᠨ ᠠᠷᠤ ᠳᠤ᠂ r᠂-l ᠲᠠᠭᠤᠳᠠᠯᠭ᠎ᠠ ᠪᠠᠢᠬᠤ ᠶᠤᠰᠤᠲᠠᠢ ᠭᠡᠵᠤ ᠪᠢᠳ᠋ᠨ ᠦᠵᠡᠵᠦ ᠪᠠᠢᠨ᠎ᠠ᠂ ᠦᠬᠡᠷ᠎ᠠ ᠪᠠᠷ ᠬᠡᠯᠡᠪᠡᠯ᠂ ᠾᠦᠩᠨᠦ ᠶᠢᠨ ᠬᠠᠮᠤᠭ ᠤᠨ ᠳᠡᠭᠡᠳᠦ ᠤᠳᠤᠷᠢᠳᠤᠭᠴᠢ ᠶᠢᠨ ᠬᠦᠨᠳᠦᠳᠬᠡᠯ ᠴᠤᠯᠨ ᠪᠤᠯᠬᠤ单于 ᠭᠡᠰᠡᠨ ᠦᠰᠦᠭ ᠦᠨ ᠠᠷᠤ ᠳᠤ r᠂ ᠡᠰᠡᠬᠦᠯ᠎ᠠl  ᠪᠠᠷ ᠰᠡᠬᠦᠯ ᠬᠤᠷᠢᠶᠠᠭᠰᠠᠨ ᠪᠠᠢᠨ᠎ᠠ ᠭᠡᠰᠡᠨ ᠦᠬᠡ᠃ ᠲᠤᠳᠤᠷᠠᠭᠤᠯᠤᠨ ᠬᠡᠯᠡᠪᠠᠰᠤ᠂ ᠾᠦᠩᠨᠦ ᠶᠢᠨ ᠬᠠᠮᠤᠭ ᠤᠨ ᠳᠡᠭᠡᠳᠦ ᠤᠳᠤᠷᠢᠳᠤᠭᠴᠢ ᠶᠢᠨ ᠴᠤᠯᠨ ᠪᠤᠯᠬᠤ单于ᠬᠡᠳᠡᠭ ᠦᠰᠦᠭ ᠢ ᠵᠠᠩᠭᠠᠷ ᠭᠡᠵᠤ ᠰᠡᠷᠬᠦᠭᠡᠨ ᠤᠩᠰᠢᠬᠤ ᠶᠤᠰᠤᠲᠠᠢ ᠭᠡᠵᠤ ᠪᠢᠳ᠋ᠨ ᠦᠵᠡᠵᠦ ᠪᠠᠢᠨ᠎ᠠ᠃    
         
  ᠵᠠᠩᠭᠠᠷ ᠭᠡᠰᠡᠨ ᠨᠡᠷ᠎ᠠ ᠶᠢ ᠰᠤᠳᠤᠯᠤᠭᠰᠠᠨ ᠪᠦᠲᠦᠭᠡᠯ ᠦᠳ ᠢ ᠰᠢᠬᠦᠵᠦ ᠦᠵᠡᠪᠡᠯ᠂ ᠫᠧᠷᠰ ᠭᠠᠷᠤᠯᠲᠠᠢ ᠦᠬᠡ جهانگیر(jahangir)᠂ ᠳᠡᠯᠡᠬᠡᠢ ᠶᠢ ᠪᠠᠢᠯᠳᠦᠨ ᠳᠠᠭᠠᠭᠤᠯᠤᠭᠴᠢ ᠭᠡᠰᠡᠨ ᠤᠳᠬ᠎ᠠ ᠲᠠᠢ ᠭᠡᠰᠡᠨ ᠪᠠᠢᠭ᠎ᠠ ᠪᠤᠯ᠂ ᠵᠠᠷᠢᠮ ᠨᠢ ᠶᠠᠩᠭᠠᠴᠢ ᠭᠡᠰᠡᠨ ᠲᠦᠷᠦᠭ ᠦᠬᠡ᠂ ᠦᠨᠦᠴᠢᠨ᠂ ᠦᠷᠦᠭᠡᠰᠦᠨ᠂ ᠤᠷᠤ ᠭᠠᠭᠴᠨ ᠢᠯᠠᠭᠴᠢ᠂ ᠤᠷᠦᠢᠯᠠᠭᠴᠢ ᠭᠡᠵᠤ ᠰᠢᠨᠵᠢᠯᠡᠵᠦ ᠳ᠋ᠦᠩᠨᠡᠭᠰᠡᠨ ᠪᠤᠢ᠂ ᠪᠠᠰᠨ ᠵᠠᠩᠭᠠᠷᠠᠢ᠂ ᠴᠢᠩᠭᠠᠷ᠂ ᠵᠠᠯᠪᠤ ᠭᠡᠰᠡᠨ ᠲᠦᠪᠡᠳ ᠦᠬᠡ ᠬᠡᠮᠡᠨ᠂ ᠠᠷᠢᠭᠤᠨ ᠲᠤᠩᠭᠠᠯᠢᠭ ᠨᠢᠳᠦ᠂ ᠴᠠᠭᠠᠨ ᠢᠰᠡᠬᠡᠢ᠂ ᠠᠭᠤᠯᠨ ᠶᠢᠨ ᠰᠠᠪᠳᠠᠭ᠂ ᠴᠢᠩᠬᠢᠰ ᠬᠠᠭᠠᠨ ‍ᠣ ᠦᠬᠡᠷ᠎ᠠ ᠨᠢᠭᠡᠨ ᠨᠡᠷ᠎ᠠ ᠭᠡᠰᠡᠨ ᠪᠤᠢ᠃       
  
   
    
  ᠵᠠᠩᠭᠠᠷ ᠤᠨ ᠲᠤᠤᠯᠢ ᠠᠴᠠ ᠦᠵᠡᠬᠦ ᠳᠦ᠂ ᠵᠠᠩᠭᠠᠷ ᠢ︽᠁ ᠭᠠᠷᠤᠭᠰᠠᠨ ᠠᠴᠠ ᠪᠠᠨ ᠠᠪᠤᠭᠠᠳ ᠭᠠᠵᠠᠷ ᠤᠰᠤ ᠪᠠᠨ ᠠᠯᠳᠠᠭᠠᠳ ᠦᠬᠡᠢ᠂ ᠲᠦᠷᠦᠭᠰᠡᠨ ᠡᠴᠡ ᠪᠡᠨ ᠠᠪᠤᠭᠠᠳ ᠲᠦᠷᠦ ᠱᠠᠰᠢᠨ ᠢ ᠪᠡᠨ ᠠᠯᠳᠠᠭᠠᠳ ᠦᠬᠡᠢ᠂ ᠤᠢᠷ᠎ᠠ ᠶᠢᠨ ᠲᠢᠪ ᠦᠳ ᠢ ᠰᠡᠬᠦᠳᠡᠷ ᠲᠡᠬᠡᠨ ᠮᠦᠷᠬᠦᠬᠦᠯᠦᠭᠰᠡᠨ᠂ ᠬᠤᠯᠨ ᠶᠢᠨ ᠲᠢᠪ ᠦᠳ ᠢ ᠨᠡᠷᠡᠨ ᠳᠦ ᠪᠡᠨ ᠮᠦᠷᠬᠦᠬᠦᠯᠦᠭᠰᠡᠨ᠁︾ᠭᠡᠬᠦ ᠤᠷᠠᠯᠠᠵᠤ ᠮᠠᠭᠲᠠᠭᠰᠠᠨ ᠦᠬᠡ ᠨᠦᠭᠥᠳ ᠢ᠂ ᠵᠠᠩᠭᠠᠷ ᠤᠨ ᠪᠡᠶ᠎ᠡ ᠳᠡᠭᠡᠷ᠎ᠠ ᠲᠤᠬᠤᠵᠤ ᠦᠵᠡᠬᠦᠯᠡᠳᠡᠭ ᠨᠢ ᠴᠠᠭᠠᠨ᠎ᠠ ᠪᠠᠨ ᠪᠠᠰᠨ ᠤᠴᠢᠷ ᠲᠠᠢ ᠠᠵᠠᠢ᠃ ᠦᠬᠡᠷ᠎ᠠ ᠪᠠᠷ ᠬᠡᠯᠡᠪᠡᠯ᠂ ᠵᠠᠩᠭᠠᠷ ᠭᠡᠳᠡᠭ ᠦᠬᠡ ᠨᠢ ᠬᠠᠮᠤᠭ ᠳᠡᠯᠡᠬᠡᠢ ᠶᠢᠨ ᠡᠵᠡᠨ᠂ ᠬᠠᠭᠠᠳ ᠤᠨ ᠬᠠᠭᠠᠨ ᠭᠡᠰᠡᠨ ᠦᠬᠡ ᠪᠤᠯᠤᠨ᠎ᠠ᠂ ᠡᠨᠡ ᠨᠢ ᠡᠷᠲᠡᠨ ‍ᠣ ᠬᠢᠲᠠᠳ ᠰᠤᠷᠪᠤᠯᠵᠢ ᠳᠠᠬᠢ ᠴᠠᠨ ᠢᠥᠢ ᠬᠡᠳᠡᠭ ᠢ ᠠᠭᠤᠵᠢᠭᠤ ᠲᠤᠮᠤ︵ᠠᠭᠤᠵᠢᠭᠤ ᠦᠷᠬᠡᠨ︶ᠭᠡᠰᠡᠨ ᠤᠳᠬ᠎ᠠ ᠲᠠᠢ ᠭᠡᠵᠤ ᠲᠠᠢᠯᠪᠤᠷᠢᠯᠠᠭᠰᠠᠨ ᠨᠢ ᠪᠠᠰᠨ ᠯᠠ ᠬᠠᠮᠤᠭ ᠳᠡᠯᠡᠬᠡᠢ ᠶᠢᠨ ᠬᠠᠭᠠᠳ ᠤᠨ ᠬᠠᠭᠠᠨ ᠭᠡᠰᠡᠨ ᠰᠠᠨᠠᠭ᠎ᠠ ᠲᠠᠢ ᠨᠠᠢᠴᠡᠵᠦ ᠪᠤᠢ᠃  
 
  
  ᠵᠠᠩᠭᠠᠷ ᠭᠡᠳᠡᠭ ᠨᠢ ᠮᠤᠩᠭᠤᠯ ᠦᠬᠡ ᠮᠦᠨ᠂ ᠲᠡᠭᠡᠬᠦ ᠳᠡᠬᠡᠨ ᠳᠡᠭᠡᠷᠡᠬᠢ ᠵᠢᠱᠢᠶᠠᠨ ᠠᠴᠠ ᠦᠵᠡᠬᠦ ᠳᠦ᠂单于 ᠬᠡᠳᠡᠭ ᠦᠨ ᠲᠠᠭᠤᠳᠠᠯᠭ᠎ᠠ ᠰᠡᠷᠬᠦᠭᠡᠯᠲᠨ ᠨᠢ ᠠᠷᠠᠢ ᠡᠷᠲᠡᠨ ‍ᠣ ᠰᠠᠨᠰᠺᠷᠢᠲ ᠪᠤᠶᠤ  ᠬᠡᠯᠡᠨ  ‍ᠣ jahangir(Djahangir)ᠲᠠᠭᠤᠳᠠᠯᠭ᠎ᠠ ᠲᠠᠢ ᠤᠢᠷᠠᠳᠴᠤ ᠪᠠᠢᠨ᠎ᠠ᠂ ᠦᠬᠡᠷ᠎ᠠ ᠪᠠᠷ ᠬᠡᠯᠡᠪᠡᠯ᠂ ᠠᠩᠬ᠎ᠠ ᠾᠦᠩᠨᠦ ᠶᠢᠨ ᠦᠶ᠎ᠡ ᠶᠢᠨ ᠲᠠᠭᠤᠳᠠᠯᠭ᠎ᠠ ᠶᠢᠨ ᠤᠨᠴᠠᠯᠢᠭ ᠰᠢᠨᠵᠢ ᠨᠢ ᠡᠢᠮᠦ ᠪᠠᠢᠨ᠎ᠠ ᠭᠡᠰᠡᠨ ᠦᠬᠡ᠃         
  ᠳ᠋ᠦᠩᠨᠡᠵᠤ ᠦᠵᠡᠪᠡᠯ᠂ ᠾᠦᠩᠨᠦ ᠶᠢᠨ ᠬᠠᠮᠤᠭ ᠤᠨ ᠳᠡᠭᠡᠳᠦ ᠤᠳᠤᠷᠢᠳᠤᠭᠴᠢ ᠪᠤᠯᠬᠤ ᠴᠠᠨ ᠢᠥᠢ︵chan yu︶᠂ ᠵᠠᠩᠭᠠᠷ︵jangar︶᠂ ᠡᠷᠲᠡᠨ ‍ᠣ ᠰᠠᠨᠰᠺᠷᠢᠲ᠂ ᠫᠧᠷᠰ ᠬᠡᠯᠡᠨ ‍ᠣ jahangir ᠨᠢ ᠬᠤᠭᠤᠷᠤᠨᠳᠤ ᠪᠠᠨ ᠶᠠᠮᠠᠷ ᠨᠢᠬᠡᠨ ᠬᠤᠯᠪᠤᠭᠠᠲᠠᠢ ᠰᠢᠭ ᠪᠠᠢᠨ᠎ᠠ᠂ ᠴᠠᠭᠠᠰᠢᠳ᠋ᠨ ᠰᠤᠳᠤᠯᠬᠤ ᠬᠡᠷᠡᠭᠲᠡᠢ᠃        
         
  ᠬᠤᠶᠠᠷ᠂ 护于 ᠪᠤᠶᠤ ᠬᠤᠩᠭᠤᠷ         
  护于 hù yú᠂ ᠬᠢᠲᠠᠳ ᠦᠰᠦᠭ ᠢᠶᠡᠷ ᠭᠠᠯᠢᠭᠴᠢᠯᠠᠨ ᠪᠠᠭᠤᠯᠭᠠᠵᠤ ᠲᠡᠮᠳᠡᠭᠯᠡᠭᠰᠡᠨ ᠾᠦᠩᠨᠦ ᠦᠬᠡ᠂ ᠪᠠᠨ ᠭᠦ᠋ ᠶᠢᠨ︽ᠬᠠᠨ ᠤᠯᠤᠰ ᠤᠨ ᠪᠢᠴᠢᠭ᠂ ᠾᠦᠩᠨᠦ ᠶᠢᠨ ᠱᠠᠰᠲᠢᠷ︾ᠲᠤ ᠠᠩᠬ᠎ᠠ ᠲᠡᠮᠳᠡᠭᠯᠡᠵᠡᠢ᠂ ᠡᠨᠳ᠋ᠨ ᠡᠰᠢᠯᠡᠪᠡᠯ᠄︽ᠦᠵᠦᠯᠦ ᠴᠠᠨ ᠢᠥᠢ᠂︵ᠴᠠᠨ ᠢᠥᠢ ᠶᠢᠨ︶ᠡᠵᠡᠨ ᠰᠠᠭᠤᠳᠠᠯ ᠳᠤ ᠪᠠᠢᠬᠤ ᠦᠶ᠎ᠡ᠂ ᠵᠡᠬᠦᠨ ᠮᠡᠷᠭᠡᠨ ᠸᠠᠩ ᠠᠴᠠ ᠬᠡᠳᠦ ᠬᠡᠳᠦ ᠨᠢ ᠦᠬᠦᠵᠡᠢ᠃ ᠲᠡᠬᠦᠨ ᠡᠴᠡ ᠰᠢᠯᠲᠠᠭᠠᠢᠯᠠᠨ᠂ ᠴᠤᠯᠨ ᠬᠡᠷᠬᠡᠮ ᠨᠢ ᠦᠯᠵᠡᠢ ᠦᠬᠡᠢ ᠪᠤᠯᠪᠠ ᠬᠡᠮᠡᠨ᠂ ᠵᠡᠬᠦᠨ ᠮᠡᠷᠭᠡᠨ ᠸᠠᠩ ᠬᠡᠮᠡᠭᠰᠡᠨ ᠢ ᠬᠠᠯᠠᠵᠤ᠂ ᠬᠤ᠋ ᠢᠥᠢ ᠪᠤᠯᠭᠠᠪᠠ᠂ ᠦᠵᠦᠯᠦ ᠴᠠᠨ ᠢᠥᠢ ᠡᠴᠡ ᠤᠤᠭᠠᠨ ᠬᠦᠪᠡᠬᠦᠨ ᠢ ᠪᠡᠨ  ᠢᠥᠢ ᠬᠡᠮᠡᠨ ᠴᠤᠯᠠᠯᠵᠤ᠂ ᠴᠠᠨ ᠢᠥᠢ ᠶᠢᠨ ᠡᠵᠡᠨ ᠰᠠᠭᠤᠳᠠᠯ ᠢ ᠵᠠᠯᠭᠠᠮᠵᠢᠯᠠᠭᠤᠯᠬᠤ ᠬᠡᠪᠡ᠃︾ ᠭᠡᠵᠡᠢ᠃ ᠳᠡᠭᠡᠷᠡᠬᠢ ᠲᠡᠮᠳᠡᠭᠯᠡᠯ ᠡᠴᠡ ᠦᠵᠡᠬᠦ ᠳᠦ᠂ ᠦᠵᠦᠯᠦ ᠴᠠᠨ ᠢᠥᠢ ᠶᠢᠨ ᠦᠶ᠎ᠡ ᠳᠦ᠂ ᠴᠠᠨ ᠢᠥᠢ ᠶᠢᠨ ᠤᠷᠤ ᠶᠢ ᠵᠠᠯᠭᠠᠮᠵᠢᠯᠠᠬᠤ ᠬᠡᠳᠦ ᠬᠡᠳᠦᠨ ᠬᠦᠪᠡᠬᠦᠨ ᠨᠢ ᠵᠠᠭᠤᠷᠲᠤ ᠪᠠᠷ ᠨᠠᠰᠤ ᠪᠠᠷᠠᠭᠰᠠᠨ ᠪᠤᠯᠤᠯᠲᠠᠢ ᠪᠦᠭᠡᠳ ᠴᠤᠯᠨ ᠨᠢ ᠬᠦᠨᠳᠦᠳᠡᠭᠰᠡᠨ ᠭᠡᠵᠤ ᠦᠵᠡᠭᠡᠳ᠂ ᠵᠡᠬᠦᠨ ᠮᠡᠷᠭᠡᠨ ᠸᠠᠩ ᠬᠡᠳᠡᠭ ᠴᠤᠯᠨ ᠢ  ᠢᠥᠢ ᠬᠡᠮᠡᠭᠰᠡᠨ ᠾᠦᠩᠨᠦ ᠦᠬᠡ ᠪᠡᠷ ᠰᠤᠯᠢᠭᠰᠠᠨ ᠬᠡᠳᠡᠭ ᠢ ᠲᠤᠳᠤᠷᠠᠭᠤᠯᠵᠠᠢ᠃      
  ᠡᠨᠳ᠋ᠨ ᠭᠠᠷᠴᠤ ᠪᠤᠢ  ᠢᠥᠢ ᠬᠡᠳᠡᠭ ᠴᠤᠯᠨ ᠨᠢ ᠵᠡᠬᠦᠨ ᠮᠡᠷᠭᠡᠨ ᠸᠠᠩ︵ᠡᠰᠡᠬᠦᠯ᠎ᠠ ᠵᠡᠬᠦᠨ ᠲᠦ᠋ ᠴᠢ ᠸᠠᠩ︶ᠲᠠᠢ ᠠᠳᠠᠯᠢᠬᠠᠨ ᠪᠠᠷ᠂ ᠴᠠᠨ ᠢᠥᠢ ᠶᠢᠨ ᠤᠷᠤ ᠶᠢ ᠵᠠᠯᠭᠠᠮᠵᠢᠯᠠᠭᠴᠢ ᠶᠢᠨ ᠴᠤᠯᠨ ᠬᠡᠷᠬᠡᠮ ᠪᠤᠯᠤᠨ᠎ᠠ᠂ ᠡᠷᠲᠡᠨ ‍ᠣ ᠬᠢᠲᠠᠳ ᠤᠨ ᠠᠯᠪᠠᠨ ᠲᠡᠥᠬᠡ ᠪᠢᠴᠢᠵᠦ ᠲᠡᠮᠳᠡᠭᠯᠡᠳᠡᠭ ᠰᠤᠳᠤᠷᠴᠢ ᠲᠦᠰᠢᠮᠡᠯ ᠡᠴᠡ᠂ ᠬᠠᠮᠠᠭᠠᠯᠠᠬᠤ᠂ ᠬᠠᠯᠬᠠᠯᠠᠬᠤ᠂ ᠲᠤᠰᠠᠯᠠᠬᠤ᠂ ᠬᠠᠪᠰᠤᠷᠠᠬᠤ ᠬᠡᠮᠡᠭᠰᠡᠨ ᠤᠳᠬ᠎ᠠ ᠲᠠᠢ᠂ ᠠᠬᠢᠭᠠᠳ ᠾᠦᠩᠨᠦ ᠦᠬᠡᠨ ‍ᠣ ᠬᠢᠨᠢ ᠲᠠᠭᠤᠳᠠᠯᠭ᠎ᠠ ᠲᠠᠢ ᠤᠢᠷᠠᠯᠴᠠᠭ᠎ᠠ  ᠢᠥᠢ ᠬᠡᠮᠡᠬᠦ ᠬᠢᠲᠠᠳ ᠦᠰᠦᠭ ᠢ ᠰᠤᠩᠭᠤᠨ ᠬᠡᠷᠡᠭᠯᠡᠭᠰᠡᠨ ᠨᠢ ᠪᠠᠰᠨ ᠶᠡᠬᠡᠬᠡᠨ ᠤᠴᠢᠷ ᠢ ᠦᠬᠦᠯᠡᠬᠦ ᠮᠡᠲᠤ᠃ ᠦᠬᠡᠷ᠎ᠠ ᠪᠠᠷ ᠬᠡᠯᠡᠪᠡᠯ᠂ ᠴᠠᠨ ᠢᠥᠢ ᠶᠢᠨ ᠤᠷᠤ ᠶᠢ ᠵᠠᠯᠭᠠᠮᠵᠢᠯᠠᠭᠴᠢ ᠨᠢ ᠾᠦᠩᠨᠦ ᠶᠢᠨ ᠲᠦᠷᠦ ᠶᠢ ᠬᠠᠮᠠᠭᠠᠯᠠᠭᠴᠢ᠂ ᠴᠠᠨ ᠢᠥᠢ ᠶᠢᠨ ᠲᠤᠰᠠᠯᠠᠭᠴᠢ ᠬᠡᠮᠡᠭᠰᠡᠨ ᠰᠠᠨᠠᠭ᠎ᠠ ᠶᠢ ᠠᠭᠤᠯᠠᠭᠰᠠᠨ ᠠᠵᠠᠢ᠃          
  护于ᠦᠰᠦᠭ ᠦᠨ ᠲᠠᠭᠤᠳᠠᠯᠭ᠎ᠠ ᠶᠢ ᠵᠡᠬᠦᠨ ᠬᠠᠨ ᠤᠯᠤᠰ ᠤᠨ ᠦᠶ᠎ᠡ ᠶᠢᠨ︽ᠬᠢᠲᠠᠳ ᠦᠰᠦᠭ᠂ ᠤᠳᠬ᠎ᠠ ᠶᠢᠨ ᠲᠠᠢᠯᠪᠤᠷᠢ︾ᠲᠦ᠂ hu yu᠂ ᠮᠢᠨ ᠨᠠᠨ ᠠᠶᠠᠯᠭᠤᠨ ᠳᠤ ho/u y/᠂ ᠭᠤᠸᠠᠩᠵᠸᠤ ᠠᠶᠠᠯᠭᠤᠨ ᠳᠤ wu wu/jyu/᠂ ᠺᠧ ᠵᠢᠶ᠋ᠨ ᠠᠶᠠᠯᠭᠤᠨ ᠳᠤ fu yi ᠭᠡᠵᠤ ᠪᠤᠢ᠃         
护ᠦᠰᠦᠭ ᠦᠨ ᠳᠡᠭᠡᠳᠦ ᠡᠷᠲᠡᠨ ‍ᠣ ᠬᠢᠲᠠᠳ ᠬᠡᠯᠡᠨ ‍ᠣ ᠲᠠᠭᠤᠳᠠᠯᠭ᠎ᠠ  ᠰᠡᠷᠬᠦᠭᠡᠯᠳ᠋ᠨ  ᠢᠶᠡᠷ ᠪᠤᠯ ɢʷraːɡs︵https://www.zdic.net/zd/yy/sgy/%E6%8A%A4︶ ᠪᠤᠯᠤᠨ᠎ᠠ᠃        
于ᠦᠰᠦᠭ ᠦᠨ ᠲᠤᠬᠠᠢ ᠭᠡᠪᠡᠯ᠂ ᠠᠪᠢᠶᠠᠨ ‍ᠣ ᠬᠤᠪᠢᠷᠠᠯ᠂ ᠬᠢᠲᠠᠳ ᠬᠡᠯᠡᠨ᠎ᠡ ᠲᠡᠮᠳᠡᠭᠯᠡᠬᠦ ᠵᠠᠩᠰᠢᠯ ᠵᠡᠷᠭᠡ ᠶᠢ ᠳᠡᠭᠡᠷ᠎ᠠ ᠪᠢᠳ᠋ᠨ᠂ ᠵᠠᠩᠭᠠᠷ ᠭᠡᠬᠦ ᠦᠬᠡᠨ ‍ᠣ ᠵᠢᠱᠢᠶᠠᠨ ᠳᠡᠭᠡᠷ᠎ᠠ ᠲᠠᠢᠯᠪᠤᠷᠢᠯᠠᠭᠰᠠᠨ ᠤᠴᠢᠷ᠂ ᠡᠨᠳ᠋ᠨ ᠲᠠᠪᠲᠠᠬᠤ ᠦᠬᠡᠢ᠃      
  护于hù yú ᠬᠡᠳᠡᠭ ᠦᠬᠡ ᠶᠢ ᠬᠤᠩᠭᠤᠷ ᠭᠡᠵᠤ ᠰᠡᠷᠬᠦᠭᠡᠨ ᠤᠩᠰᠢᠬᠤ ᠪᠤᠯᠤᠮᠵᠢᠲᠠᠢ ᠭᠡᠵᠤ ᠦᠵᠡᠵᠦ ᠪᠤᠢ᠂ ᠲᠤᠤᠯᠢ ᠵᠠᠩᠭᠠᠷ ᠲᠤ᠂ ᠠᠷᠤ ᠪᠤᠮᠪᠠ ᠶᠢᠨ ᠡᠵᠡᠨ ᠪᠤᠯᠬᠤ ᠵᠠᠩᠭᠠᠷ ᠤᠨ ᠳᠠᠷᠠᠭ᠎ᠠ᠂ ᠬᠤᠩᠭᠤᠷ ᠬᠡᠳᠡᠭ ᠪᠠᠭᠠᠲᠤᠷ ᠤᠨ ᠨᠡᠷ᠎ᠠ ᠳᠤᠷᠠᠳᠤᠭᠳᠠᠨ᠎ᠠ᠂ ᠵᠠᠷᠢᠮ ᠰᠤᠳᠤᠯᠠᠭᠠᠴᠢᠳ ᠡᠴᠡ ᠲᠤᠤᠯᠢ ᠵᠠᠩᠭᠠᠷ ᠲᠤ᠂ ᠬᠤᠩᠭᠤᠷ ᠤᠨ ᠳᠦᠷᠢ ᠨᠢ ᠪᠠᠷᠤᠭ ᠵᠠᠩᠭᠠᠷ ᠤᠨ ᠳᠦᠷᠢ ᠡᠴᠡ ᠢᠯᠡᠬᠦᠦ ᠲᠤᠪᠤᠢᠮ᠎ᠠ ᠪᠠᠢᠳᠠᠭ ᠭᠡᠵᠤ ᠦᠵᠡᠳᠡᠭ ᠨᠢ ᠤᠷᠤ ᠦᠨᠳᠦᠰᠦ ᠲᠠᠢ ᠦᠬᠡ ᠪᠤᠯᠬᠤ ᠶᠤᠮ᠃ ᠨᠦᠬᠦᠬᠡ ᠲᠠᠯ᠎ᠠ ᠪᠠᠷ ᠵᠠᠩᠭᠠᠷ ᠬᠦᠭᠰᠢᠷᠡᠭᠡᠳ᠂ ᠠᠷᠤ ᠪᠤᠮᠪᠠ ᠶᠢᠨ ᠤᠷᠤᠨ ‍ᠣ ᠬᠠᠭᠠᠨ ‍ᠣ ᠴᠤᠯᠨ ᠢ ᠬᠤᠩᠭᠤᠷ ᠲᠤ ᠦᠭᠬᠦᠨ᠎ᠡ ᠭᠡᠳᠡᠭ ᠤᠢᠯᠨ ᠪᠤᠢ᠂ ᠡᠨᠳ᠋ᠨ ᠡᠴᠡ ᠦᠵᠡᠬᠦ ᠳᠦ᠂ ᠬᠤᠩᠭᠤᠷ ᠬᠡᠳᠡᠭ ᠦᠬᠡᠨ ‍ᠣ ᠠᠩᠬᠠᠨ ‍ᠣ ᠤᠳᠬ᠎ᠠ ᠨᠢ ᠬᠠᠭᠠᠨ ᠤᠷᠤ ᠶᠢᠨ ᠵᠠᠯᠭᠠᠮᠵᠢᠯᠠᠭᠴᠢ ᠪᠠᠢᠭᠰᠠᠨ ᠭᠡᠳᠡᠭ ᠢ ᠲᠤᠳᠤᠳᠬᠠᠵᠤ ᠪᠠᠢᠭ᠎ᠠ ᠶᠤᠮ᠃         
         
  ᠭᠤᠷᠪᠠ᠂ 屠耆ᠪᠤᠶᠤ ᠮᠡᠷᠭᠡᠨ         
  ᠡᠷᠲᠡᠨ ‍ᠣ ᠬᠢᠲᠠᠳ ᠲᠡᠥᠬᠡᠨ ᠰᠤᠷᠪᠤᠯᠵᠢ ᠶᠢᠨ ᠮᠡᠳᠡᠭᠡᠨ ᠡᠴᠡ ᠦᠵᠡᠪᠠᠯ᠂ ᠾᠦᠩᠨᠦ ᠶᠢᠨ ᠬᠠᠮᠤᠭ ᠤᠨ ᠳᠡᠭᠡᠳᠦ ᠤᠳᠤᠷᠢᠳᠤᠭᠴᠢ ᠪᠤᠯᠬᠤ ᠴᠠᠨ ᠢᠥᠢ ᠠᠴᠠ ᠳᠤᠭᠤᠭᠰᠢ ᠵᠡᠬᠦᠨ ᠪᠠᠷᠠᠭᠤᠨ ᠲᠦ᠋ ᠴᠢ ᠸᠠᠩ左右屠耆王ᠪᠤᠢ᠂ ᠾᠦᠩᠨᠦ ᠦᠬᠡ ᠪᠤᠯᠬᠤ ᠨᠢ ᠲᠤᠳᠤᠷᠬᠠᠢ᠂ ᠡᠨᠡ ᠴᠤᠯᠨ ᠬᠡᠷᠬᠡᠮ ᠢ ᠬᠢᠲᠠᠳ ᠬᠡᠯᠡᠨ ᠳᠦ ᠤᠷᠴᠢᠭᠤᠯᠤᠨ᠂ ᠵᠡᠬᠦᠨ ᠪᠠᠷᠠᠭᠤᠨ ᠮᠡᠷᠭᠡᠨ ᠸᠠᠩ左右贤王ᠭᠡᠵᠦ ᠲᠡᠮᠳᠡᠭᠯᠡᠵᠡᠢ᠃ ᠰᠧ ᠮᠠ ᠴᠢᠶᠠᠨ ‍ᠣ︽ᠲᠡᠥᠬᠡᠨ ᠲᠡᠮᠳᠡᠭᠯᠡᠯ᠂ ᠾᠦᠩᠨᠦ ᠶᠢᠨ ᠱᠠᠰᠲᠢᠷ︾ᠲᠦ︽匈奴 谓贤曰‘屠耆’,故常以太子为左屠耆王︾ ᠭᠡᠵᠤ ᠲᠡᠮᠳᠡᠭᠯᠡᠵᠡᠢ᠂ ᠡᠨᠡ ᠨᠢ ᠮᠡᠷᠭᠡᠨ ᠭᠡᠳᠡᠭ ᠦᠬᠡ ᠶᠢ ᠾᠦᠩᠨᠦ ᠬᠡᠯᠨ ᠢᠶᠡᠷ ᠲᠦ᠋ ᠴᠢ ᠭᠡᠵᠤ ᠬᠡᠯᠡᠳᠡᠭ᠂ ᠦᠷᠭᠦᠯᠵᠢ ᠬᠠᠭᠠᠨ ᠬᠦᠪᠡᠬᠦᠨ ᠢᠶᠡᠷ ᠵᠡᠬᠦᠨ ᠲᠦ᠋ ᠴᠢ ᠬᠠᠨ ᠪᠤᠯᠭᠠᠨ᠎ᠠ ᠭᠡᠰᠡᠨ ᠰᠠᠨᠠᠭ᠎ᠠ᠃ ᠦᠬᠡᠷ᠎ᠠ ᠪᠠᠷ ᠬᠡᠯᠡᠪᠡᠯ᠂ ᠵᠡᠬᠦᠨ ᠲᠦ᠋ ᠴᠢ ᠸᠠᠩ ᠭᠡᠰᠡᠨ ᠴᠤᠯᠨ ᠬᠡᠷᠬᠡᠮ ᠲᠠᠢ ᠴᠠᠨ ᠢᠥᠢ ᠶᠢᠨ ᠬᠦᠪᠡᠬᠦᠨ ᠨᠢ ᠴᠠᠨ ᠢᠥᠢ ᠶᠢᠨ ᠤᠷᠤ ᠶᠢ ᠵᠠᠯᠭᠠᠮᠵᠢᠯᠠᠭᠴᠢ ᠪᠤᠯᠬᠤ ᠠᠵᠠᠢ᠂ ᠪᠠᠰᠨ ᠪᠠᠷᠠᠭᠤᠨ ᠲᠦ᠋ ᠴᠢ ᠸᠠᠩ︵ᠪᠤᠶᠤ ᠪᠠᠷᠠᠭᠤᠨ ᠮᠡᠷᠭᠡᠨ ᠸᠠᠩ᠂ ᠴᠠᠨ ᠢᠥᠢ ᠶᠢᠨ ᠦᠬᠡᠷ᠎ᠠ ᠬᠦᠪᠡᠬᠦᠨ︶ᠭᠡᠵᠤ ᠪᠤᠢ᠂ ᠡᠷᠭᠡ ᠮᠡᠳᠡᠯ ᠨᠢ ᠴᠠᠨ ᠢᠥᠢ ᠶᠢᠨ ᠤᠷᠤ ᠶᠢ ᠵᠠᠯᠭᠠᠮᠵᠢᠯᠠᠭᠴᠢ ᠵᠡᠬᠦᠨ ᠲᠦ᠋ ᠴᠢ ᠸᠠᠩ ᠡᠴᠡ ᠳᠤᠤᠭᠤᠷ ᠪᠠᠢᠨ᠎ᠠ᠃         
屠耆ᠬᠡᠳᠡᠭ ᠨᠢ ᠬᠢᠲᠠᠳ ᠬᠡᠯᠡᠨ ᠳᠤ ᠭᠠᠯᠢᠭᠴᠢᠯᠠᠨ ᠪᠠᠭᠤᠯᠭᠠᠵᠤ ᠲᠡᠮᠳᠡᠭᠯᠡᠭᠰᠡᠨ ᠾᠦᠩᠨᠦ ᠦᠬᠡ᠂ ᠳᠡᠭᠡᠷᠡᠬᠢ ᠾᠦᠩᠨᠦ ᠴᠤᠯᠨ ᠳᠠᠬᠢ 王 ᠸᠠᠩ ᠨᠢ ᠢᠯᠡᠷᠬᠡᠢ ᠬᠢᠲᠠᠳ ᠦᠬᠡ ᠮᠦᠨ᠂ ᠨᠢᠭᠲᠠᠯᠠᠵᠤ ᠦᠵᠡᠪᠡᠯ᠂ ᠡᠷᠲᠡᠨ ‍ᠣ ᠬᠢᠲᠠᠳ ᠤᠨ ᠠᠯᠪᠠᠨ ᠲᠡᠥᠬᠡ ᠪᠢᠴᠢᠳᠡᠭ ᠰᠤᠳᠤᠷᠴᠢ ᠲᠦᠰᠢᠮᠡᠯ ᠨᠠᠷ ᠡᠴᠡ ᠾᠦᠩᠨᠦ ᠭᠦᠷᠦᠨ ‍ᠣ ᠬᠡᠷᠬᠡᠮ ᠴᠤᠯᠨ ᠶᠢ ᠲᠤᠬᠠᠢ ᠶᠢᠨ ᠦᠶ᠎ᠡ ᠶᠢᠨ ᠬᠠᠨ ᠤᠯᠤᠰ ᠤᠨ ᠲᠦᠷᠦ ᠶᠢᠨ ᠲᠦᠰᠢᠮᠡᠯ ᠦᠨ ᠬᠡᠷᠬᠡᠮ ᠴᠤᠯᠨ ᠲᠠᠢ ᠬᠠᠷᠢᠴᠠᠭᠤᠯᠤᠨ ᠦᠵᠡᠭᠰᠡᠨ ‍ᠣ ᠦᠨᠳᠦᠰᠦᠨ ᠳᠡᠭᠡᠷ᠎ᠠ᠂ ᠬᠢᠲᠠᠳ ᠲᠦᠷᠦ ᠶᠢᠨ王ᠪᠤᠶᠤ ᠸᠠᠩ ᠴᠤᠯᠨ ᠲᠠᠢ ᠠᠳᠠᠯᠢ ᠪᠠᠢᠨ᠎ᠠ ᠭᠡᠰᠡᠨ ᠤᠢᠯᠠᠭᠠᠯᠳ᠋ᠨ ᠶᠢᠨ ᠳᠠᠭᠠᠪ᠂ ᠳᠡᠭᠡᠷᠡᠬᠢ ᠮᠡᠲᠤ ᠪᠠᠷ ᠤᠳᠬᠠᠴᠢᠯᠠᠨ ᠤᠷᠴᠢᠭᠤᠯᠵᠤ ᠬᠡᠷᠡᠭᠯᠡᠵᠡᠢ᠃         
  ︽ᠬᠤᠵᠢᠭᠤ ᠬᠠᠨ ᠤᠯᠤᠰ ᠤᠨ ᠪᠢᠴᠢᠭ᠂ ᠡᠮᠦᠨᠠᠳᠦ ᠾᠦᠩᠨᠦ ᠶᠢᠨ ᠱᠠᠰᠲᠢᠷ︾ᠲᠤ᠂ ᠲᠦ᠋ ᠴᠢ ᠴᠠᠨ ᠢᠥᠢ︵屠耆单于ᠮᠠᠨ ‍ᠣ ᠡᠷᠢᠨ ‍ᠣ ᠡᠮᠦᠨᠠᠬᠢ 58-5  ᠬᠦᠷᠲᠡᠯ᠎ᠠ︶ᠭᠡᠵᠤ ᠪᠤᠢ᠃ ᠪᠠᠰᠨ孝ᠦᠰᠦᠭ ᠤᠷᠤᠭᠰᠠᠨ ᠴᠠᠨ ᠢᠥᠢ ᠤᠨ ᠨᠡᠷ᠎ᠠ ᠶᠢᠨ ᠲᠤᠬᠠᠢ᠂ ᠬᠤᠢᠨ᠎ᠠ ᠦᠶ᠎ᠡ ᠶᠢᠨ ᠰᠤᠳᠤᠷᠴᠢ ᠲᠦᠰᠢᠮᠡᠳ ᠦᠨ ᠵᠡᠬᠦᠯᠳ᠋ᠨ ᠬᠠᠳᠠᠭᠰᠠᠨ ᠢ ᠡᠨᠳ᠋ᠨ ᠡᠰᠢᠯᠡᠪᠡᠯ᠄︽ᠪᠢ ᠬᠡᠮᠡᠭᠴᠢ ᠶᠢᠨ ᠠᠪᠠᠭ᠎ᠠ ᠡᠴᠢᠬᠡ 孝ᠴᠠᠨ ᠢᠥᠢ ᠪᠤᠯᠬᠤ ᠯᠸᠢ ᠶᠢᠨ ᠦᠶ᠎ᠡ᠂ 汲本᠂ 殿本 ᠵᠡᠷᠭᠡ ᠪᠠᠷ ᠤᠨ ᠨᠤᠮ ᠳᠤ孝ᠦᠰᠦᠭ ᠪᠠᠢᠭᠰᠠᠨ ᠦᠬᠡᠢ᠂ ᠤᠷᠢᠳᠦᠬᠢ ᠪᠢᠴᠢᠭ︵ᠬᠠᠨ ᠤᠯᠤᠰ ᠤᠨ ᠪᠢᠴᠢᠭ ᠢ ᠵᠢᠭᠠᠵᠤ ᠪᠤᠢ︶ᠲᠤ᠂ ᠾᠦᠩᠨᠦ ᠶᠢ ᠦᠬᠦᠯᠡᠭᠰᠡᠨ ᠨᠢ᠄ ᠰᠢᠶᠠᠨ ᠨᠢ ᠤᠷᠤ ᠰᠠᠭᠤᠭᠠᠳ ᠲᠠᠪᠤᠨ ᠵᠢᠯ ᠪᠤᠯᠤᠭᠠᠳ᠂ ᠲᠢᠶᠠᠨ ᠫᠧᠩ ᠦᠨ ᠲᠠᠪᠤᠨ ᠤᠨ ᠨᠠᠰᠤ ᠪᠠᠷᠠᠪᠠ᠂ ᠲᠡᠬᠦᠦ ᠪᠤᠯᠬᠤ ᠵᠡᠬᠦᠨ ᠮᠡᠷᠭᠡᠨ ᠸᠠᠩ ᠪᠤᠯᠬᠤ ᠯᠸᠢ ᠤᠷᠤ ᠶᠢ ᠵᠠᠯᠭᠠᠮᠵᠢᠯᠠᠨ ᠰᠠᠭᠤᠪᠠ᠂ 呼都而屍道臯若鞮單於ᠬᠡᠮᠡᠪᠡ᠂ ᠾᠦᠩᠨᠦᠴᠤᠳ孝ᠭᠡᠳᠡᠭ ᠢ屠耆ᠭᠡᠵᠤ ᠬᠡᠯᠡᠨ᠎ᠡ᠂ ᠹᠠᠨ ᠡᠧ ᠶᠢᠨ ᠪᠢᠴᠢᠭ ᠲᠦ ᠤᠳᠬᠠᠴᠢᠯᠠᠨ ᠤᠷᠴᠢᠭᠤᠯᠠᠭᠠᠳ᠂ 孝單于ᠬᠡᠪᠡ᠂ ᠬᠤᠢᠨ᠎ᠠ ᠦᠶ᠎ᠡ ᠵᠢᠨ ᠬᠦᠮᠦᠰ ᠡᠰᠨ ᠤᠢᠯᠠᠭᠠᠭᠠᠳ᠂孝ᠦᠰᠦᠭ ᠢ ᠬᠠᠰᠦᠵᠠᠢ᠂ ᠳᠤᠤᠷ᠎ᠠ ᠪᠢᠳ᠋ᠨ᠂ ᠪᠸᠢ ᠳ᠋ᠢ ᠡᠴᠡ ᠬᠤᠢᠨᠠᠨᠬᠢ ᠠᠭᠤᠯᠭ᠎ᠠ ᠳᠤ ᠪᠠᠰᠨ孝單于 ᠬᠡᠮᠡᠨ ᠲᠡᠮᠳᠡᠭᠯᠡᠬᠦ ᠪᠤᠯᠤᠨ᠎ᠠ︾ ᠭᠡᠵᠤ ᠲᠤᠳᠤᠷᠬᠠᠢᠯᠠᠭᠰᠠᠨ ᠪᠠᠢᠨ᠎ᠠ᠃ ᠡᠨᠳ᠋ᠨ屠耆ᠭᠡᠰᠡᠨ ᠨᠢ ᠾᠦᠩᠨᠦ ᠦᠬᠡ ᠪᠦᠭᠡᠳ ᠮᠡᠷᠭᠡᠨ ᠬᠡᠮᠡᠭᠰᠡᠨ ᠤᠳᠬ᠎ᠠ ᠲᠠᠢ ᠪᠠᠢᠭ᠎ᠠ ᠶᠢ ᠮᠡᠳᠡᠵᠦ ᠪᠤᠯᠤᠨ᠎ᠠ᠃         
  屠耆ᠭᠡᠰᠡᠨ ᠦᠰᠦᠭ ᠦᠨ ᠲᠠᠭᠤᠳᠠᠯᠭ᠎ᠠ ᠶᠢ ᠵᠡᠬᠦᠨ ᠬᠠᠨ ᠤᠯᠤᠰ ᠤᠨ︽ᠬᠢᠲᠠᠳ ᠦᠰᠦᠭ᠂ ᠤᠳᠬ᠎ᠠ ᠶᠢᠨ ᠲᠠᠢᠯᠪᠤᠷᠢ︾ᠲᠤ᠂ tú qí᠂ ᠮᠢᠨ ᠨᠠᠨ ᠠᠶᠠᠯᠭᠤᠨ ᠳᠤ do gi᠂ ᠭᠤᠸᠠᠩᠵᠸᠤ ᠠᠶᠠᠯᠭᠤᠨ ᠳᠤ tou kei᠂ ᠺᠧ ᠵᠢᠶᠠ ᠠᠶᠠᠯᠭᠤᠨ ᠳᠤtu ? ᠭᠡᠵᠤ ᠪᠠᠢᠨ᠎ᠠ᠃        
  屠ᠦᠰᠦᠭ ᠦᠨ ᠳᠡᠭᠡᠳᠦ ᠡᠷᠲᠡᠨ ‍ᠣ ᠬᠢᠲᠠᠳ ᠬᠡᠯᠡᠨ ‍ᠣ ᠲᠠᠭᠤᠳᠠᠯᠭ᠎ᠠ ᠰᠡᠷᠬᠦᠭᠡᠯᠳ᠋ᠨ ᠢᠶᠡᠷ ᠪᠤᠯdaː᠂da᠂ 耆 ᠦᠰᠦᠭ ᠦᠨ ᠳᠡᠭᠡᠳᠦ ᠡᠷᠲᠡᠨ ‍ᠣ ᠬᠢᠲᠠᠳ ᠬᠡᠯᠡᠨ ‍ᠣ ᠲᠠᠭᠤᠳᠠᠯᠭ᠎ᠠ ᠰᠡᠷᠭᠦᠭᠡᠯᠳ᠋ᠨ ᠢᠶᠡᠷ ᠪᠤᠯɡri ᠪᠠᠢᠨ᠎ᠠ᠃             
  屠耆ᠭᠡᠬᠦ ᠡᠨᠡ ᠦᠬᠡ ᠨᠢ ᠲᠤᠤᠯᠢ ᠵᠠᠩᠭᠠᠷ ᠲᠤ᠂ ᠴᠤᠯᠨ ᠬᠡᠷᠬᠡᠮ ᠢ ᠵᠢᠭᠠᠭᠰᠠᠨ ᠠᠯᠳᠠᠷ ᠲᠤᠷᠴᠨ᠂ ᠮᠡᠷᠭᠡᠨ ᠲᠤᠷᠴᠨ ᠭᠡᠰᠡᠨ ‍ᠣ ᠲᠤᠷᠴᠨ ᠭᠡᠰᠡᠨ ᠦᠬᠡ ᠪᠠᠢᠬᠤ ᠮᠠᠭᠠᠳᠯᠠᠯ ᠪᠤᠢ᠂ ᠲᠠᠭᠤᠳᠠᠯᠭ᠎ᠠ ᠶᠢᠨ ᠬᠤᠪᠢ ᠳᠤ ᠠᠳᠠᠯᠢ᠂ ᠤᠳᠬ᠎ᠠ ᠶᠢᠨ ᠬᠤᠪᠢ ᠳᠤ᠂ ᠲᠤᠤᠯᠢ ᠵᠠᠩᠭᠠᠷ ᠳᠡᠬᠢ ᠮᠡᠷᠭᠡᠨ+ᠲᠤᠷᠴᠨ ᠬᠡᠳᠡᠭ ᠦᠬᠡ ᠨᠢ ᠲᠡᠥᠬᠡᠨ ᠰᠤᠷᠪᠤᠯᠵᠢ ᠳᠠᠬᠢ贤+屠耆ᠭᠡᠰᠡᠨ ᠲᠠᠢᠯᠪᠤᠷᠢ ᠲᠠᠢ ᠲᠠᠭᠠᠷᠠᠨ᠎ᠠ ᠃         
  ᠲᠤᠷᠴᠨ ᠭᠡᠰᠡᠨ ᠦᠬᠡ ᠶᠢ ᠠᠬᠢᠭᠠᠳ ᠰᠢᠬᠦᠵᠡᠤ ᠦᠵᠡᠪᠡᠯ᠂ ᠡᠨᠡ ᠨᠢ ᠲᠦᠷᠦᠴᠢ ᠭᠡᠰᠡᠨ ᠦᠬᠡ ᠪᠠᠢᠨ᠎ᠠ᠂ ᠢᠷᠦᠬᠡᠳᠦᠢ ᠶᠢᠨ ᠲᠦᠷᠦ ᠪᠠᠷᠢᠭᠴᠢ ᠪᠤᠶᠤ ᠬᠠᠭᠠᠨ ᠡᠴᠢᠬᠡ ᠶᠢᠨ ᠬᠢ ᠪᠡᠨ ᠤᠷᠤ ᠶᠢ ᠵᠠᠯᠭᠠᠮᠵᠢᠯᠠᠭᠴᠢ ᠬᠡᠰᠡᠨ ᠦᠨᠳᠦᠰᠦᠨ ᠤᠳᠬ᠎ᠠ ᠭᠠᠷᠬᠤ ᠪᠦᠬᠡᠳ ᠡᠷᠲᠡ ᠳᠡᠭᠡᠷ᠎ᠠ ᠦᠶ᠎ᠡ ᠢᠩᠬᠢᠵᠤ ᠬᠡᠷᠡᠭᠯᠡᠵᠦ ᠪᠠᠢᠭᠰᠠᠨ᠂ ᠪᠢᠳ᠋ᠨ ᠵᠦᠪᠬᠢᠨ ᠡᠬᠦᠨ ᠢ ᠦᠯᠦ ᠤᠬᠠᠭᠠᠷᠠᠨ ᠦᠨᠦ ᠬᠦᠷᠦᠭᠰᠡᠨ ᠪᠠᠢᠬᠤ᠃  
      
         
  ᠳᠦᠷᠪᠠ᠂ ᠠᠷᠰᠯᠠᠨ         
  ᠮᠤᠩᠭᠤᠯ ᠬᠢᠲᠠᠳ ᠭᠠᠵᠠᠷ᠂ ᠤᠭ ᠠᠴᠠ ᠪᠠᠨ ᠠᠷᠰᠯᠠᠨ ᠭᠡᠳᠡᠭ ᠠᠷᠢᠶᠠᠲᠠᠨ ᠪᠠᠢᠳᠠᠭ ᠦᠬᠡᠢ᠂ ᠬᠠᠨ ᠤᠯᠤᠰ ᠤᠨ ᠦᠶ᠎ᠡ ᠳᠦ᠂ ᠲᠤᠬᠠᠢ ᠶᠢᠨ ᠦᠶ᠎ᠡ ᠶᠢᠨ ᠪᠠᠷᠠᠭᠤᠨ ᠤᠷᠤᠨ ᠲᠠᠢ᠂ ᠢᠯᠠᠩᠭᠤᠶ᠎ᠠ ᠡᠷᠲᠡᠨ ‍ᠣ ᠫᠧᠷᠰ ᠲᠠᠢ ᠬᠠᠷᠢᠯᠴᠠᠭ᠎ᠠ ᠲᠠᠢ ᠪᠤᠯᠤᠭᠰᠠᠨ ᠢᠶᠠᠷ᠂ ᠠᠷᠰᠯᠠᠨ ᠬᠡᠳᠡᠭ ᠠᠷᠢᠶᠠᠲᠠᠨ ᠠᠮᠢᠲᠠᠨ ‍ᠣ ᠲᠤᠬᠠᠢ ᠤᠢᠯᠠᠭᠠᠯᠳ᠋ᠨ᠂ ᠬᠢᠲᠠᠳ ᠭᠠᠵᠠᠷ ᠪᠤᠢ ᠪᠤᠯᠤᠭᠰᠠᠨ᠃ ᠠᠩᠬ᠎ᠠ ᠬᠢᠲᠠᠳ ᠬᠡᠯᠡᠨ ᠳᠦ ᠠᠷᠰᠯᠠᠨ ᠢ師子 ᠭᠡᠬᠦ ᠬᠢᠲᠠᠳ ᠦᠰᠦᠭ ᠢᠶᠡᠷ ᠲᠡᠮᠳᠡᠭᠯᠡᠪᠡ᠂ ︽ᠬᠤᠵᠢᠭᠤ ᠬᠠᠨ ᠤᠯᠤᠰ ᠤᠨ ᠪᠢᠴᠢᠭ᠂ ᠾᠧ ᠳ᠋ᠢ ᠶᠢᠨ ᠨᠠᠮᠲᠠᠷ︾ᠲᠤ᠂ ᠠᠨ ᠰᠢ︵安西 ᠡᠷᠲᠡᠨ ‍ᠣ ᠫᠧᠷᠰ︶ᠤᠯᠤᠰ ᠠᠴᠠ ᠬᠠᠨ ᠤᠯᠤᠰ ᠲᠤ ᠪᠡᠯᠡᠭ ᠪᠤᠯᠭᠠᠨ ᠠᠷᠰᠯᠠᠨ ᠪᠠᠷᠢᠭᠰᠠᠨ ᠭᠡᠵᠡᠢ᠃ ᠲᠤᠬᠠᠢ ᠶᠢᠨ ᠦᠶ᠎ᠡ ᠳᠦ ᠫᠧᠷᠰ ᠡᠴᠡ ᠪᠠᠷᠠᠭᠤᠨ ᠤᠷᠤᠨ ᠬᠦᠷᠲᠡᠯ᠎ᠠ ᠠᠷᠰᠯᠠᠨ ᠡᠷᠬᠢᠮᠡᠯᠳᠡᠭ ᠵᠠᠩᠰᠢᠯ ᠲᠠᠢ ᠠᠵᠠᠢ᠂ ᠡᠨᠡ ᠲᠤᠬᠠᠢ ᠲᠤᠳᠤᠷᠬᠠᠢ ᠵᠢᠱᠢᠶ᠎ᠡ ᠨᠦᠭᠥᠳ ᠢ ᠳᠤᠷᠠᠳᠪᠠᠯ᠄︽ᠤᠮᠠᠷᠠᠳᠤ ᠲᠦᠷᠦ ᠶᠢᠨ ᠲᠡᠥᠬᠡ᠂ ᠪᠠᠷᠠᠭᠤᠨ ᠤᠷᠤᠨ ‍ᠣ ᠱᠠᠰᠲᠢᠷ︾ᠲᠤ᠂ ᠴᠢᠤ ᠽᠢ ᠤᠯᠤᠰ ᠤᠨ ᠸᠠᠩ ᠨᠢ︽ᠲᠤᠯᠤᠭᠠᠢ ᠳᠠᠭᠠᠨ ᠦᠩᠬᠡᠲᠠᠢ ᠵᠠᠯᠠᠭ᠎ᠠ ᠤᠶᠠᠵᠤ᠂ ᠬᠤᠢᠰᠢ ᠨᠢ ᠤᠨᠵᠢᠢᠯᠭᠠᠨ᠂ ᠠᠯᠲᠠᠨ ᠠᠷᠰᠯᠠᠩᠲᠤ ᠰᠠᠨᠳᠠᠯᠢ ᠳᠡᠭᠡᠷ᠎ᠠ ᠰᠠᠭᠤᠨ᠎ᠠ︾ ᠭᠡᠵᠡᠢ᠂ ︽ᠸᠸᠢ ᠤᠯᠤᠰ ᠤᠨ ᠪᠢᠴᠢᠭ᠂ᠲᠦ᠋ ᠢᠥᠢ ᠾᠦᠨ ‍ᠣ ᠱᠠᠰᠲᠢᠷ︾ᠲᠤ᠂ ᠬᠦᠬᠡᠨᠠᠭᠤᠷ ᠲᠤ ᠨᠤᠲᠤᠭᠯᠠᠭᠰᠠᠨ ᠲᠦ᠋ ᠢᠥᠢ ᠾᠦᠨ ‍ᠣ ᠬᠠᠭᠠᠨ ᠨᠢ︽ᠢᠰᠡᠬᠡᠢ ᠮᠠᠯᠠᠭᠠᠢ ᠡᠮᠦᠰᠴᠤ᠂ ᠠᠯᠲᠠᠨ ᠠᠷᠰᠯᠠᠩᠲᠤ ᠰᠠᠨᠳᠠᠯᠢ ᠳᠡᠭᠡᠷ᠎ᠠ ᠰᠠᠭᠤᠨ᠎ᠠ︾ ᠭᠡᠵᠡᠢ᠃ ᠲᠡᠥᠬᠡᠨ ᠰᠤᠷᠪᠤᠯᠵᠢ ᠠᠴᠠ ᠦᠵᠡᠪᠡᠯ᠂ ᠠᠷᠰᠯᠠᠨ ᠢ ᠳᠡᠭᠡᠳᠦᠯᠡᠳᠡᠭ ᠵᠠᠩᠰᠢᠯ ᠨᠢ ᠮᠦᠨ ᠾᠦᠩᠨᠦᠴᠤᠳ ᠤᠨ ᠵᠠᠩᠰᠢᠯ ᠪᠠᠢᠭᠰᠠᠨ ᠪᠤᠯᠤᠯᠲᠠᠢ᠂ ᠡᠮᠦᠨᠠᠳᠦ ᠾᠦᠩᠨᠦ ᠶᠢᠨ ᠦᠶ᠎ᠡ ᠳᠦ᠂师子ᠪᠤᠶᠤ ᠠᠷᠰᠯᠠᠨ ᠭᠡᠬᠦ ᠨᠠᠷ᠎ᠠ ᠳᠤᠷᠠᠳᠤᠭᠳᠠᠨ᠎ᠠ᠃ 师子ᠦᠰᠦᠭ ᠦᠨ ᠲᠠᠭᠤᠳᠠᠯᠭ᠎ᠠ ᠶᠢ ᠵᠡᠬᠦᠨ ᠬᠠᠨ ᠤᠯᠤᠰ ᠤᠨ ᠦᠶ᠎ᠡ ᠶᠢᠨ︽ᠬᠢᠲᠠᠳ ᠦᠰᠦᠭ᠂ ᠤᠳᠬ᠎ᠠ ᠶᠢᠨ ᠲᠠᠢᠯᠪᠤᠷᠢ︾ᠲᠤ᠂ shī zǐ᠂ ᠳᠡᠭᠡᠳᠦ ᠡᠷᠲᠡᠨ ‍ᠣ ᠬᠢᠲᠠᠳ ᠬᠡᠯᠡᠨ ‍ᠣ ᠲᠠᠭᠤᠳᠠᠯᠭ᠎ᠠ ᠰᠡᠷᠬᠦᠭᠡᠯᠳ᠋ᠨ ᠢᠶᠡᠷ ᠪᠤᠯ Sruds/ srud /᠂ ᠮᠢᠨ ᠨᠠᠨ ᠠᠶᠠᠯᠭᠤᠨ ᠳᠤsai/sy/ zi/zy/᠂ ᠭᠤᠸᠠᠩᠵᠸᠤ ᠠᠶᠠᠯᠭᠤᠨ ᠳᠤsi zi᠂ ᠺᠧ ᠵᠢᠶᠠ ᠠᠶᠠᠯᠭᠤᠨ ᠳᠤ su zu ᠭᠡᠵᠤ ᠪᠤᠢ᠃       
 
  
  ᠲᠤᠤᠯᠢ ᠵᠠᠩᠭᠠᠷ ᠲᠤ ᠠᠷᠤ ᠪᠤᠮᠪᠠ ᠶᠢᠨ ᠤᠷᠤᠨ ‍ᠣ ᠪᠠᠭᠠᠲᠤᠷ ᠤᠳ ᠤᠨ ᠠᠬᠠᠯᠠᠭᠴᠢ ᠶᠢ ᠠᠷᠰᠯᠠᠨ ᠶᠢᠨ ᠠᠷᠠᠭ ᠤᠯᠠᠭᠠᠨ ᠬᠤᠩᠭᠤᠷ ᠬᠡᠳᠡᠭ᠂ ᠲᠤᠤᠯᠢ ᠵᠠᠩᠭᠠᠷ ᠶᠢᠨ ᠠᠭᠤᠯᠭ᠎ᠠ ᠠᠴᠠ ᠦᠵᠡᠬᠦ ᠳᠦ᠂ ᠠᠷᠰᠯᠠᠨ ᠬᠡᠳᠡᠭ ᠴᠤᠯᠨ ᠨᠢ ᠭᠠᠭᠴᠠᠬᠠᠨ ᠬᠤᠩᠭᠤᠷ ᠢᠶᠠᠷ ᠬᠢᠵᠠᠭᠠᠷᠯᠠᠭᠳᠠᠭᠠᠳ ᠦᠬᠡᠢ᠂ ᠵᠢᠱᠢᠶᠡᠯᠡᠪᠡᠯ᠌᠄ ᠠᠷᠠᠵᠠ ᠶᠢᠨ 6000 ᠠᠷᠰᠯᠠᠨ᠂ ᠠᠷᠠᠵᠠ ᠶᠢᠨ 8000 ᠠᠷᠰᠯᠠᠨ᠂ 10000 ᠠᠷᠰᠯᠠᠨ ᠪᠠᠭᠠᠲᠤᠷ ᠲᠠᠢ ᠬᠡᠳᠡᠭ ᠬᠡᠯᠡᠯᠬᠡ ᠡᠯᠪᠡᠭ ᠲᠤᠬᠢᠶᠠᠯᠳᠤᠨ᠎ᠠ᠃         
         
  ᠲᠠᠪᠤ᠂ 僮仆 ᠪᠤᠶᠤ ᠪᠤᠳᠤᠩ         
  ︽ᠬᠠᠨ ᠤᠯᠤᠰ ᠤᠨ ᠪᠢᠴᠢᠭ᠂ ᠪᠠᠷᠠᠭᠤᠨ ᠤᠷᠤᠨ ‍ᠣ ᠱᠠᠰᠲᠢᠷ ᠳᠡᠭᠡᠳᠦ︾ᠳᠦ᠂ ᠪᠠᠷᠠᠭᠤᠨ ᠤᠷᠤᠨ ‍ᠣ ᠭᠤᠴᠢᠨ ᠬᠡᠳᠦᠨ ᠬᠤᠳ᠋ᠨ ᠰᠠᠭᠤᠷᠢᠨ ‍ᠣ ᠤᠯᠤᠰ ᠠᠴᠠ ᠠᠯᠪᠠ ᠲᠠᠲᠠᠪᠤᠷᠢ ᠬᠤᠷᠢᠶᠠᠳᠠᠭ ᠲᠦᠰᠢᠮᠡᠯ ᠢ僮僕都尉ᠭᠡᠵᠤ ᠲᠡᠮᠳᠡᠭᠯᠡᠭᠰᠡᠨ ᠪᠤᠢ᠂僮仆 ᠭᠡᠵᠤ᠂ ᠬᠢᠲᠠᠳ ᠦᠰᠦᠭ ᠢᠶᠡᠷ ᠭᠠᠯᠢᠭᠴᠢᠯᠠᠨ ᠲᠡᠮᠳᠡᠭᠯᠡᠭᠰᠡᠨ ᠾᠦᠩᠨᠦᠦᠬᠡ ᠪᠤᠯᠤᠨ᠎ᠠ᠂ 都尉ᠭᠡᠵᠤ ᠲᠤᠬᠠᠢ ᠶᠢᠨ ᠦᠶ᠎ᠡ ᠶᠢᠨ ᠬᠠᠨ ᠤᠯᠤᠰ ᠤᠨ ᠴᠡᠷᠢᠭ ᠦᠨ ᠳᠠᠷᠤᠭ᠎ᠠ ᠶᠢᠨ ᠴᠤᠯᠨ ᠬᠡᠷᠬᠡᠮ ᠪᠤᠯᠤᠨ᠎ᠠ᠂ ᠠᠵᠢᠭᠯᠠᠵᠤ ᠦᠵᠡᠪᠡᠯ᠂ ᠡᠨᠡᠬᠦ ᠾᠦᠩᠨᠦ ᠴᠤᠯᠨ ᠬᠡᠷᠬᠡᠮ ᠢ ᠤᠢᠯᠠᠭᠠᠮᠵᠢᠲᠠᠢ ᠪᠠᠢᠯᠭᠠᠬᠤ ᠡᠬᠦᠳᠡᠨ ᠡᠴᠡ᠂ ᠲᠤᠬᠠᠢ ᠶᠢᠨ ᠦᠶ᠎ᠡ ᠶᠢᠨ ᠬᠠᠨ ᠤᠯᠤᠰ ᠤᠨ ᠴᠡᠷᠢᠭ ᠦᠨ ᠳᠠᠷᠤᠭ᠎ᠠ ᠶᠢᠨ ᠴᠤᠯᠨ ᠬᠡᠷᠬᠡᠮ ᠲᠠᠢ ᠬᠠᠷᠢᠴᠠᠭᠤᠯᠤᠨ ᠦᠵᠡᠵᠤ᠂ ᠾᠦᠩᠨᠦ ᠴᠤᠯᠨ ᠬᠡᠷᠬᠡᠮ ᠦᠨ ᠳᠠᠷᠠᠭ᠎ᠠ᠂ ᠡᠷᠲᠡᠨ ‍ᠣ ᠬᠢᠲᠠᠳ ᠴᠡᠷᠢᠭ ᠦᠨ ᠳᠠᠷᠤᠭ᠎ᠠ ᠶᠢᠨ ᠴᠤᠯᠨ ᠬᠡᠷᠭᠡᠮ ᠢ ᠨᠡᠮᠡᠵᠤ ᠲᠤᠳᠤᠳᠬᠠᠨ ᠲᠡᠮᠳᠡᠭᠯᠡᠭᠰᠡᠨ ᠠᠵᠠᠢ᠃          
  僮仆ᠦᠰᠦᠭ ᠦᠨ ᠲᠠᠭᠤᠳᠠᠯᠭ᠎ᠠ ᠶᠢ ᠵᠡᠬᠦᠨ ᠬᠠᠨ ᠤᠯᠤᠰ ᠤᠨ ᠦᠶ᠎ᠡ ᠶᠢᠨ︽ᠬᠢᠲᠠᠳ ᠦᠰᠦᠭ᠂ ᠤᠳᠬ᠎ᠠ ᠶᠢᠨ ᠲᠠᠢᠯᠪᠤᠷᠢ︾ᠳᠦ᠂ tóng pú᠂ ᠳᠡᠭᠡᠳᠦ ᠡᠷᠲᠡᠨ ‍ᠣ ᠬᠢᠲᠠᠳ ᠬᠡᠯᠡᠨ ‍ᠣ ᠲᠠᠭᠤᠳᠠᠯᠭ᠎ᠠ ᠰᠡᠷᠬᠦᠭᠡᠯᠳ᠋ᠨ ᠢᠶᠡᠷ ᠪᠤᠯ doːŋ pʰoːɡs ᠂ ᠮᠢᠨ ᠨᠠᠨ ᠠᠶᠠᠯᠭᠤᠨ ᠳᠤdong bok/pak pok/᠂ ᠭᠤᠸᠠᠩᠵᠸᠤ ᠠᠶᠠᠯᠭᠤᠨ ᠳᠤtung fu/buk puk/᠂ ᠺᠧ ᠵᠢᠶᠠ ᠠᠶᠠᠯᠭᠤᠨ ᠳᠤ ? fu ᠭᠡᠵᠤ ᠪᠤᠢ᠃   
 
  
  僮仆ᠭᠡᠳᠡᠭ ᠦᠬᠡ ᠶᠢ ᠪᠢᠳ᠋ᠨ ᠪᠤᠳᠤᠩ ᠬᠡᠮᠡᠨ ᠰᠡᠷᠬᠦᠭᠡᠨ ᠤᠩᠰᠢᠬᠤ ᠶᠤᠰᠤᠲᠠᠢ ᠭᠡᠵᠤ ᠪᠤᠳᠤᠵᠤ ᠪᠤᠢ᠂ ᠲᠤᠤᠯᠢ ᠵᠠᠩᠭᠠᠷ ᠲᠤ᠂ ᠡᠩ ᠦᠨ ᠭᠤᠴᠢᠨ ᠲᠠᠪᠤᠨ ᠪᠤᠳᠤᠩ᠂ ᠰᠤᠯᠨ ᠶᠢᠨ ᠭᠤᠴᠢᠨ ᠪᠤᠳᠤᠩ᠂ ᠠᠮᠢᠨ ᠮᠡᠲᠤ ᠭᠤᠴᠢᠨ ᠪᠤᠳᠤᠩ ᠭᠡᠬᠦ ᠬᠡᠯᠡᠴᠨ ᠪᠤᠢ᠂ ᠲᠤᠤᠯᠢ ᠶᠢᠨ ᠬᠡᠯᠡᠯᠬᠡ ᠪᠡᠷ ᠪᠤᠯ︽᠁ ᠪᠠᠷᠠᠭᠤᠨ ‍ᠣ ᠭᠤᠴᠢᠨ ᠲᠠᠪᠤᠨ ᠪᠤᠳᠤᠩ᠂ ᠠᠯᠲᠠᠨ ᠴᠡᠭᠡᠵᠢ ᠪᠡᠷ ᠠᠬᠠᠯᠠᠭᠤᠯᠠᠭᠰᠠᠨ ᠪᠠᠭᠠᠲᠤᠷ ᠤᠳ᠁︾ᠪᠤᠶᠤ︽᠁ ᠵᠡᠬᠦᠨ ‍ᠣ ᠭᠤᠴᠢᠨ ᠲᠠᠪᠤᠨ ᠪᠤᠳᠤᠩ᠂ ᠵᠡᠬᠦᠳᠦᠨ ᠨᠤᠶᠠᠨ ᠭᠦᠮᠪᠡ ᠪᠡᠷ ᠠᠬᠠᠯᠠᠭᠤᠯᠠᠭᠰᠠᠨ ᠪᠠᠭᠠᠲᠤᠷ ᠤᠳ᠁︾ᠬᠡᠳᠡᠭ᠂ ᠡᠳᠡᠭᠡᠷ ᠴᠤᠯᠨ ᠬᠡᠷᠬᠡᠮ ᠨᠢ ᠴᠡᠷᠢᠭ ᠦᠨ ᠴᠤᠯᠨ ᠪᠤᠯᠬᠤ ᠨᠢ ᠲᠤᠳᠤᠷᠬᠠᠢ᠂ ᠳᠡᠭᠡᠷ᠎ᠠ ᠳᠤᠷᠠᠳᠤᠭᠳᠠᠭᠰᠠᠨ ᠡᠩ ᠦᠨ ᠭᠤᠴᠢᠨ ᠲᠠᠪᠤᠨ ᠪᠤᠳᠤᠩ᠂ ᠰᠤᠯᠨ ᠤ ᠭᠤᠴᠢᠨ ᠲᠠᠪᠤᠨ ᠪᠤᠳᠤᠩ᠂ ᠠᠮᠢᠨ ᠮᠡᠲᠤ ᠭᠤᠴᠢᠨ ᠲᠠᠪᠤᠨ ᠪᠤᠳᠤᠩ ᠭᠡᠳᠡᠭ ᠨᠢ ᠨᠢᠬᠡ ᠯᠠ ᠶᠠᠭᠤᠮ᠎ᠠ ᠪᠤᠯᠵᠤ ᠠᠵᠢᠭᠯᠠᠭᠳᠠᠨ᠎ᠠ᠃ 
 
  
      
  ᠵᠢᠷᠭᠤᠭ᠎ᠠ᠂ 诺鞮 ᠪᠤᠶᠤ ᠨᠤᠶᠠᠨ         
  若鞮᠂ ᠬᠢᠲᠠᠳ ᠬᠡᠯᠡᠨ ᠳᠦ ᠭᠠᠯᠢᠭᠴᠢᠯᠠᠨ ᠪᠠᠭᠤᠯᠭᠠᠵᠤ ᠲᠡᠮᠳᠡᠭᠯᠡᠭᠰᠡᠨ ᠾᠦᠩᠨᠦ ᠦᠬᠡ᠂ ᠡᠷᠲᠡᠨ ‍ᠣ ᠦᠶ᠎ᠡ᠂ ᠢᠯᠠᠩᠭᠤᠶ᠎ᠠ ᠡᠮᠦᠨᠠᠳᠦ ᠾᠦᠩᠨᠦ ᠶᠢᠨ ᠦᠶ᠎ᠡ ᠶᠢᠨ ᠴᠠᠨ ᠢᠥᠢ ᠭᠡᠳᠡᠭ ᠴᠤᠯᠨ ᠦ ᠡᠮᠦᠨ᠎ᠠ᠂ 若鞮ᠭᠡᠰᠡᠨ ᠦᠬᠡ ᠶᠢ ᠬᠡᠷᠡᠭᠯᠡᠵᠦ ᠪᠠᠢᠪᠠ᠂︽ᠬᠤᠵᠢᠭᠤ ᠬᠠᠨ ᠤᠯᠤᠰ  ᠪᠢᠴᠢᠭ᠂ ᠡᠮᠦᠨᠠᠳᠦ ᠾᠦᠩᠨᠦ ᠶᠢᠨ ᠱᠠᠰᠲᠢᠷ︾ᠲᠤ ᠲᠡᠮᠳᠡᠭᠯᠡᠭᠰᠡᠨ ᠢᠶᠡᠷ 孝ᠪᠤᠶᠤ ᠠᠴᠢᠯᠠᠯᠲᠤ︖ ᠭᠡᠰᠡᠨ ᠤᠳᠬ᠎ᠠ ᠲᠠᠢ ᠭᠡᠵᠡᠢ᠂ ᠮᠡᠳᠡᠭᠡᠵᠢ ᠶᠢᠨ ᠬᠡᠷᠡᠭ᠂ ᠡᠨᠡᠬᠦ ᠲᠡᠥᠬᠡᠨ ᠲᠡᠮᠳᠡᠭᠯᠡᠯ ᠦᠨ ᠰᠠᠨᠠᠭ᠎ᠠ ᠪᠤᠯ᠂ ᠡᠨᠡ ᠦᠬᠡ ᠶᠢ ᠾᠦᠩᠨᠦ ᠬᠡᠯᠡᠨ ᠳᠦ 若鞮ᠭᠡᠵᠤ ᠤᠩᠰᠢᠳᠠᠭ᠂ ᠾᠦᠩᠨᠦᠴᠤᠳ ᠤᠨ ᠡᠨᠡᠬᠦ若鞮 ᠭᠡᠰᠡᠨ ᠬᠡᠷᠬᠡᠮ ᠴᠤᠯᠨ ᠢ ᠬᠢᠲᠠᠳ ᠤᠳ ᠠᠴᠢᠯᠠᠯᠲᠤ︖ ᠬᠡᠮᠡᠨ ᠲᠠᠢᠯᠪᠤᠷᠢᠯᠠᠭᠰᠠᠨ ᠪᠤᠯᠤᠨ᠎ᠠ᠃ ᠡᠮᠦᠨᠠᠳᠦ ᠾᠦᠩᠨᠦ ᠶᠢᠨ  ᠬᠠᠨ ᠶᠧ ᠴᠠᠨ ᠢᠥᠢ ᠶᠢᠨ ᠵᠢᠷᠭᠤᠭᠠᠨ ᠬᠦᠪᠡᠬᠦᠨ ᠪᠦᠬᠦᠳᠡᠭᠡᠷ ᠢᠶᠡᠨ 若鞮ᠬᠡᠮᠡᠭᠰᠡᠨ ᠴᠤᠯᠨ ᠲᠠᠢ ᠪᠠᠢᠪᠠ᠃ ᠡᠷᠲᠡᠨ ‍ᠣ ᠬᠢᠲᠠᠳ ᠤᠨ ᠲᠡᠥᠬᠡᠨ ᠰᠤᠷᠪᠤᠯᠵᠢ ᠳᠤ若鞮᠂ ᠾᠦᠩᠨᠦ ᠦᠬᠡ ᠶᠢ ᠪᠠᠰᠨ ᠳᠦᠬᠦᠮᠴᠢᠯᠡᠨ鞮ᠭᠡᠵᠤ ᠲᠡᠮᠳᠡᠭᠯᠡᠭᠰᠡᠨ ᠪᠦᠭᠡᠳ鞮 ᠭᠡᠬᠦ ᠦᠭᠡ ᠤᠷᠤᠭᠰᠠᠨ ᠡᠮᠦᠨᠠᠳᠦ ᠾᠦᠩᠨᠦ ᠶᠢᠨ ᠴᠠᠨ ᠢᠥᠢ ᠡᠴᠡ11 ᠬᠦᠮᠦᠨ ᠪᠤᠢ᠃         
  若鞮᠂ ᠲᠠᠭᠤᠳᠠᠯᠭ᠎ᠠ ᠶᠢ ᠵᠡᠬᠦᠨ ᠬᠠᠨ ᠤᠯᠤᠰ ᠤᠨ ᠦᠶ᠎ᠡ ᠶᠢᠨ︽ᠬᠢᠲᠠᠳ ᠦᠰᠦᠭ᠂ ᠤᠳᠬ᠎ᠠ ᠶᠢᠨ ᠲᠠᠢᠯᠪᠤᠷᠢ︾ᠳᠤ᠂ Ruò dī᠂ ᠳᠡᠭᠡᠳᠦ ᠡᠷᠲᠡᠨ ‍ᠣ ᠬᠢᠲᠠᠳ ᠬᠡᠯᠡᠨ ‍ᠣ ᠲᠠᠭᠤᠳᠠᠯᠭ᠎ᠠ ᠰᠡᠷᠬᠦᠭᠡᠯᠳ᠋ᠨ ᠢᠶᠡᠷ ᠪᠤᠯ Nja/njaʔ njaɡ/ te᠂ ᠬᠢᠲᠠᠳ ᠬᠡᠯᠡᠨ ‍ᠣ ᠨᠡᠩ ᠡᠷᠲᠡᠨ ‍ᠣ ᠠᠶᠠᠯᠭᠤ ᠶᠢ ᠬᠠᠳᠠᠭᠠᠯᠠᠭᠰᠠᠨ ᠭᠡᠬᠦ ᠮᠢᠨ ᠨᠠᠨ ᠠᠶᠠᠯᠭᠤᠨ ᠳᠤ la/liok/ de᠂ ᠭᠤᠸᠠᠩᠵᠸᠤ ᠠᠶᠠᠯᠭᠤᠨ ᠳᠤ je/joek/ dai᠂ ᠺᠧ ᠵᠢᠶᠠ ᠠᠶᠠᠯᠭᠤᠨ ᠳᠤ you ? ᠭᠡᠵᠤ ᠪᠤᠢ᠃        
 
  ᠡᠨᠡ ᠦᠬᠡ ᠶᠢ ᠨᠤᠶᠠᠨ᠂ ᠨᠤᠶᠠᠨᠲᠠᠨ ᠬᠡᠮᠡᠨ ᠰᠡᠷᠬᠦᠭᠡᠨ ᠤᠩᠰᠢᠬᠤ ᠪᠤᠯᠤᠮᠵᠢᠲᠠᠢ ᠭᠡᠵᠤ ᠪᠢᠳ᠋ᠨ ᠦᠵᠡᠵᠦ ᠪᠤᠢ᠂ ᠲᠤᠤᠯᠢ ᠵᠠᠩᠭᠠᠷ ᠠᠴᠠ ᠦᠵᠡᠬᠦ ᠳᠦ᠂ ᠶᠡᠬᠡᠩᠬᠢ ᠲᠤᠬᠢᠶᠠᠯᠳᠤᠯ ᠳᠤ ᠵᠠᠩᠭᠠᠷ ᠨᠤᠶᠠᠨ᠂ ᠠᠯᠳᠠᠷ ᠨᠤᠶᠠᠨ ᠵᠠᠩᠭᠠᠷ᠂ ᠬᠠᠭᠠᠨ ᠨᠤᠶᠠᠨ ᠵᠠᠩᠭᠠᠷ᠂ ᠪᠤᠭᠳ᠋ᠨ ᠨᠤᠶᠠᠨ ᠵᠠᠩᠭᠠᠷ ᠭᠡᠵᠤ ᠲᠠᠭᠤᠳᠠᠳᠠᠭ᠃ ᠬᠠᠮᠤᠭ ᠤᠯᠤᠰ ᠤᠨ ᠡᠵᠡᠨ ᠬᠠᠭᠠᠨ ᠢ ᠨᠤᠶᠠᠨ ᠭᠡᠵᠤ ᠲᠠᠭᠤᠳᠠᠬᠤ ᠡᠢᠮᠦ ᠵᠢᠱᠢᠶ᠎ᠡ ᠶᠢ᠂ ᠮᠤᠩᠭᠤᠯ ᠤᠨ ᠪᠤᠰᠤᠳ ᠲᠤᠤᠯᠢ ᠠᠴᠠ ᠪᠢᠳ᠋ᠨ ᠤᠯᠵᠤ ᠬᠠᠷᠠᠳᠠᠭ ᠦᠬᠡᠢ ᠪᠠᠢᠬ᠎ᠠ᠃          
         
  ᠳ᠋ᠦᠩᠨᠡᠯᠳ᠋ᠨ         
  ᠬᠤᠷᠢᠶᠠᠩᠭᠤᠢᠯᠠᠨ ᠦᠵᠡᠪᠡᠯ᠂ ᠾᠦᠩᠨᠦ ᠶᠢᠨ ᠴᠤᠯᠨ ᠬᠡᠷᠬᠡᠮ ᠢ ᠾᠦᠩᠨᠦ ᠲᠠᠭᠤᠳᠠᠯᠭ᠎ᠠ ᠪᠠᠷ ᠨᠢ ᠬᠢᠲᠠᠳ ᠦᠰᠦᠭ ᠢᠶᠡᠷ ᠭᠠᠯᠢᠭᠴᠢᠯᠠᠨ᠂ ᠮᠦᠨ ᠤᠳᠬ᠎ᠠ ᠶᠢ ᠨᠢ ᠤᠷᠴᠢᠭᠤᠯᠵᠤ ᠲᠡᠮᠳᠡᠭᠯᠡᠭᠰᠡᠨ ᠢ ᠲᠤᠤᠯᠢ ᠵᠠᠩᠭᠠᠷ ᠲᠤ ᠭᠠᠷᠴᠤ ᠪᠤᠢ ᠴᠤᠯᠨ ᠬᠡᠷᠬᠡᠮ ᠲᠠᠢ ᠬᠠᠷᠢᠴᠠᠭᠤᠯᠠᠪᠠᠰᠤ᠂ ᠪᠦᠷᠢᠨ ᠦᠨᠳᠦᠰᠦᠯᠡᠯ ᠲᠠᠢ᠂ ᠬᠠᠩᠭᠠᠯᠲᠠᠲᠠᠢ ᠪᠠᠷᠢᠮᠳ᠋ᠨ ᠲᠠᠢ ᠲᠤᠳᠤᠷᠬᠠᠢᠯᠠᠭᠳᠠᠵᠤ ᠪᠠᠢᠨ᠎ᠠ᠂ ᠡᠢᠮᠦ ᠠᠴᠠ᠂ ᠲᠤᠤᠯᠢ ᠵᠠᠩᠭᠠᠷ ᠢ ᠶᠠᠮᠠᠷᠴᠤ ᠪᠤᠳᠠᠲᠠᠢ ᠨᠡᠢᠬᠡᠮ ᠪᠤᠶᠤ ᠲᠡᠥᠬᠡᠨ ᠦᠨᠳᠦᠰᠦ ᠪᠠᠷᠢᠮᠳ᠋ᠨ ᠦᠬᠡᠢ ᠭᠡᠵᠤ ᠬᠡᠯᠡᠬᠦ ᠡᠴᠡ ᠪᠡᠨ ᠡᠮᠢᠶᠠᠵᠤ ᠪᠠᠢᠨ᠎ᠠ᠃         
         
ᠬᠤᠢᠨᠠᠬᠢ ᠲᠠᠢᠯᠪᠤᠷᠢ᠄         
1.日逐᠂ ᠾᠦᠩᠨᠦ ᠶᠢᠨ ᠴᠡᠷᠢᠭ ᠦᠨ ᠳᠠᠷᠤᠭ᠎ᠠ ᠶᠢᠨ ᠴᠤᠯᠨ ᠬᠡᠷᠬᠡᠮ᠂ ᠬᠢᠲᠠᠳ ᠰᠤᠳᠤᠷᠴᠢ ᠲᠦᠰᠢᠮᠡᠯ ᠡᠨᠡ ᠴᠤᠯᠨ ᠬᠡᠷᠬᠡᠮ ᠶᠢᠨ ᠠᠷᠤ ᠳᠤ 王 ᠭᠡᠰᠡᠨ ᠬᠢᠲᠠᠳ ᠦᠰᠦᠭ ᠨᠡᠮᠡᠵᠤ᠂ ᠾᠦᠩᠨᠦ ᠶᠢᠨ ᠴᠡᠷᠢᠭ ᠦᠨ ᠨᠡᠯᠢᠶᠠᠳ ᠳᠡᠭᠡᠭᠦ ᠪᠠᠢᠷᠢ ᠰᠠᠭᠤᠷᠢ ᠲᠠᠢ ᠳᠠᠷᠤᠭ᠎ᠠ ᠶᠢᠨ ᠴᠤᠯᠨ ᠬᠡᠷᠬᠡᠮ ᠪᠤᠯᠬᠤ ᠶᠢ ᠲᠤᠳᠤᠷᠬᠠᠢᠯᠠᠭᠰᠠᠨ ᠪᠠᠢᠨ᠎ᠠ᠃ ᠦᠪᠦᠷ ᠮᠤᠩᠭᠤᠯ ᠤᠨ ᠰᠤᠳᠤᠯᠠᠭᠠᠴᠢ ᠪᠦᠷᠢᠨ ᠡᠴᠡ︽ᠾᠦᠩᠨᠦᠴᠤᠳ ᠮᠤᠩᠭᠤᠯ ᠬᠡᠯᠨ ᠲᠠᠢ︾ ᠭᠡᠰᠡᠨ ᠦᠬᠦᠯᠡᠯ ᠳᠡᠬᠡᠨ᠂ ᠡᠨᠡᠬᠦ ᠦᠬᠡ ᠶᠢ ᠠᠪᠴᠤ ᠦᠵᠡᠭᠰᠡᠨ ᠪᠦᠬᠡᠳ ᠬᠢᠲᠠᠳ ᠤᠨ ᠦᠶ᠎ᠡ ᠦᠶ᠎ᠡ ᠶᠢᠨ ᠡᠷᠲᠡᠨ ‍ᠣ ᠲᠠᠭᠤᠳᠠᠯᠭ᠎ᠠ ᠳᠡᠭᠡᠷ᠎ᠠ ᠲᠤᠯᠭᠤᠷᠢᠯᠠᠨ ᠰᠤᠳᠤᠯᠵᠤ᠂ ᠡᠨᠡ ᠦᠬᠡ ᠶᠢ ᠲᠤᠤᠯᠢ︽ᠵᠠᠩᠭᠠᠷ︾ᠳᠦ ᠭᠠᠷᠳᠠᠭ ᠪᠠᠭᠠᠲᠤᠷᠴᠤᠳ ᠤᠨ ᠵᠡᠷᠭᠡ ᠬᠡᠷᠬᠡᠮ ᠶᠢ ᠵᠢᠭᠠᠭᠰᠠᠨ ᠢᠯᠳᠦᠨ+ ᠢᠯᠳᠦᠩ︵ᠡᠯᠳᠡᠩ︶ᠬᠡᠮᠡᠭᠰᠡᠨ ᠦᠬᠡ ᠭᠡᠵᠠᠢ᠃ ᠪᠢᠳ᠋ᠨ ᠲᠡᠬᠦᠨ ᠲᠠᠢ ᠰᠠᠨᠠᠯ ᠨᠢᠬᠡ ᠪᠠᠢᠨ᠎ᠠ᠃    
 
  
   
         
2.谷蠢᠂ ᠰᠤᠳᠤᠯᠠᠭᠠᠴᠢ ᠯᠢᠤ ᠸᠧᠨ ᠱᠧᠩ  ᠡᠴᠡ︽漫议匈奴研究中的若干问题︾ ᠬᠡᠳᠡᠭ ᠦᠬᠦᠯᠡᠯ ᠳᠡᠬᠡᠨ ᠾᠦᠩᠨᠦ ᠰᠤᠳᠤᠯᠠᠯ ᠳᠤ ᠤᠷᠤᠰᠢᠵᠤ ᠪᠠᠢᠭ᠎ᠠ ᠬᠡᠳᠦᠨ ᠠᠰᠠᠭᠤᠳᠠᠯ ᠢ ᠠᠪᠴᠤ ᠦᠵᠡᠭᠰᠡᠨ ᠪᠦᠭᠡᠳ ᠾᠦᠩᠨᠦ ᠶᠢᠨ ᠲᠦᠰᠢᠮᠡᠯ ᠦᠨ ᠴᠤᠯᠨ ᠪᠤᠯᠬᠤ谷蠢王 谷蠢ᠬᠡᠰᠡᠨ ᠦᠬᠡᠨ ‍ᠣ ᠲᠠᠭᠤᠳᠠᠯᠭ᠎ᠠ ᠶᠢᠨ ᠲᠤᠬᠠᠢ ᠰᠡᠵᠢᠭᠯᠡᠯ ᠢᠶᠡᠨ ᠳᠡᠪᠰᠢᠬᠦᠯᠵᠡᠢ᠂ ᠡᠨᠡ ᠦᠬᠡ ᠶᠢ ᠡᠷᠲᠡᠨ ᠡᠴᠡ ᠠᠪᠤᠭᠠᠳlu li ᠭᠡᠵᠤ ᠪᠤᠷᠤᠭᠤ ᠤᠩᠰᠢᠵᠤ ᠢᠷᠡᠭᠰᠡᠨ᠂ ᠡᠨᠡ ᠦᠬᠡ ᠨᠢ ᠭᠠᠯᠢᠭᠴᠢᠯᠠᠨ ᠪᠠᠭᠤᠯᠭᠠᠭᠰᠠᠨ ᠾᠦᠩᠨᠦ ᠦᠬᠡ᠂ gu zhen ᠭᠡᠵᠤ ᠤᠩᠰᠢᠬᠤ ᠨᠢ ᠵᠦᠪ ᠭᠡᠰᠡᠨ ᠪᠠᠢᠨ᠎ᠠ᠂ ᠮᠡᠬᠦᠰ ᠪᠢ ᠡᠨᠡ ᠰᠠᠨᠠᠯ ᠢ ᠪᠦᠷᠢᠨ ᠵᠦᠪᠰᠢᠶᠡᠷᠴᠤ ᠪᠠᠢᠭ᠎ᠠ᠂ ᠡᠨᠡ ᠦᠬᠡ ᠨᠢ ᠲᠤᠤᠯᠢ︽ᠵᠠᠩᠭᠠᠷ︾ᠳᠦ ᠭᠠᠷᠳᠠᠭ ᠬᠦᠵᠡᠬᠡᠨ ᠬᠦᠮᠪᠠ ᠶᠢᠨ ᠬᠦᠵᠡᠭᠡᠨ᠂ ᠡᠰᠡᠪᠡᠯ ᠬᠦᠵᠦᠩ᠂ ᠭᠦᠵᠦᠨ ᠭᠡᠬᠦ ᠮᠠᠷᠲᠠᠭᠳᠠᠭᠰᠠᠨ ᠦᠬᠡ ᠪᠤᠯᠪᠠ ᠦᠦ ᠬᠡᠮᠡᠨ ᠲᠠᠭᠠᠮᠠᠭᠯᠠᠵᠤ ᠪᠠᠢᠨ᠎ᠠ᠂ ᠴᠠᠭᠠᠰᠢᠳ᠋ᠨ ᠰᠤᠳᠤᠯᠵᠤ ᠦᠵᠡᠬᠦ ᠬᠡᠷᠡᠭᠲᠡᠢ ᠪᠠᠢᠨ᠎ᠠ᠃         
         
ᠡᠨᠡ ᠦᠬᠦᠯᠡᠯ ᠦᠨ ᠬᠢᠲᠠᠳ ᠡᠬᠡ ᠶᠢ https://zhuanlan.zhihu.com/p/92221670  ᠡᠴᠡ ᠦᠵᠡᠨ᠎ᠡ ᠦᠦ︖        
                           
       



  
     
     