ᠬᠦᠮᠦᠨ ᠤ ᠤᠶᠤᠨ ᠢᠶᠠᠷ 24 ᠪᠦᠳᠦᠭᠡᠯ
1᠂ ᠯᠾᠮᠤᠰᠦ᠋ᠷᠦᠩ ᠤᠨ ᠪᠠᠶᠠᠨᠵᠢᠷᠭᠠᠯ ᠬᠡᠮᠡᠬᠦ ᠡᠷᠳᠡᠮᠲᠡᠨ ᠢᠶᠠᠷ ᠠᠬᠠᠯᠠᠭᠤᠯᠤᠭᠰᠠᠨ ᠹᠷᠠᠩᠺᠹᠣᠷᠲ ᠤᠨ ᠶᠡᠭᠡ ᠰᠣᠷᠭᠠᠭᠤᠯᠢ ᠶᠢᠨ ᠡᠷᠳᠡᠮᠲᠡᠳ ᠴᠤᠬᠤᠢ ᠶᠢᠨ ᠴᠢᠯᠠᠭᠤᠨ ᠠᠴᠠ ᠠᠯᠮᠠᠰ ᠭᠠᠷᠭᠠᠨ ᠠᠪᠤᠭᠰᠠᠨ ᠢᠶᠠᠷ ᠲᠡᠯᠡᠬᠡᠢ ᠳ᠋ᠠᠬᠢᠨ ᠳᠤ 60 ᠵᠢᠯ ᠤᠨ ᠲᠤᠷᠰᠢ ᠣᠷᠤᠯᠳᠤᠭᠠᠳ ᠴᠢᠳᠠᠭ᠎ᠠ ᠦᠬᠡᠢ ᠵᠦᠢᠯ ᠢ ᠬᠢᠵᠦ ᠴᠢᠳᠠᠯ᠎ᠠ᠃ ᠯ᠊ • ᠪᠠᠶᠠᠨᠵᠢᠷᠭᠠᠯ ᠡᠳᠦᠭᠡ 38 ᠨᠠᠰᠤᠲᠠᠢ ᠪᠦᠭᠡᠳ ᠵᠢᠷᠭᠤᠭᠠᠨ ᠵᠢᠯ ᠤᠨ ᠲᠣᠷᠰᠢᠳᠠ ᠡᠨᠡ ᠰᠣᠳᠣᠯᠭ᠎ᠠ ᠪᠠᠨ ᠬᠢᠭᠰᠡᠨ ᠭᠡᠳᠡᠭ᠃ ᠲᠡᠭᠦᠨ ᠢ ᠨᠣᠪᠧᠯ ᠤᠨ ᠱᠠᠩᠨᠠᠯ ᠬᠦᠷᠲᠡᠬᠦ ᠨᠢ ᠲᠤᠳᠤᠷᠬᠠᠢ ᠭᠡᠵᠦ ᠭᠧᠷᠮᠠᠨ ᠤ ᠬᠡᠪᠯᠡᠯ ᠮᠡᠳᠡᠭᠡᠯᠡᠯ ᠢᠶᠠᠷ ᠱᠤᠣᠭᠢᠭᠰᠠᠭᠠᠷ ᠪᠠᠶᠢᠨ᠎ᠠ᠃
2᠂ ᠡᠷᠳᠡᠮᠲᠡᠨ ᠪ᠊ • ᠪᠠᠰᠤᠩᠰᠦᠷᠦᠩ ᠴᠠ ᠪᠤᠭᠤᠨ ᠤ ᠣᠷᠤᠭᠠᠨ ᠤ ᠨᠢᠭᠤᠭᠳᠠᠮᠠᠯ ᠪᠣᠯᠴᠢᠷᠬᠠᠢ ᠶᠢ ᠰᠣᠳᠣᠯᠵᠣ᠂ ᠲᠡᠭᠦᠨ ᠢ ᠪᠠᠨ ᠣᠯᠠᠮᠵᠢᠯᠠᠯᠲᠣ ᠮᠣᠩᠭᠤᠯ᠂ ᠲᠦᠪᠡᠳ ᠤᠨ ᠠᠨᠠᠭᠠᠬᠤ ᠣᠬᠠᠭᠠᠨ ᠲᠠᠢ ᠬᠤᠣᠰᠯᠠᠭᠤᠯᠤᠨ ᠦᠷᠡᠭᠦ᠋ᠢᠳᠡᠯ ᠢ ᠡᠮᠴᠢᠯᠡᠵᠦ᠂ ᠡᠳᠦᠭᠡ ᠲᠡᠯᠡᠬᠡᠢ ᠶᠢᠨ 177 ᠭᠡᠷ ᠪᠦᠯᠢ ᠳᠤ ᠦᠷ᠎ᠠ ᠶᠢᠨ ᠵᠠᠶᠠᠭ᠎ᠠ ᠪᠡᠯᠡᠭᠯᠡᠵᠡᠢ᠃ ᠲᠡᠭᠦᠨ ᠤ ᠠᠨᠠᠭᠠᠬᠤ ᠣᠬᠠᠭᠠᠨ ᠳᠤ ᠣᠷᠣᠭᠤᠯᠣᠭᠰᠠᠨ ᠡᠨᠡ ᠶᠡᠭᠡ ᠭᠠᠪᠢᠶ᠎ᠠ ᠶᠢ ᠦᠨᠡᠯᠡᠨ ᠠᠦ᠋ᠰᠳ᠋ᠷᠢᠶ᠎ᠠ ᠶᠢᠨ ᠠᠯᠳᠠᠷᠲᠣ ᠬᠤᠹᠪᠣᠷ ᠤᠨ ᠣᠷᠳᠣᠨ ᠳᠤ ᠱᠠᠩᠨᠠᠯ ᠭᠠᠷᠳᠠᠭᠤᠯᠤᠭᠰᠠᠨ ᠶᠤᠮ᠃
3᠂ ᠠᠮᠧᠷᠢᠺᠠ ᠶᠢᠨ ᠨᠢᠭᠡᠳᠦᠭᠰᠡᠨ ᠣᠯᠤᠰ ᠤᠨ ᠹᠢᠯᠠᠳᠧᠯᠹᠢ ᠮᠣᠵᠢ ᠳᠤ ᠪᠠᠶᠢᠷᠢᠯᠠᠬᠤ Ametros solution ᠺᠣᠮᠫᠠᠨᠢ ᠳᠤ ᠠᠵᠢᠯᠯᠠᠳᠠᠭ ᠨ᠊ • ᠳᠤᠷᠵᠢᠳᠧᠷᠤᠮ᠂ ᠲ᠊ • ᠲᠤᠯᠭᠠᠷᠠᠲᠠᠷ ᠨᠠᠷ ᠤᠨ ᠮᠣᠩᠭᠤᠯ ᠵᠠᠯᠠᠭᠤᠰ ᠲᠡᠯᠡᠬᠡᠢ ᠳᠤ ᠠᠩᠬ᠎ᠠ ᠣᠳᠠᠭ᠎ᠠ ᠣᠷᠤᠨ ᠵᠠᠢ ᠶᠢᠨ ᠴᠡᠨᠡᠭᠯᠡᠭᠴᠢ ᠶᠢ ᠪᠦᠲᠦᠭᠡᠵᠡᠢ᠃ ᠡᠨᠡ ᠣᠷᠤᠨ ᠵᠠᠢ ᠶᠢᠨ ᠴᠡᠨᠡᠭᠯᠡᠭᠴᠢ ᠨᠢ ᠭᠠᠷ ᠣᠲᠠᠰᠤ ᠶᠢ ᠶᠠᠮᠠᠷ ᠨᠢᠭᠡᠨ ᠬᠦᠯᠢᠶᠡᠨ ᠠᠪᠤᠬᠴᠢ ᠦᠬᠡᠢ ᠪᠠᠷ ᠴᠡᠨᠡᠭᠯᠡᠵᠤ ᠴᠢᠳᠠᠬᠤ ᠬᠠᠮᠤᠭ ᠤᠨ ᠠᠩᠬᠠᠨ ᠤ ᠣᠶᠠᠨ ᠬᠠᠲᠠᠨ᠂ ᠵᠦᠭᠡᠯᠡᠨ᠂ ᠣᠲᠠᠰᠤᠨ ᠤ ᠭᠡᠷ ᠶᠤᠮ᠃ 4᠂ ᠶᠠᠫᠣᠨ ᠣᠯᠤᠰ ᠤᠨ ᠲᠤᠣᠺᠢᠣ᠋ ᠶᠢᠨ ᠶᠡᠭᠡ ᠰᠤᠷᠭᠠᠭᠤᠯᠢ ᠶᠢ ᠡᠮᠨᠡᠯᠭᠡ ᠶᠢᠨ ᠲᠤᠨᠤᠭ ᠳᠦᠬᠦᠭᠡᠷᠦᠮᠵᠢ ᠶᠢᠨ ᠢᠨᠵᠧᠨᠧᠷ ᠮᠡᠷᠭᠡᠵᠢᠯ ᠢᠶᠠᠷ ᠲᠦᠬᠦᠷᠭᠡᠭᠰᠡᠨ ᠲ᠊ • ᠪᠠᠶᠠᠷ᠎ᠠ ᠭᠡᠬᠦ ᠵᠠᠯᠠᠭᠤ ᠮᠣᠩᠭᠤᠯ ᠤᠨ ᠡᠮᠨᠡᠯᠭᠡ ᠶᠢᠨ ᠲᠤᠨᠤᠭ ᠲᠦᠬᠦᠭᠡᠷᠦᠮᠵᠢ ᠳᠤᠲᠠᠭᠳᠠᠯ ᠲᠠᠢ᠂ ᠦᠨᠳᠦᠷ ᠦᠨ᠎ᠡ ᠪᠠᠷ ᠭᠠᠳᠠᠭᠠᠳᠦ ᠠᠴᠠ ᠬᠤᠳᠠᠯᠳᠤᠨ ᠠᠪᠳᠠᠭ᠂ ᠬᠦᠷᠲᠡᠭᠡᠮᠵᠢ ᠮᠠᠭᠤ ᠵᠡᠷᠭᠡ ᠶᠢ ᠰᠣᠳᠣᠯᠵᠣ ᠣᠮᠠᠢ ᠶᠢᠨ ᠬᠦᠵᠦᠭᠦᠨ ᠤ ᠳᠤᠷᠠᠨ᠂ ᠠᠩᠭᠢᠣᠷᠠᠹᠢᠺᠢ ᠶᠢᠨ ᠲᠦᠬᠦᠭᠡᠷᠦᠮᠵᠢ ᠭᠡᠬᠦ ᠮᠡᠳᠦ 21 ᠨᠡᠷ᠎ᠡ ᠲᠦᠷᠦᠯ ᠤᠨ ᠡᠮᠨᠡᠯᠭᠡ ᠶᠢᠨ ᠲᠤᠨᠤᠭ ᠲᠦᠭᠦᠭᠡᠷᠤᠮᠵᠢ ᠶᠢ ᠵᠤᠬᠢᠶᠠᠨ ᠪᠦᠲᠦᠭᠡᠵᠡᠢ᠃ ᠡᠭᠦᠨ ᠳᠤ ᠰᠤᠳᠠᠰᠤᠨ ᠲᠤᠳᠤᠷ᠎ᠠ ᠮᠡᠰᠡ ᠵᠠᠰᠠᠯ ᠬᠢᠵᠦ᠂ ᠡᠯᠢᠭᠡᠨ ᠤ ᠬᠠᠪᠣᠳᠠᠷ ᠪᠤᠯᠤᠨ ᠪᠤᠰᠤᠳ ᠲᠦᠷᠦᠯ ᠤᠨ ᠬᠠᠪᠣᠳᠠᠷ ᠢ ᠵᠣᠭᠰᠣᠭᠠᠬᠤ ᠣᠯᠠᠨ ᠲᠦᠷᠦᠯ ᠤᠨ ᠲᠦᠬᠦᠭᠡᠷᠦᠮᠵᠢ ᠶᠢ ᠪᠠᠭᠲᠠᠭᠠᠭᠰᠠᠨ ᠪᠠᠶᠢᠨ᠎ᠠ᠃
5᠂ ᠣᠯᠤᠰ ᠤᠨ ᠵᠦᠪᠯᠡᠬᠦ ᠢᠨᠵᠧᠨᠧᠷ᠂ ᠴᠠᠬᠢᠯᠭᠠᠨ ᠲᠡᠭᠡᠭᠡᠪᠦᠷᠢ ᠺᠣᠮᠫᠠᠨᠢ ᠶᠢᠨ ᠵᠠᠬᠢᠷᠣᠯ ᠲ᠊ • ᠵᠢᠷᠭᠠᠯᠰᠠᠶᠢᠬᠠᠨ ᠤ ᠰᠠᠨᠠᠭᠠᠴᠢᠯᠠᠭ᠎ᠠ ᠪᠠᠷ ᠮᠣᠩᠭᠤᠯ ᠢᠨᠵᠧᠨᠧᠷ ᠤᠳ ᠵ᠊ ᠊᠊᠊ 800 ᠮᠠᠷᠺ ᠤᠨ 28 ᠬᠦᠮᠦᠨ ᠤ ᠰᠠᠭᠤᠳᠠᠯ ᠲᠠᠢ ᠠᠦ᠋ᠲ᠋ᠣᠪᠦ᠋ᠰ ᠢ ᠪᠦᠲᠦᠭᠡᠭᠰᠡᠨ ᠪᠠᠶᠢᠨ᠎ᠠ᠃ ᠴᠠᠬᠢᠯᠭᠠᠨ ᠲᠡᠭᠡᠭᠡᠪᠦᠷᠢ ᠺᠣᠮᠫᠠᠨᠢ ᠶᠢᠨ ᠮᠣᠩᠭᠤᠯ ᠢᠨᠵᠧᠨᠧᠷ ᠤᠳ ᠡᠯᠧᠺᠳ᠋ᠷᠤᠪᠦ᠋ᠰ᠂ ᠳ᠋ᠣᠪᠪᠦ᠋ᠰ ᠮᠤᠨᠪᠦ᠋ᠰ ᠵᠡᠷᠭᠡ ᠭᠤᠷᠪᠠᠨ ᠲᠷᠤᠯᠸᠢᠪᠦ᠋ᠰ ᠢ ᠮᠤᠩᠭᠤᠯ ᠳᠠᠭᠠᠨ ᠠᠮᠵᠢᠯᠳᠠᠳᠠᠢ ᠣᠶᠢᠯᠠᠳᠪᠣᠷᠢᠯᠠᠵᠤ ᠪᠠᠶᠢᠭ᠎ᠠ ᠪᠢᠯᠡ᠃
6᠂ ᠣᠯᠣᠰ ᠤᠨ ᠶᠡᠭᠡ ᠰᠣᠷᠭᠠᠭᠤᠯᠢ ᠶᠢᠨ ᠣᠶᠣᠳᠠᠨ ᠰ᠊ • ᠪᠠᠳᠤᠧᠴᠢᠷ ᠬᠠᠷᠠᠭ᠎ᠠ ᠦᠬᠡᠢ ᠬᠦᠮᠦᠰ ᠲᠤ ᠵᠤᠷᠢᠭᠤᠯᠵᠤ ᠮᠡᠳᠡᠷᠡᠭᠴᠢ ᠲᠠᠢ ᠲᠠᠶᠠᠭ ᠵᠤᠬᠢᠶᠠᠨ ᠪᠦᠲᠦᠭᠡᠵᠡᠢ᠃ ᠮᠡᠳᠡᠷᠡᠭᠴᠢ ᠲᠠᠢ ᠲᠠᠶᠠᠭ ᠨᠢ ᠪᠠᠲ᠋ᠧᠷᠸᠢ ᠶᠢᠨ ᠲᠠᠭ᠂ ᠴᠡᠴᠡᠷᠬᠡᠶᠢᠯᠡᠭᠴᠢ᠂ ᠠᠰᠠᠭᠠᠬᠤ ᠲᠤᠪᠴᠢᠯᠠᠭᠤᠷ᠂ ᠬᠡᠳᠦ ᠠᠪᠢᠶ᠎ᠠ ᠪᠤᠯᠤᠨ ᠣᠰᠤ ᠮᠡᠳᠡᠷᠡᠭᠴᠢ᠂ ᠴᠢᠩᠭ᠎ᠠ ᠶᠠᠷᠢᠭᠴᠢ ᠵᠡᠷᠭᠡ ᠦᠢᠯᠡᠳᠦᠯ ᠤᠨ ᠰᠢᠰᠲ᠋ᠧᠮ ᠤᠳ ᠲᠠᠢ᠃ ᠭᠠᠳᠠᠨ᠎ᠠ ᠣᠯᠤᠰ ᠣᠷᠣᠨ ᠨᠤᠭᠤᠳ ᠲᠤ ᠮᠡᠳᠡᠷᠡᠭᠴᠢ ᠲᠠᠢ ᠲᠠᠶᠠᠭ ᠪᠠᠶᠢᠳᠠᠭ ᠴᠦ ᠰ᠊ • ᠪᠠᠳᠤᠧᠴᠢᠷ ᠤᠨ ᠪᠦᠲᠦᠭᠡᠯ ᠡᠮᠦᠨᠡᠬᠢ ᠰᠠᠭᠠᠳ ᠢ ᠮᠡᠳᠡᠷᠡᠬᠦ᠂ ᠠᠦ᠋ᠲ᠋ᠣᠪᠦ᠋ᠰ ᠤᠨ ᠬᠠᠭᠠᠯᠭ᠎ᠠ ᠣᠯᠬᠤ᠂ ᠣᠰᠤ ᠱᠠᠯᠪᠠᠭ ᠲᠠᠭᠤᠴᠢᠬᠠᠬᠤ ᠠᠴᠠ ᠰᠡᠷᠭᠡᠶᠢᠯᠡᠳᠡᠭ ᠭᠡᠳᠡᠭ ᠢᠶᠠᠷ ᠢᠶᠠᠨ ᠲᠡᠯᠡᠬᠡᠢ ᠳᠤ ᠠᠩᠬᠠᠨ ᠤ ᠬᠢ ᠨᠢ ᠭᠡᠨ᠎ᠡ᠃ ᠲᠡᠭᠦᠨ ᠤ ᠡᠨᠡ ᠪᠦᠲᠦᠭᠡᠯ ᠵᠠᠯᠠᠭᠤ ᠵᠤᠬᠢᠶᠠᠨ ᠪᠦᠲᠦᠭᠡᠭᠴᠢ 2012 ᠨᠡᠪᠳᠡᠷᠡᠭᠦᠯᠭᠡ ᠳᠤ ᠲᠡᠷᠢᠭᠦᠨ ᠪᠠᠶᠢᠷᠢ ᠶᠢᠨ ᠱᠠᠩᠨᠠᠯ ᠬᠦᠷᠲᠡᠭᠰᠡᠨ ᠶᠤᠮ᠃
7᠂ ᠵᠠᠯᠠᠭᠤ ᠵᠤᠬᠢᠶᠠᠨ ᠨᠡᠪᠲᠡᠷᠡᠭᠦᠯᠭᠡ ᠶᠢᠨ ᠡᠨᠡ ᠵᠢᠯ ᠤᠨ ᠢᠯᠠᠭᠴᠢ ᠪᠠᠷ ᠲᠠᠨᠠᠨ ᠢᠮᠫᠧᠺᠰ ᠺᠣᠮᠫᠠᠨᠢ ᠶᠢᠨ ᠦᠷᠦᠮ᠎ᠡ ᠶᠢᠨ ᠴᠠᠬᠢᠯᠭᠠᠨᠴᠢᠨ ᠪ᠊ • ᠪᠠᠲᠤᠵᠠᠶᠠᠭ᠎ᠠ ᠶᠢᠨ ᠬᠢᠭᠰᠡᠨ ᠬᠤᠭ ᠠᠴᠢᠬᠤ ᠠᠦ᠋ᠲ᠋ᠣ᠋ ᠮᠠᠰᠢᠨ ᠤ ᠲᠤᠨᠣᠭᠯᠠᠯ ᠪᠦᠲᠦᠭᠡᠯ ᠰᠢᠯᠭᠠᠷᠠᠭᠰᠠᠨ ᠶᠤᠮ᠃ ᠲᠡᠭᠦᠨ ᠤ ᠪᠦᠲᠦᠭᠡᠯ ᠨᠢ 250 ᠺᠢᠯᠥᠭᠷᠠᠮ ᠬᠦᠨᠲᠦ᠂ ᠭᠤᠷᠪᠠᠨ ᠮᠧᠳ᠋ᠷ ᠦᠨᠳᠦᠷ ᠪᠦᠭᠡᠳ ᠮᠠᠰᠢᠨ ᠤ ᠲᠦᠪᠰᠢᠨ ᠳᠤ ᠪᠠᠶᠢᠷᠢᠯᠠᠬᠤ ᠵᠤᠷᠢᠭᠤᠯᠤᠯᠳᠠ ᠲᠠᠢ᠃ ᠳᠦᠬᠦᠭᠡᠷᠦᠮᠵᠢ ᠶᠢᠨ ᠭᠠᠷ ᠨᠢ 50 ᠊᠊᠊ 80 ᠰᠡᠨᠲ᠋ᠢᠮᠧᠳ᠋ᠷ ᠤᠨ ᠭᠤᠣᠯᠴᠢᠳᠠᠢ ᠪᠦᠬᠦ ᠵᠦᠢᠯ ᠢ ᠬᠠᠪᠴᠢᠨ ᠬᠤᠭ ᠤᠨ ᠮᠠᠰᠢᠨ ᠳᠤ ᠠᠴᠢᠬᠤ ᠴᠢᠳᠠᠪᠤᠷᠢ ᠲᠠᠢ ᠭᠡᠨ᠎ᠡ᠃
8᠂ ᠸ᠊ • ᠳᠠᠰᠢᠨᠢᠮ᠎ᠠ ᠭᠡᠬᠦ ᠵᠠᠯᠠᠭᠤ ᠠᠩᠬ᠎ᠠ ᠣᠳᠠᠭ᠎ᠠ ᠰᠠᠭᠤᠳᠠᠯ ᠤᠨ ᠠᠦ᠋ᠲ᠋ᠣ᠋ ᠮᠠᠰᠢᠨ ᠪᠦᠲᠦᠭᠡᠭᠰᠡᠨ ᠪᠠᠶᠢᠨ᠎ᠠ᠃ ᠲᠡᠷᠡ ᠪᠠᠷ᠂ ᠦᠩᠭᠡᠷᠡᠭᠰᠡᠨ ᠨᠢᠭᠡᠳᠦᠭᠡᠷ ᠰᠠᠷ᠎ᠠ ᠠᠴᠠ ᠡᠬᠢᠯᠡᠨ ᠪᠦᠳᠦᠨ ᠲᠣᠯᠣᠭᠠᠨ ᠰᠠᠷ᠎ᠠ ᠶᠢᠨ ᠲᠤᠷᠰᠢ ᠣᠶᠢᠭ᠎ᠠ ᠦᠬᠡᠢ ᠬᠦᠳᠡᠯᠮᠦᠷᠢᠯᠡᠭᠰᠡᠨ ᠤ ᠳ᠋ᠦᠩ ᠳᠤ ᠡᠨᠡᠬᠦ ᠲᠡᠮᠣᠷ ᠬᠦᠯᠦᠭ ᠢᠶᠠᠨ ᠪᠦᠲᠦᠭᠡᠵᠡᠢ᠃ ᠮᠠᠰᠢᠨ ᠤ ᠵᠠᠭᠪᠣᠷ ᠤᠨ ᠬᠤᠪᠢ ᠳᠤ ᠪᠠᠷᠠᠭᠤᠨ ᠡᠸᠦ᠋ᠷᠦᠫᠠ ᠳᠤ᠂ ᠠᠮᠧᠷᠢᠺᠠ ᠳᠤ 1920 ᠊᠊᠊ 1935 ᠣᠨ ᠳᠤ ᠦᠢᠯᠡᠳᠪᠦᠷᠢᠯᠡᠭᠰᠡᠨ ford – coupe ᠶᠢ ᠲᠠᠭᠤᠷᠢᠶᠠᠯᠭᠠᠨ ᠬᠢᠭᠰᠡᠨ ᠪᠦᠭᠡᠳ chaser ᠤᠨ ᠮᠣᠲᠣᠷ ᠲᠠᠢ ᠲᠣᠯᠠ ᠪᠧᠨᠽᠧᠨ ᠵᠠᠷᠤᠴᠠᠭᠤᠯᠤᠯᠲᠠ ᠶᠢᠨ ᠬᠤᠪᠢ ᠳᠤ ᠴᠦ ᠠᠳᠠᠯᠢᠬᠠᠨ ᠭᠡᠨ᠎ᠡ᠃
9᠂ ᠢᠨᠵᠧᠨᠧᠷ ᠤᠨ ᠣᠶᠣᠨ ᠣᠬᠠᠭᠠᠨ᠂ ᠣᠷ᠎ᠠ ᠴᠢᠳᠠᠪᠣᠷᠢ ᠪᠠᠷ ᠪᠦᠲᠦᠭᠰᠡᠨ 008᠂ 009᠂ 010 ᠳ᠋ᠣᠬᠡᠷ ᠲᠠᠢ ᠬᠤᠶᠠᠷ ᠵᠠᠭᠠᠯ ᠢᠯᠴᠢᠲᠦ ᠲᠡᠷᠭᠡ ᠡᠨᠡ ᠣᠨ ᠤ ᠵᠢᠷᠭᠤᠳᠣᠭᠠᠷ ᠰᠠᠷ᠎ᠠ ᠳᠤ ᠠᠩᠬᠠᠨ ᠤ ᠠᠶᠠᠯᠠᠯ ᠳᠠᠭᠠᠨ ᠭᠠᠷᠤᠭᠰᠠᠨ ᠶᠤᠮ᠃ ᠢᠯᠴᠢᠲᠦ ᠲᠡᠷᠭᠡ ᠨᠦᠭᠦᠳ ᠢ ᠮᠤᠳᠧᠷᠨᠢᠵᠠᠽᠢ ᠲᠦᠰᠦᠯ ᠤᠨ ᠬᠦᠷᠢᠶᠡᠨ ᠳᠤ 2005 ᠊᠊᠊ 2013 ᠣᠨ ᠳᠤ ᠬᠤᠶᠠᠷ ᠵᠠᠭᠠᠯ ᠰᠧᠷ ᠤᠨ 7 ᠵᠢᠳᠭᠦᠭᠦᠷ ᠵᠤᠬᠢᠶᠠᠨ ᠪᠦᠳᠦᠭᠡᠵᠣ᠂ ᠲᠡᠮᠣᠷ ᠵᠠᠮ ᠤᠨ ᠵᠣᠷᠴᠢᠭᠴᠢ᠂ ᠠᠴᠢᠶ᠎ᠠ᠂ ᠲᠡᠭᠡᠭᠡᠪᠦᠷᠢ ᠶᠢᠨ ᠠᠵᠢᠯ ᠳᠤ ᠠᠰᠢᠭᠯᠠᠵᠦ ᠪᠠᠶᠢᠨ᠎ᠠ᠃ ᠲᠦᠯᠡᠰᠢᠨ ᠤ ᠪᠠᠩᠬᠢ ᠶᠢᠨ ᠪᠠᠭᠲᠠᠭᠠᠮᠵᠢ 75 ᠬᠤᠪᠢ ᠪᠠᠷ ᠨᠡᠮᠡᠭᠳᠡᠭᠰᠡᠨ᠂ ᠲᠠᠳᠠᠬᠤ ᠬᠦᠴᠦ ᠨᠢ ᠰᠠᠶᠢᠵᠢᠷᠠᠭᠰᠠᠨ᠂ ᠺᠣᠮᠫᠢᠦ᠋ᠲ᠋ᠧᠷ ᠣᠳᠣᠷᠢᠳᠣᠯᠭ᠎ᠠ ᠶᠢᠨ ᠰᠢᠰᠲ᠋ᠧᠮ ᠲᠠᠢ᠂ ᠺᠠᠮᠧᠷ ᠤᠨ ᠰᠢᠰᠲ᠋ᠧᠮ ᠢᠶᠠᠷ ᠲᠤᠨᠣᠭᠯᠠᠭᠳᠠᠭᠰᠠᠨ᠂ 1500 ᠴᠠᠭ ᠨᠠᠶᠢᠳᠠᠪᠣᠷᠢᠳᠠᠢ ᠠᠵᠢᠯᠯᠠᠬᠤ LED ᠭᠡᠷᠡᠯᠲᠦᠭᠦᠯᠦᠭᠴᠢ ᠲᠠᠢ ᠵᠡᠷᠭᠡ ᠮᠠᠰᠢ ᠣᠯᠠᠨ ᠳᠠᠪᠠᠭᠤ ᠲᠠᠯ᠎ᠠ ᠲᠠᠢ ᠠᠵᠢ᠃
10᠂ ᠭᠧᠷᠮᠠᠨ ᠣᠯᠤᠰ ᠤᠨ ᠮᠤᠶᠤᠨᠰᠳᠧᠷ ᠤᠨ ᠶᠡᠭᠡ ᠰᠣᠷᠭᠠᠭᠤᠯᠢ ᠶᠢᠨ ᠬᠦᠮᠦᠨ ᠮᠤᠯᠧᠺᠦ᠋ᠯ ᠊᠊ ᠸᠢᠷᠦ᠋ᠰ ᠰᠤᠳᠤᠯᠤᠯ ᠤᠨ ᠬᠦᠷᠢᠶᠡᠯᠡᠩ ᠳᠤ ᠠᠵᠢᠯᠯᠠᠳᠠᠭ ᠲ᠊ • ᠠᠩᠬᠠᠯᠠᠨ ᠭᠡᠬᠦ ᠳ᠋ᠣᠺᠲ᠋ᠣᠷ ᠲᠤᠮᠤᠭᠤ ᠶᠢᠨ ᠡᠰᠡᠷᠭᠦ ᠰᠢᠨ᠎ᠡ ᠸᠠᠺᠼᠢᠨ ᠭᠠᠷᠭᠠᠵᠠᠢ᠃ ᠡᠨᠡᠬᠦ ᠠᠵᠢᠯ ᠢ ᠭᠧᠷᠮᠠᠨ ᠤ ᠲᠠᠯ᠎ᠠ ᠦᠨᠳᠦᠷ ᠢᠶᠠᠷ ᠦᠨᠡᠯᠡᠵᠦ ᠪᠠᠶᠢᠭ᠎ᠠ ᠪᠦᠭᠡᠳ ᠴᠢᠨᠠᠭᠰᠢᠳᠠ ᠰᠣᠳᠣᠯᠭᠠᠨ ᠤ ᠠᠵᠢᠯ ᠢ ᠡᠷᠴᠢᠮᠵᠢᠭᠦᠯᠬᠦ ᠪᠠᠷ ᠪᠣᠯᠣᠭᠰᠠᠨ ᠪᠠᠶᠢᠨ᠎ᠠ᠃
11᠂ ᠶᠠᠫᠣᠨ ᠤ ᠠᠯᠳᠠᠷᠲᠣ ᠲᠤᠶᠤᠲᠠ ᠺᠣᠷᠫᠣᠷᠠᠼᠢ ᠪᠦᠯᠥᠭᠯᠡᠯ ᠦᠩᠭᠡᠷᠡᠭᠰᠡᠨ ᠣᠨ ᠤ 12 ᠳ᠋ᠣᠭᠠᠷ ᠰᠠᠷ᠎ᠠ ᠳᠤ Crown Athlete ᠬᠡᠮᠡᠬᠦ Crown ᠤᠨ ᠰᠢᠨ᠎ᠡ ᠵᠠᠭᠪᠣᠷ ᠢᠶᠠᠨ ᠲᠠᠨᠢᠯᠴᠠᠭᠤᠯᠣᠭᠰᠠᠨ ᠶᠤᠮ᠃ ᠡᠨᠡ ᠠᠦ᠋ᠲ᠋ᠣ᠋ ᠮᠠᠰᠢᠨ ᠤ ᠵᠠᠭᠪᠤᠷ ᠢ ᠣ • ᠡᠩᠬᠠᠵᠢᠨ ᠬᠡᠮᠡᠬᠦ ᠵᠠᠯᠠᠭᠤ ᠵᠤᠬᠢᠶᠠᠵᠠᠢ᠃ ᠲᠡᠷᠡ ᠪᠠᠷ Toyoto Motor East Japan᠂ Inc ᠺᠣᠮᠫᠠᠨᠢ ᠳᠤ ᠭᠡᠷ᠎ᠡ ᠶᠢᠨ ᠢᠨᠵᠧᠨᠧᠷ ᠢᠶᠠᠷ ᠠᠵᠢᠯᠯᠠᠳᠠᠭ ᠪᠦᠭᠡᠳ ᠲᠡᠭᠦᠨ ᠤ ᠭᠠᠷᠭᠠᠭᠰᠠᠨ ᠵᠠᠭᠪᠣᠷ ᠢᠯᠡᠭᠦᠦ ᠲᠠᠩᠰᠤᠭ᠂ ᠰᠫᠣᠷᠳ᠋ᠯᠢᠭ ᠪᠤᠯᠤᠭᠰᠠᠨ ᠢᠶᠠᠷ ᠢᠶᠠᠨ ᠣᠨᠴᠠᠭᠠᠶᠢᠷᠠᠵᠦ ᠪᠠᠶᠢᠭ᠎ᠠ ᠭᠡᠨ᠎ᠡ᠃
12᠂ ᠦᠪᠡᠷ ᠤᠨ ᠣᠶᠣᠨ ᠤ ᠪᠦᠲᠦᠭᠡᠯ ᠢᠶᠠᠷ ᠢᠶᠠᠨ ᠲᠡᠯᠡᠬᠡᠢ ᠳᠤ ᠭᠠᠶᠢᠬᠠᠭᠳᠠᠭᠰᠠᠨ ᠨᠢᠭᠡᠨ ᠡᠷᠬᠢᠮ ᠢ ᠡ᠊ᠨᠳᠡ ᠲᠤᠷᠠᠳᠤᠯ ᠦᠬᠡᠢ ᠦᠩᠭᠡᠷᠡᠭᠡᠵᠦ ᠪᠤᠯᠬᠤ ᠦᠬᠡᠢ ᠨᠢ᠃ ᠲᠡᠷᠡ ᠪᠤᠯ ᠣᠶᠣᠨ ᠣᠬᠠᠭᠠᠨ ᠤ ᠣᠯᠠᠨ ᠣᠯᠤᠰ ᠤᠨ ᠮᠦᠽᠸᠢ ᠶᠢ ᠡᠭᠦᠰᠭᠡᠨ ᠪᠠᠶᠢᠭᠤᠯᠣᠭᠴᠢ᠂ ᠣᠯᠤᠰ ᠤᠨ ᠰᠤᠶᠤᠯ ᠤᠨ ᠭᠠᠪᠢᠶᠠᠲᠤ ᠵᠢᠳᠭᠦᠯᠲᠡᠨ᠂ ᠰᠢᠯᠢᠳᠡᠭ ᠵᠤᠬᠢᠶᠠᠨ ᠪᠦᠲᠦᠭᠡᠭᠴᠢ ᠵᠠᠨᠳᠠᠷᠠ ᠶᠢᠨ ᠲᠦᠮᠡᠨ᠊ᠦ᠋ᠯᠵᠡᠢ ᠶᠤᠮ᠃ ᠲᠡᠷᠠ ᠪᠠᠷ 3000 ᠰᠢᠬᠠᠮ ᠬᠤᠪᠢᠯᠪᠤᠷᠢ ᠣᠨᠢᠰᠤᠨ ᠪᠦᠲᠦᠭᠡᠯ ᠪᠦᠳᠦᠭᠡᠵᠣ᠂ 5000 ᠰᠢᠬᠠᠮ ᠬᠠᠭᠤᠳᠠᠰᠦ ᠲᠤᠳᠤᠷᠬᠠᠶᠢᠯᠠᠯᠳᠠ᠂ ᠲᠤᠮᠢᠶᠠᠯᠠᠯ᠂ ᠲᠧᠭᠨᠢᠭ ᠤᠨ ᠱᠤᠭᠤᠮ ᠵᠢᠷᠤᠭ ᠬᠢᠵᠦ᠂ ᠪᠠᠳᠤᠯᠭᠠᠵᠢᠭᠤᠯᠵᠤ᠂ ᠵᠤᠬᠢᠶᠠᠭᠴᠢ ᠶᠢᠨ ᠡᠷᠬᠡ ᠫᠠᠲ᠋ᠧᠨ ᠳᠤ ᠠᠪᠤᠭᠠᠳ ᠪᠠᠶᠢᠨ᠎ᠠ᠃
13᠂ ᠬᠦᠮᠦᠨ ᠠᠩᠬ᠎ᠠ ᠣᠳᠠᠭ᠎ᠠ ᠪᠤᠳᠤᠯ ᠢᠶᠠᠷ ᠣᠳᠣᠷᠢᠳᠳᠠᠭ ᠷᠣᠪᠤᠲ ᠮᠠᠰᠢᠨ ᠬᠦᠮᠦᠨ ᠪᠦᠲᠦᠭᠡᠵᠡᠢ᠃ ᠡᠨᠡ ᠪᠦᠲᠦᠭᠡᠯ ᠢ ᠠᠩᠬ᠎ᠠ ᠵᠢᠯ ᠪᠦᠷ ᠣᠯᠠᠮᠵᠢᠯᠠᠯ ᠪᠣᠯᠭᠠᠨ ᠵᠤᠬᠢᠶᠠᠨ ᠪᠠᠶᠢᠭᠤᠯᠣᠭᠳᠠᠳᠠᠭ ᠵᠠᠯᠠᠭᠤ ᠪᠠᠭᠰᠢ᠂ ᠣᠶᠤᠲᠠᠨ ᠨᠤᠭᠤᠳ ᠤᠨ ᠡᠪᠷᠢᠺᠠ 2013 ᠡᠷᠳᠡᠮ ᠰᠢᠨᠵᠢᠯᠡᠭᠡᠨ ᠤ ᠪᠠᠭ᠎ᠠ ᠬᠤᠷᠠᠯ ᠲᠡᠭᠡᠷ᠎ᠡ ᠲᠠᠨᠢᠯᠴᠠᠭᠤᠯᠣᠭᠰᠠᠨ ᠶᠤᠮ᠃
14᠂ ᠡᠷᠳᠡᠮᠲᠡᠳ ᠠᠳᠤᠭᠤᠨ ᠤ ᠶᠠᠰᠣᠨ ᠠᠴᠠ ᠨᠠᠨᠣ᠋ ᠺᠠᠯᠼ ᠭᠠᠷᠭᠠᠨ ᠠᠪᠴᠤ ᠲᠡᠭᠦᠪᠡᠷ ᠢᠶᠠᠨ ᠰᠢᠳᠦᠨ ᠤ ᠤ ᠬᠢᠬᠦ ᠲᠧᠭᠨᠧᠯᠣᠭᠢ ᠪᠤᠯᠪᠠᠰᠤᠷᠠᠭᠤᠯᠤᠭᠠᠳ ᠪᠠᠶᠢᠭ᠎ᠠ ᠠᠵᠢ᠃ ᠮᠠᠯ ᠤᠨ ᠭᠠᠷᠤᠯ ᠲᠠᠢ ᠣᠷᠭᠠᠨᠢᠭ ᠺᠠᠯᠼ ᠢ ᠲᠡᠷᠡ ᠴᠡᠭ ᠢᠶᠠᠷ ᠨᠢ ᠪᠤᠯᠪᠠᠰᠤᠷᠠᠭᠤᠯᠵᠤ᠂ ᠨᠠᠨᠣ᠋ ᠬᠡᠮᠵᠢᠶᠡᠨ ᠳᠤ ᠬᠢᠮᠢ ᠶᠢᠨ ᠪᠤᠯᠪᠠᠰᠤᠷᠠᠭᠤᠯᠤᠯᠳᠠ ᠶᠢᠨ ᠴᠡᠪᠡᠷ ᠢᠶᠠᠷ ᠨᠢ ᠭᠠᠷᠭᠠᠬᠤ ᠶᠤᠮ ᠪᠠᠶᠢᠨ᠎ᠠ᠃
15᠂ ᠰᠤᠳᠤᠯᠤᠭᠠᠴᠢ ᠡᠷᠳᠡᠮᠲᠡᠨ ᠵ᠊ • ᠭᠡᠷᠡᠯ ᠦᠨᠳᠦᠷᠯᠢᠭ ᠤᠨ ᠡᠪᠡᠳᠴᠢᠨ ᠢ ᠣᠨᠣᠰᠢᠯᠠᠬᠤ ᠰᠲᠠᠨᠳᠡᠷᠲ ᠢ ᠪᠤᠯᠪᠠᠰᠤᠷᠠᠭᠤᠯᠤᠨ᠂ ᠲᠡᠯᠡᠬᠡᠢ ᠶᠢᠨ ᠠᠨᠠᠭᠠᠬᠤ ᠣᠬᠠᠭᠠᠨ ᠳᠤ ᠬᠦᠭᠡᠨᠠᠭᠤᠷ ᠤᠨ ᠰᠲᠠᠨᠳᠠᠷᠲ ᠬᠡᠮᠡᠬᠦ ᠨᠡᠷ᠎ᠡ ᠪᠠᠷ ᠪᠠᠲᠤᠯᠠᠭᠤᠯᠵᠠᠢ᠃ ᠲᠡᠷᠡ ᠪᠠᠷ ᠡᠳᠦᠭᠡ ᠪᠦᠭᠦᠳᠡ ᠨᠠᠶᠢᠷᠠᠮᠳᠠᠬᠤ ᠬᠢᠲᠠᠳ ᠠᠷᠠᠳ ᠣᠯᠣᠰ ᠤᠨ ᠴᠢᠩᠬᠠᠢ ᠮᠣᠵᠢ ᠪᠤᠶᠤ ᠪᠢᠳᠡᠨ ᠤ ᠨᠡᠷᠡᠯᠡᠵᠤ ᠵᠠᠩᠰᠢᠭᠰᠠᠨ ᠢᠶᠠᠷ ᠬᠦᠭᠡᠨᠠᠭᠤᠷ ᠮᠣᠵᠢ ᠶᠢᠨ ᠠᠨᠠᠭᠠᠬᠤ ᠣᠬᠠᠭᠠᠨ ᠤ ᠶᠡᠭᠡ ᠰᠣᠷᠭᠠᠭᠤᠯᠢ ᠳᠤ ᠪᠠᠭᠰᠢᠯᠠᠨ ᠰᠣᠳᠣᠯᠭᠠᠨ ᠤ ᠠᠵᠢᠯ ᠢᠶᠠᠨ ᠬᠢᠵᠦ ᠪᠠᠶᠢᠨ᠎ᠠ᠃ ᠦᠨᠳᠦᠷᠯᠢᠭ ᠤᠨ ᠡᠪᠡᠳᠴᠢᠨ ᠭᠡᠳᠡᠭ ᠨᠢ ᠦᠨᠳᠦᠷᠯᠢᠭ ᠭᠠᠵᠠᠷ ᠬᠦᠴᠢᠯᠳᠦ᠋ᠷᠦᠭᠴᠢ ᠲᠤᠳᠠᠭᠳᠠᠭᠰᠠᠨ ᠠᠴᠠ ᠴᠢᠰᠤᠨ ᠤ ᠳᠠᠷᠤᠯᠲᠠ ᠦᠨᠲᠦᠷᠵᠢᠬᠦ᠂ ᠵᠢᠷᠦᠬᠡᠨ ᠤ ᠠᠴᠢᠶᠠᠯᠠᠯ ᠨᠡᠮᠡᠭᠳᠡᠵᠦ ᠦᠢᠯᠡ ᠠᠵᠢᠯᠯᠠᠭᠠᠨ ᠳᠤᠨᠢ ᠦᠭᠡᠷᠡᠴᠢᠯᠡᠯᠲᠡ ᠣᠷᠣᠬᠤ ᠭᠡᠬᠦ ᠵᠡᠷᠭᠡ ᠪᠠᠷ ᠢᠯᠡᠷᠡᠳᠡᠭ ᠦᠬᠦᠬᠦ ᠠᠶᠤᠯᠲᠠᠢ ᠡᠪᠡᠳᠴᠢᠨ ᠠᠵᠢ᠃
16᠂ ᠪᠦᠷᠢᠳᠬᠡᠯ ᠤᠨ ᠪᠦᠬᠦ ᠮᠡᠳᠡᠭᠡᠯᠡᠯ ᠢ ᠴᠠᠭ ᠠᠯᠳᠠᠯ ᠦᠬᠡᠢ ᠪᠠᠷ IPad ᠲᠦᠬᠦᠭᠡᠷᠦᠮᠵᠢ ᠪᠠᠷ ᠢᠶᠠᠨ ᠳᠠᠮᠵᠢᠭᠤᠯᠤᠨ ᠬᠦᠯᠢᠶᠡᠵᠦ ᠠᠪᠬᠤ EZ stat ᠫᠷᠥᠭᠷᠠᠮ ᠢ ᠡᠨᠡᠳᠬᠡᠭ ᠲᠤ ᠰᠤᠷᠭᠠᠭᠤᠯᠢ ᠲᠡᠭᠦᠰᠦᠭᠰᠡᠨ ᠪ᠊ • ᠡᠷᠳᠡᠮ ᠭᠡᠳᠡᠭ ᠵᠠᠯᠠᠭᠤ ᠵᠤᠬᠢᠶᠠᠨ ᠪᠦᠲᠦᠭᠡᠭᠰᠡᠨ ᠪᠠᠶᠢᠨ᠎ᠠ᠃ ᠲᠡᠷᠡ ᠪᠠᠷ IPad ᠤᠨ ᠤᠨ ᠠᠩᠬᠠᠨ ᠤ ᠫᠷᠥᠭᠷᠠᠮ ᠢ ᠪᠦᠲᠦᠭᠡᠭᠰᠡᠨ ᠨᠢ ᠡᠨᠡ ᠶᠤᠮ᠃ ᠣᠭ ᠫᠷᠥᠭᠷᠠᠮ ᠢ ᠲᠠᠲᠠᠭᠰᠠᠨ ᠢᠶᠠᠷ ᠰᠠᠩᠬᠦᠦ᠂ ᠡᠳ᠋ ᠤᠨ ᠵᠠᠰᠠᠭ ᠤᠨ ᠪᠦᠬᠦ᠋ᠢᠯᠠ ᠮᠡᠳᠡᠭᠡᠯᠡᠯ ᠢ IPAD ᠪᠠᠷ ᠢᠶᠠᠨ ᠬᠦᠯᠢᠶᠡᠨ ᠠᠪᠬᠤ ᠠᠴᠠ ᠭᠠᠳᠠᠨ᠎ᠠ ᠫᠷᠥᠭᠷᠠᠮ ᠢ Apple store ᠠᠴᠠ ᠦᠨ᠎ᠡ ᠦᠬᠡᠢ ᠲᠠᠳᠠᠵᠤ ᠠᠪᠬᠤ ᠪᠤᠯᠤᠮᠵᠢ ᠶᠢ ᠣᠯᠭᠤᠭᠠᠳ ᠪᠠᠶᠢᠨ᠎ᠠ᠃
17᠂ Apple ᠺᠣᠮᠫᠠᠨᠢ ᠠᠴᠠ ᠭᠠᠷᠭᠠᠭᠰᠠᠨ ᠬᠠᠮᠤᠭ ᠤᠨ ᠰᠡᠭᠦᠯ ᠤᠨ ᠦᠶ᠎ᠡ ᠶᠢᠨ ᠣᠬᠠᠭᠠᠯᠢᠭ ᠭᠠᠷ ᠣᠲᠠᠰᠤᠨ ᠳᠤ ᠵᠤᠷᠢᠭᠤᠯᠤᠭᠰᠠᠨ ᠳᠤᠬᠢᠶᠠᠯᠠᠯ ᠤᠨ ᠰᠢᠰᠲ᠋ᠧᠮ ᠢ ᠣᠯᠤᠰ ᠤᠨ ᠢᠷᠭᠡᠨ ᠨ᠊ • ᠪᠠᠲᠤᠴᠢᠯᠠᠭᠤᠨ ᠵᠤᠬᠢᠶᠠᠵᠠᠢ᠃ ᠣᠭ ᠫᠷᠥᠭᠷᠠᠮ ᠨᠢ ᠭᠡᠷ ᠮᠠᠰᠢᠨ ᠵᠡᠷᠭᠡ ᠪᠡᠶᠡᠲᠤ ᠣᠪᠶᠤᠺᠲ ᠲᠤ ᠭᠠᠳᠠᠨᠠᠬᠢ ᠬᠠᠯᠳᠠᠯᠭ᠎ᠠ ᠦᠷᠲᠦᠬᠦ ᠳᠤ ᠭᠠᠷ ᠣᠲᠠᠰᠤᠨ ᠳᠤ ᠳᠤᠬᠢᠶᠠᠯᠠᠯ ᠣᠴᠢᠬᠤ ᠠᠴᠠ ᠭᠠᠳᠠᠨ᠎ᠠ ᠲᠤᠬᠠᠢ ᠶᠢᠨ ᠬᠡᠷᠡᠭᠯᠡᠭᠴᠢ ᠶᠢᠨ ᠪᠠᠶᠢᠷᠢᠰᠢᠯ ᠢ ᠨᠢ ᠲᠣᠳᠣᠷᠬᠠᠶᠢᠯᠠᠵᠦ ᠴᠢᠳᠠᠳᠠᠭ ᠳᠠᠪᠠᠭᠤ ᠲᠠᠯ᠎ᠠ ᠲᠠᠢ ᠠᠵᠢ᠃ ᠢᠨᠲᠧᠷᠨᠲ ᠲᠤ ᠪᠠᠶᠢᠷᠢᠰᠢᠭᠤᠯᠤᠭᠰᠠᠨ ᠣᠭ ᠫᠷᠥᠭᠷᠠᠮ ᠢ ᠬᠡᠷᠡᠭᠯᠡᠭᠴᠢᠳ ᠶᠡᠬᠡᠳᠠ ᠰᠣᠨᠢᠷᠬᠠᠵᠣ ᠪᠠᠶᠢᠭ᠎ᠠ ᠲᠡᠳᠦᠢ ᠦᠬᠡᠢ Apple ᠤᠨ ᠪᠷᠡᠨᠳ᠋ ᠪᠤᠯᠤᠨ᠎ᠠ ᠭᠡᠵᠦ ᠦᠵᠡᠵᠦ ᠪᠠᠶᠢᠨ᠎ᠠ᠃
18᠂ ᠰᠢᠨᠵᠢᠯᠡᠬᠦ ᠣᠬᠠᠭᠠᠨ ᠤ ᠠᠺᠠᠳᠧᠮᠢ ᠶᠢᠨ ᠹᠢᠽᠢᠺ᠂ ᠲᠧᠭᠨᠧᠭᠯᠣᠭᠢ ᠶᠢᠨ ᠬᠦᠷᠢᠶᠡᠯᠡᠩ ᠤᠨ ᠵᠠᠬᠢᠷᠣᠯ᠂ ᠠᠺᠠᠳᠧᠮᠢᠴᠢ ᠪ᠊ • ᠴᠠᠳᠠᠷᠠ ᠲᠡᠷᠢᠭᠦᠲᠡᠢ ᠹᠢᠽᠢᠺᠴᠢᠳ ᠠᠯᠤᠰ ᠤᠨ ᠣᠳᠤᠷᠢᠳᠤᠯᠭ᠎ᠠ ᠲᠠᠢ ᠭᠡᠷ ᠬᠠᠯᠠᠭᠠᠭᠴᠢ ᠵᠤᠬᠢᠶᠠᠨ ᠪᠦᠲᠦᠭᠡᠵᠡᠢ᠃ ᠡᠨᠡ ᠬᠠᠯᠠᠭᠠᠭᠴᠢ ᠭᠡᠷ ᠲᠤ ᠬᠤᠶᠠᠷ ᠺᠦᠸᠠᠳ᠋ ᠴᠠᠭ ᠤᠨ ᠬᠦᠴᠦᠨ ᠴᠢᠳᠠᠯ ᠲᠠᠢ ᠴᠠᠬᠢᠯᠭᠠᠨ ᠵᠠᠷᠤᠴᠠᠭᠤᠯᠬᠤ ᠪᠦᠭᠡᠳ ᠣᠭ ᠲᠦᠬᠦᠭᠡᠷᠦᠮᠵᠢ ᠳᠤ ᠲᠤᠬᠢᠷᠠᠭᠤᠯᠭ᠎ᠠ ᠬᠢᠵᠦ ᠡᠵᠡᠭᠦᠢ ᠦᠶ᠎ᠡ ᠳᠡᠭᠡᠨ ᠣᠨᠲᠠᠷᠠᠭᠠᠴᠢᠬᠠᠭᠠᠳ᠂ ᠭᠡᠷ ᠲᠡᠭᠡᠨ ᠢᠷᠡᠬᠦ ᠲᠦᠬᠦᠭᠡᠳ ᠢᠷᠡᠬᠦ ᠪᠠᠷ ᠢᠶᠠᠨ ᠠᠰᠠᠭᠠᠴᠢᠬᠠᠵᠤ ᠪᠤᠯᠤᠨ᠎ᠠ᠃ ᠡᠨᠡ ᠨᠢ ᠴᠠᠬᠢᠯᠭᠠᠨ ᠳᠤ ᠮᠠᠰᠢ ᠬᠡᠮᠨᠡᠯᠳᠡ ᠲᠠᠢ ᠠᠷᠭ᠎ᠠ ᠶᠤᠮ᠃
19᠂ ᠲᠡᠯᠡᠬᠡᠢ ᠶᠢᠨ ᠰᠢᠨᠵᠢᠯᠡᠬᠦ ᠣᠬᠠᠭᠠᠨ ᠤ ᠠᠺᠠᠳᠧᠮᠢ ᠶᠢᠨ ᠭᠡᠰᠢᠭᠦᠨ᠂ ᠠᠺᠠᠳᠧᠮᠢᠴᠢ ᠭ᠊ • ᠨᠠᠮᠰᠠᠷᠠᠢ ᠲᠡᠷᠢᠭᠦᠲᠠᠢ ᠡᠷᠳᠡᠮᠲᠡᠳ ᠡᠷᠡᠨ ᠵᠠᠭᠤᠨ ᠤ ᠭᠡᠬᠦ ᠪᠠᠷ ᠨᠡᠭᠡᠭᠡᠯᠲᠡ ᠬᠢᠭᠰᠡᠨ ᠨᠢ ᠳᠤᠷ᠎ᠠ ᠶᠢᠨ ᠲᠤᠭᠠᠨ ᠠᠴᠠ ᠢᠨᠲ᠋ᠧᠭᠷᠠᠯ ᠠᠪᠬᠤ ᠭᠠᠶᠢᠬᠠᠮᠰᠢᠬᠳᠦ ᠲᠤᠮᠢᠶ᠎ᠠ ᠨᠤᠭᠤᠳ ᠢ ᠣᠯᠵᠠᠢ᠃ ᠹᠢᠽᠢᠺ᠂ ᠠᠯᠢᠨ ᠳᠤᠨᠢ ᠴᠦ ᠬᠡᠷᠡᠭᠯᠡᠭᠳᠡᠬᠦ ᠡᠯ᠎ᠡ ᠨᠡᠭᠡᠭᠡᠯᠲᠡ ᠨᠢ ᠲᠡᠯᠡᠬᠡᠢ ᠶᠢᠨ ᠰᠢᠨᠵᠢᠯᠡᠬᠦ ᠣᠬᠠᠭᠠᠨ ᠳᠤ ᠭᠠᠤᠰ ᠤᠨ᠂ ᠡᠶᠢᠯᠤᠷ ᠤᠨ᠂ ᠨᠧᠢᠮᠠᠨ ᠢ ᠢᠨᠲ᠋ᠧᠭᠷᠠᠯ ᠭᠡᠳᠡᠭ ᠰᠢᠭ ᠨᠠᠮᠰᠠᠷᠠᠢ ᠶᠢᠨ ᠢᠨᠲ᠋ᠧᠭᠷᠠᠯ ᠭᠡᠮᠡᠨ ᠨᠡᠷᠡᠯᠡᠭᠳᠡᠬᠦ ᠠᠵᠢ᠃
20᠂ ᠦᠩᠭᠡᠷᠡᠭᠰᠡᠨ ᠣᠨ ᠳᠤ ᠰᠢᠨᠵᠢᠯᠡᠬᠦ ᠣᠬᠠᠭᠠᠨ ᠤᠨ ᠶᠡᠭᠡ ᠰᠤᠷᠭᠠᠭᠤᠯᠢ ᠶᠢᠨ ᠲᠧᠭᠨᠧᠯᠣᠭᠢ ᠶᠢᠨ ᠪᠠᠭᠰᠢ ᠡ᠊ • ᠪᠠᠳᠤ ᠊᠊᠊ ᠡᠷᠳᠡᠨᠢ ᠬᠠᠶᠠᠭᠳᠠᠯ ᠵᠡᠭᠦᠦ᠂ ᠲᠠᠷᠢᠭᠤᠷ ᠠᠴᠠ ᠪᠧᠨ᠋ᠽᠧᠨ ᠭᠠᠷᠭᠠᠵᠤ ᠠᠪᠬᠤ ᠲᠤᠷᠰᠢᠯᠳᠠ ᠶᠢ ᠠᠮᠵᠢᠯᠳᠠᠳᠠᠢ ᠬᠡᠷᠡᠭᠵᠢᠭᠦᠯᠵᠡᠢ᠃ ᠲᠡᠷᠡ ᠪᠠᠷ ᠨᠡᠶᠢᠰᠯᠡᠯ ᠬᠤᠲᠠ ᠶᠢᠨ ᠬᠡᠮᠵᠢᠶᠡᠨ ᠳᠤ ᠡᠳᠦᠷ ᠲᠤ 2.4 ᠲᠣᠨ ᠲᠠᠷᠢᠭᠤᠷ ᠤᠨ ᠬᠠᠶᠠᠭᠳᠠᠮᠠᠯ ᠭᠠᠷᠳᠠᠭ ᠪᠦᠭᠡᠳ ᠡᠨᠡ ᠬᠠᠶᠠᠭᠳᠠᠮᠠᠯ ᠢᠶᠠᠷ 0. 6 ᠲᠤᠨ ᠪᠧᠨ᠋ᠽᠧᠨ ᠦᠢᠯᠡᠳᠪᠦᠷᠢᠯᠡᠬᠦ ᠪᠣᠯᠣᠮᠵᠢᠲᠠᠢ ᠭᠡᠰᠡᠨ ᠲᠤᠭᠠᠴᠠᠭ᠎ᠠ ᠶᠢ ᠭᠠᠷᠭᠠᠭᠰᠠᠨ ᠪᠠᠶᠢᠨ᠎ᠠ᠃
21᠂ ᠂ ᠶᠠᠫᠣᠨ᠂ ᠲᠠᠶᠢᠸᠠᠨ ᠵᠡᠷᠭᠡ ᠣᠯᠤᠰ ᠣᠷᠤᠨ ᠳᠤ ᠠᠵᠢᠯᠯᠠᠵᠤ ᠪᠠᠶᠢᠭᠠᠳ ᠢᠷᠡᠭᠰᠡᠨ ᠪ᠊ • ᠠᠯᠳᠠᠷ ᠭᠡᠬᠦ ᠮᠣᠩᠭᠤᠯ ᠡᠷᠳᠡᠮᠲᠡᠨ 2000 ᠣᠨ ᠳᠤ ᠳ᠋ᠣᠬᠣ᠋ ᠶᠢᠨ ᠡᠰᠡᠷᠭᠦ ᠪᠡᠯᠡᠳᠦᠮᠡᠯ ᠭᠠᠷᠭᠠᠨ ᠠᠪᠴᠤ ᠲᠡᠭᠦᠨ ᠢ ᠪᠠᠨ ᠲᠠᠶᠢᠯᠠᠨᠳ ᠳᠤ ᠲᠤᠷᠰᠢᠵᠠᠢ᠃ ᠲᠤᠷᠰᠢᠯᠲᠠ ᠳᠤ ᠬᠠᠮᠤᠷᠤᠭᠳᠠᠭᠰᠠᠨ ᠬᠤᠷᠢᠭᠠᠳ ᠬᠦᠮᠦᠨ ᠡᠳᠡᠭᠡᠵᠦ ᠡᠨᠡ ᠲᠠᠯ᠎ᠠ ᠪᠠᠷ ᠲᠡᠯᠡᠬᠡᠢ ᠨᠡᠶᠢᠲᠡ ᠳᠤ ᠬᠦᠷᠭᠡᠬᠦ ᠪᠠᠷ ᠣᠯᠠᠨ ᠵᠢᠯ ᠬᠦᠭᠡᠭᠡᠴᠡᠯᠳᠦᠭᠰᠡᠨ ᠢᠶᠠᠨ ᠲᠤᠭᠤᠭ᠎ᠠ ᠦᠬᠡᠢ ᠪᠠᠶᠢᠨ᠎ᠠ᠃ ᠮᠦᠨ ᠲᠡᠷᠡ ᠪᠠᠷ ᠡᠯᠢᠭᠡᠨ ᠤ ᠭᠦ᠋ᠫᠠᠲᠢᠲ ᠸ᠊ • ᠰ᠊ ᠭᠡᠮᠴᠢᠯᠡᠬᠦ ᠸᠠᠺᠼᠢᠨ ᠭᠠᠷᠭᠠᠨ᠂ ᠲᠡᠭᠦᠨ ᠢ ᠨᠢ ᠲᠡᠯᠡᠬᠡᠢ ᠶᠢᠨ ᠣᠯᠠᠨ ᠣᠷᠤᠨ ᠳᠤ ᠬᠦᠯᠢᠶᠡᠨ ᠵᠦᠪᠰᠢᠶᠡᠷᠡᠭᠦᠯᠦᠭᠡᠳ ᠪᠠᠶᠢᠭ᠎ᠠ ᠠᠵᠢ᠃
22᠂ ᠵᠠᠯᠠᠭᠤᠰ Nikel Gamba᠂ DG 57 ᠬᠡᠮᠡᠬᠦ ᠴᠠᠬᠢᠯᠭᠠᠨ ᠢᠶᠠᠷ ᠠᠵᠢᠯᠯᠠᠳᠠᠭ ᠣᠨᠣᠳᠠᠭ ᠳᠤᠭᠤᠢ ᠪᠦᠲᠦᠭᠡᠭᠰᠡᠨ ᠪᠠᠶᠢᠨ᠎ᠠ᠃ ᠣᠭ ᠳᠤᠭᠤᠢ ᠨᠢ ᠰᠢᠳᠠᠬᠤᠨ ᠬᠡᠷᠡᠭᠯᠡᠬᠦ ᠦᠬᠡᠢ᠂ ᠵᠦᠪᠬᠡᠨ ᠴᠠᠬᠢᠯᠭᠠᠨ ᠢᠶᠠᠷ ᠠᠵᠢᠯᠯᠠᠬᠤ ᠶᠤᠮ᠃ ᠳᠤᠭᠤᠢ ᠶᠢᠨ ᠷᠠᠮ᠂ ᠪᠤᠯᠤ ᠵᠡᠷᠬᠡ ᠶᠢ ᠬᠦᠩᠭᠡᠨᠴᠠᠭᠠᠨ ᠢᠶᠠᠷ ᠬᠢᠭᠰᠡᠨ ᠪᠦᠭᠡᠳ ᠪᠠᠮᠢ ᠶᠢ ᠮᠠᠲᠠᠵᠦ ᠭᠠᠩᠨᠠᠭᠤᠷ ᠢᠶᠠᠷ ᠪᠠᠬᠢᠯᠡᠭᠰᠡᠨ᠃ 220 ᠺᠢᠯᠤᠸᠠᠲ ᠲᠤ ᠵᠡᠯᠭᠠᠵᠤ ᠴᠡᠨᠡᠭᠯᠡᠭᠡᠳ 30 ᠺᠢᠯᠤᠮᠧᠳ᠋ᠷ ᠵᠠᠮ ᠲᠣᠭᠤᠯᠬᠤ ᠬᠦᠴᠦᠨ ᠴᠢᠳᠠᠯ ᠲᠠᠢ ᠡᠨᠡ ᠳᠤᠭᠤᠢ ᠴᠠᠭ ᠲᠤ 40 ᠺᠢᠯᠤᠮᠧᠳ᠋ᠷ ᠬᠤᠷᠳᠣᠯᠠᠳᠠᠭ ᠠᠵᠢ᠃
23᠂ ᠣᠯᠤᠯ᠎ᠠ ᠬᠤᠪᠢᠴᠠᠭᠠᠳᠤ ᠺᠣᠮᠫᠠᠨᠢ ᠶᠢᠨ ᠮᠣᠩᠭᠤᠯ ᠢᠨᠵᠧᠨᠧᠷ᠂ GPS General positioning system ᠵᠤᠬᠢᠶᠠᠨ ᠪᠦᠲᠦᠭᠡᠵᠡᠢ᠃ ᠡᠨᠡᠬᠦ ᠠᠪᠰᠠᠷᠬᠠᠨ ᠬᠡᠷᠡᠭᠰᠡᠯ ᠢ ᠮᠠᠰᠢᠨ ᠳᠠᠭᠠᠨ ᠪᠤᠯᠤᠨ ᠪᠡᠶ᠎ᠡ ᠳᠡᠭᠡᠨ ᠠᠪᠴᠤ ᠶᠠᠪᠣᠵᠤ ᠣᠯᠤᠰ ᠤᠨ ᠠᠯᠢ ᠨᠣᠲᠤᠭ ᠲᠡᠪᠢᠰᠭᠡᠷ ᠲᠤ ᠭᠠᠵᠠᠷ ᠤᠨ ᠵᠢᠷᠤᠭ ᠦᠬᠡᠢ ᠪᠠᠷ ᠬᠡᠷᠡᠭ ᠲᠠᠢ ᠭᠠᠵᠠᠷ ᠢᠶᠠᠨ ᠬᠠᠮᠤᠭ ᠤᠨ ᠳᠦᠲᠡ᠂ ᠬᠠᠮᠤᠭ ᠤᠨ ᠣᠨᠣᠪᠴᠢᠲᠠᠢ᠂ ᠵᠠᠮ ᠢᠶᠠᠷ ᠰᠠᠭᠠᠳ ᠦᠬᠡᠢ ᠬᠦᠷᠴᠦ ᠣᠴᠢᠬᠤ᠂ ᠲᠡᠭᠦᠨᠴᠢᠯᠡᠨ ᠣᠯᠠᠭᠠᠨᠪᠠᠭᠠᠲᠣᠷ ᠤᠨ ᠭᠤᠳᠤᠮᠵᠢ ᠳᠠᠯᠠᠪᠠᠢ ᠭᠡᠷ ᠬᠤᠷᠢᠶᠠᠯᠠᠯ ᠤᠳ ᠲᠤ ᠲᠦᠭᠡᠷᠢᠵᠦ ᠪᠤᠳᠤᠯᠢᠬᠤ ᠦᠬᠡᠢ ᠶᠠᠪᠣᠬᠤ ᠨᠦᠬᠦᠴᠡᠯ ᠪᠦᠷᠢᠳᠬᠦ ᠭᠡᠨ᠎ᠡ᠃
24᠂ ᠬᠠᠮᠤᠭ ᠤᠨ ᠰᠡᠭᠦᠯ ᠳᠤ ᠪᠢᠳᠡᠨ ᠤ ᠡᠪᠦᠭᠡ ᠳᠡᠭᠡᠳᠦᠰ ᠤᠨ ᠪᠦᠲᠦᠭᠡᠯᠴᠢ ᠰᠡᠳᠬᠢᠯᠭᠡᠨ ᠤ ᠢᠯᠡᠷᠡᠯ ᠪᠣᠯᠣᠭᠰᠠᠨ ᠨᠢᠭᠡᠨ ᠪᠦᠲᠦᠭᠡᠯ ᠢ ᠲᠠᠨᠢᠯᠴᠠᠭᠤᠯᠵᠦ ᠪᠠᠶᠢᠨ᠎ᠠ᠃ ᠡᠨᠡ ᠪᠤᠯ ᠭᠡᠷ᠃ ᠭᠡᠷ ᠨᠢ 3000 ᠣᠷᠴᠢᠮ ᠵᠢᠯ ᠤᠨ ᠲᠡᠷᠲᠡᠭᠡ ᠠᠴᠠ ᠣᠳᠤ ᠶᠢᠨ ᠬᠡᠪ ᠰᠢᠨᠵᠢ ᠣᠯᠤᠭᠰᠠᠨ ᠪᠦᠭᠡᠳ ᠨᠡᠭᠦᠳᠡᠯᠯᠡᠨ ᠠᠵᠤ ᠲᠦᠷᠦᠬᠦ ᠳᠤ ᠬᠠᠮᠤᠭ ᠤᠨ ᠰᠠᠶᠢᠨ ᠵᠤᠬᠢᠴᠠᠳᠠᠭ᠃ ᠬᠦᠩᠭᠡᠨ᠂ ᠠᠪᠰᠠᠷᠬᠠᠨ᠂ ᠣᠳᠠᠭᠠᠨ ᠡᠳ᠋ᠯᠡᠭᠡ ᠲᠠᠢ᠂ ᠠᠷᠬᠢᠲ᠋ᠧᠺᠲ᠋ᠣᠷ ᠤᠨ ᠣᠨᠴᠠᠭᠠᠢ ᠰᠡᠶᠢᠳᠦᠯ ᠲᠠᠢ ᠵᠡᠷᠭᠡ ᠪᠠᠷ ᠢᠶᠠᠨ ᠭᠠᠳᠠᠨᠡᠬᠢ ᠶᠢᠨ ᠬᠢᠨ ᠤ ᠰᠤᠨᠢᠷᠬᠠᠯ ᠢ ᠶᠡᠬᠡᠳᠠ ᠲᠠᠳᠠᠭᠰᠠᠭᠠᠷ ᠢᠷᠡᠭᠰᠡᠨ᠃
ᠰᠤᠳᠤᠯᠤᠯ ᠤᠨ ᠰᠤᠷᠠᠭ ᠵᠠᠩᠬᠢ ᠶᠢᠨ ᠰᠦᠯᠵᠢᠶ᠎ᠡ

