 

8 ·18᠎  ᠵᠢᠷᠢᠮ ᠤᠨ ᠮᠤᠷᠢ ᠤᠷᠤᠯᠳᠤᠬᠤ ᠨᠠᠶᠢᠷ ᠤᠨ ᠬᠥᠷᠢᠶ᠎ᠠ ᠬᠤᠰᠢᠭᠤᠨ ᠳᠠᠬᠢ  ᠨᠢᠵᠢᠭᠢᠷ ᠰᠠᠶᠢᠬᠠᠨ 

2017-08-27 12:20
  454
  1

      ᠲᠡᠭᠷᠢ ᠶᠢᠨ ᠬᠤᠷ᠎ᠠ ᠬᠦᠷᠢᠶ᠎ᠡ ᠨᠤᠳᠤᠭ ᠲᠤ ᠤᠷᠤᠢ ᠰᠠᠭᠠᠳᠠᠭᠰᠠᠨ ᠪᠤᠯᠪᠠᠴᠤ ᠤᠷᠤᠭᠰᠠᠨ ᠪᠤᠷᠤᠭᠠᠨ ᠬᠠᠮᠤᠭ ᠪᠤᠳᠠᠰ ᠢ ᠤᠮᠳᠠᠯᠠᠭᠰᠠᠨ ᠪᠠᠶᠢᠵᠠᠢ᠃ ᠬᠥᠳᠡᠭᠡ ᠲᠠᠯ᠎ᠠ ᠬᠥᠭᠡᠷᠡᠨ ᠨᠤᠭᠤᠭᠠᠷᠠᠵᠤ᠂ ᠠᠳᠤᠭᠤ ᠮᠠᠯ ᠲᠠᠯ᠎ᠠ ᠶᠢᠨ ᠲᠤᠮᠳᠠ ᠪᠠᠨ ᠲᠠᠪᠠᠳᠠᠢ ᠪᠡᠯᠴᠢᠭᠡᠷᠯᠡᠨ᠂ ᠡᠵᠡᠨ ᠨᠢ ᠪᠤᠯᠤᠭᠰᠠᠨ ᠮᠠᠯᠴᠢᠨ ᠲᠠᠷᠢᠶᠠᠴᠢᠳ ᠮᠠᠩᠨᠠᠢ ᠲᠠᠨᠢᠢᠨ ᠪᠠᠶᠠᠰᠤᠯᠴᠠᠵᠤ᠂ ᠰᠠᠶᠢᠬᠠᠨ ᠮᠤᠩᠭᠤᠯ ᠨᠤᠳᠤᠭ ᠤᠨ ᠥᠵᠡᠮᠵᠢᠳᠤ ᠤᠯᠠᠷᠢᠯ ᠢ ᠮᠡᠳᠡᠭᠡᠯᠠᠨ᠎ᠠ᠃ 8 ᠰᠠᠷ᠎ᠠ ᠶᠢᠨ 18 — 19᠎ ᠤ ᠡᠳᠤᠷ᠂ ᠲᠤᠮᠳᠠᠳᠤ ᠤᠯᠤᠰ · ᠥᠪᠤᠷ ᠮᠤᠩᠭᠤᠯ ᠤᠨ ᠲᠥᠷᠪᠡᠳᠤᠭᠡᠷ ᠬᠤᠭᠤᠴᠠᠭᠠᠨ ᠤ ᠲᠠᠯᠠᠭᠡᠢ ᠶᠢᠨ ᠮᠤᠷᠢᠨ ᠮᠡᠷᠭᠡᠵᠢᠯ ᠤᠨ ᠨᠠᠶᠢᠷ᠂ ᠬᠤᠷᠢᠨ ᠨᠢᠭᠡᠳᠤᠭᠡᠷ ᠬᠤᠭᠤᠴᠠᠭᠠᠨ ᠤ 8 ·18᠎ ᠤ ᠵᠢᠷᠢᠮ ᠤᠨ ᠮᠤᠷᠢ ᠤᠷᠤᠯᠳᠤᠬᠤ ᠨᠠᠶᠢᠷ ᠤᠨ ᠬᠥᠷᠢᠶ᠎ᠠ ᠬᠤᠰᠢᠭᠤᠨ ᠳᠠᠬᠢ ᠤᠷᠤᠯᠳᠤᠭᠠᠨ ᠨᠢ ᠬᠤᠰᠢᠭᠤᠨ ᠤ ᠮᠠᠩᠬᠠᠨ ᠰᠤᠮᠤ ᠶᠢᠨ ᠬᠠᠳᠠᠭᠤ ᠭᠠᠴᠠᠭ᠎ᠠ ᠳᠤ ᠠᠮᠵᠢᠯᠳᠠ ᠲᠠᠢ ᠶᠠᠪᠤᠭᠳᠠᠯ᠎ᠠ᠃ ᠬᠥᠭᠡᠮᠳᠥᠭ ᠤᠭᠳᠠᠷᠭᠤᠢ ᠳᠤ ᠴᠠᠭᠠᠨ ᠡᠬᠦᠯᠡᠰ ᠬᠥᠪᠤᠯᠵᠡᠨ᠂ ᠬᠥᠷᠤᠰᠤᠳᠤ ᠲᠠᠯ᠎ᠠ ᠳᠤ ᠨᠤᠭᠤᠭᠠᠨ ᠡᠪᠡᠰᠤ ᠬᠠᠯᠢᠭᠤᠷᠠᠨ᠂ ᠥᠡᠭᠭᠡᠳᠤ ᠰᠠᠶᠢᠬᠠᠨ ᠲᠤᠭ ᠲᠠᠯᠪᠠᠭ᠎ᠠ ᠡᠩ ᠵᠢᠭᠳᠡᠷᠡᠨ ᠨᠠᠮᠢᠷᠡᠵᠤ᠂ ᠨᠠᠶᠢᠷ ᠤᠨ ᠠᠬᠤᠢ ᠲᠠᠯᠠᠪᠠᠢ ᠬᠤᠪᠢ ᠶᠢᠨ ᠭᠠᠳᠠᠨ᠎ᠠ ᠥᠵᠡᠮᠵᠢ ᠲᠠᠢ ᠬᠠᠷᠠᠭᠳᠠᠵᠤ᠂ ᠬᠤᠯᠠ ᠤᠶᠢᠷ᠎ᠠ ᠶᠢᠨ ᠵᠤᠴᠢᠳ ᠢᠶᠠᠨ ᠤᠭᠳᠤᠵᠤ ᠪᠠᠶᠢᠪᠠ᠃ ᠤᠷᠤᠯᠳᠤᠭᠠᠨ ᠤ ᠴᠠᠭ ᠤᠢᠢᠷᠠᠳᠤᠭᠰᠠᠨ᠎ᠠ᠂ ᠶᠠᠪᠤᠨ ᠴᠤᠪᠤᠭᠰᠠᠨ ᠬᠥᠮᠤᠰ ᠲᠠᠯᠠᠪᠠᠢ ᠲᠥᠬᠦᠷᠭᠡᠵᠤ᠂ ᠤᠷᠤᠯᠳᠤᠭᠠᠨ ᠳᠤ ᠤᠷᠤᠯᠴᠠᠭᠰᠠᠳ ᠨᠠᠷ᠎ᠠ ᠪᠠᠨ ᠮᠡᠳᠡᠬᠦᠯᠤᠨ ᠤᠷᠤᠯᠳᠤᠭᠠᠨ ᠳᠤ ᠪᠠᠯᠡᠳᠭᠡᠵᠡᠭᠡᠨ᠎ᠠ᠃ ︽ᠪᠢ ᠭᠡᠵᠤ 16 ᠨᠠᠰᠤᠨ ᠠᠴᠠ ᠡᠬᠢᠯᠡᠵᠤ ᠮᠤᠷᠢ ᠤᠷᠤᠯᠳᠤᠵᠤ᠂ ᠮᠤᠷᠢ ᠲᠠᠢ ᠪᠠᠨ ᠬᠠᠮᠳᠤ ᠠᠮᠢ ᠪᠠᠨ ᠬᠤᠯᠪᠤᠵᠤ ᠢᠷᠡᠭᠰᠡᠨ ᠬᠥᠮᠤᠨ᠂ ᠮᠤᠷᠢ ᠲᠠᠢ ᠪᠠᠨ ︿ᠵᠢᠭᠤᠷᠠᠯᠳᠤᠵᠤ﹀ ᠯᠡ ᠪᠠᠶᠢᠪᠠᠯ ᠰᠠᠶ᠋ᠢ ᠪᠠᠶᠠᠷ ᠵᠢᠷᠭᠠᠯ ᠲᠠᠢ᠂ ᠡᠨᠡ ᠤᠳᠠᠭ᠎ᠠ 5000 ᠮᠧᠲᠷ ᠤᠨ ᠤᠷᠤᠯᠳᠤᠭᠠᠨ ᠳᠤ ᠤᠷᠤᠯᠴᠠᠭᠰᠠᠨ᠂ ᠤᠳᠤ ᠨᠠᠮ᠎ᠠ ᠳᠤ ᠠᠪᠴᠤ ᠭᠡᠯᠡᠪᠡᠯ ᠲᠠᠰ ᠳ᠋ᠤᠭᠠᠷ ᠨᠢ ᠶᠠᠮᠠᠷ ᠭᠡᠳᠡᠭ ᠨᠢ ᠵᠥᠭᠡᠷ᠂ ᠤᠮᠤᠭ ᠪᠠᠬ᠎ᠠ ᠲᠠᠢ ᠤᠷᠤᠯᠴᠠᠵᠤ ᠪᠠᠶᠢᠬᠤ ᠨᠢ ᠴᠢᠬᠤᠯᠡ ᠰᠢᠤ︾ ᠭᠡᠵᠤ ᠮᠠᠩᠬᠠᠨ ᠰᠤᠮᠤ ᠶᠢᠨ ᠪᠤᠷᠬᠠᠨᠳᠤ ᠭᠠᠴᠠᠭ᠎ᠠ ᠶᠢᠨ ᠲᠠᠯᠠᠨ ᠨᠢᠭᠡᠳᠠᠢ ᠱᠠᠭᠠᠷᠠᠭ ᠨᠠᠰᠤᠳᠠᠨ ᠪᠠᠶᠠᠷᠳᠠᠶᠢᠬᠠᠨ ᠶᠠᠷᠢᠨ᠎ᠠ᠃ ᠲᠠᠶᠢᠮᠤ ᠡ᠂ ᠲᠠᠯᠠ ᠭᠠᠷᠤᠭᠰᠠᠨ ᠮᠤᠷᠢᠳᠡᠨ᠂ ᠲᠠᠪᠢ ᠬᠥᠷᠥᠭᠰᠡᠨ ᠪᠥᠭᠡᠴᠢᠨ ᠠᠴᠠ ᠲᠤᠯᠤᠭ᠎ᠠ ᠨᠠᠢᠮᠠᠳᠠᠢ ᠪᠠᠭ᠋ᠠᠳᠠᠳ ᠬᠥᠷᠳᠡᠯ᠎ᠠ ᠠᠳᠠ  ᠴᠤᠭᠯᠠᠷᠠᠨ᠂ ︽ᠪᠠᠭᠠᠳᠤᠷ ᠥᠨᠳᠤᠰᠤᠳᠠᠨ ᠮᠤᠷᠢᠳᠠᠨ ᠥᠨᠳᠤᠰᠤᠳᠠᠨ︾᠎ ᠤ ᠠᠯᠳᠠᠷ ᠴᠤᠯᠠ ᠶᠢ ᠮᠠᠨᠳᠤᠭᠤᠯᠤᠨ᠂ ᠤᠶᠤᠨ ᠰᠠᠮᠪᠠᠭ᠎ᠠ ᠡᠷ᠎ᠠ ᠰᠢᠨᠳᠠᠰᠤ ᠪᠠᠨ ᠰᠢᠯᠭᠠᠬᠤ ᠪᠠᠷ ᠪᠡᠯᠡᠭᠡᠨ ᠪᠤᠯᠤᠯ᠎ᠠ᠃

      ᠤᠷᠤᠯᠳᠤᠭᠠᠨ ᠶᠠᠪᠤᠭᠳᠠᠬᠤ ᠠᠴᠠ ᠡᠮᠤᠨ᠎ᠠ᠂ ᠬᠤᠰᠢᠭᠤᠨ ᠤ ᠤᠯᠠᠭᠠᠨᠮᠥ᠋ᠴᠢᠷ᠂ ᠥᠪᠤᠷ ᠮᠤᠩᠭᠤᠯ ᠤᠨ ᠮᠥᠯᠡᠨ ᠨᠠᠶᠢᠷᠠᠯ ᠲᠠᠭᠤᠤ ᠶᠢᠨ ᠪᠥᠯᠬᠦᠮ᠂ ᠰᠥᠯᠳᠡ ᠮᠤᠷᠢᠨ ᠬᠤᠭᠤᠷ ᠤᠨ ᠪᠥᠯᠬᠦᠮ ᠵᠡᠷᠭᠡ ᠠᠴᠠ ︽ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠨ᠎ᠠ︾᠂ ︽ᠮᠠᠯᠴᠢᠨ ᠲᠥᠮᠡᠨ ᠡᠪ ᠬᠠᠮᠳᠤ ᠨᠠᠮ ᠢᠶᠠᠨ ᠮᠠᠭᠳᠠᠨ ᠲᠠᠭᠤᠯᠠᠨ᠎ᠠ︾ ᠵᠡᠷᠭᠡ ᠡᠯᠪᠡᠭ ᠰᠠᠶᠢᠬᠠᠨ ᠤᠷᠠᠨ ᠰᠠᠶᠢᠬᠠᠨ ᠤ
ᠲᠤᠭᠯᠠᠯᠳᠠ ᠪᠠᠨ ᠡᠷᠬᠦᠵᠤ᠂ ᠨᠠᠶᠢᠷ ᠲᠡᠭᠡᠷ᠎ᠠ ᠨᠠᠷᠬᠢᠶᠠᠨ ᠨᠡᠮᠡᠭᠰᠡᠨ ᠪᠠᠶᠢᠨ᠎ᠠ᠃ ᠤᠷᠤᠯᠳᠤᠭᠠᠨ ᠡᠬᠢᠯᠡᠭᠰᠡᠨ ᠢ ᠲᠤᠩᠬᠠᠭᠯᠠᠳᠠᠯ᠎ᠠ᠂ ᠠᠭᠤᠳᠠᠮ ᠨᠤᠭᠤᠭᠠᠨ ᠲᠠᠯ᠎ᠠ ᠶᠢᠨ ᠥᠷᠤᠴᠠᠨ ᠳᠤ᠂ ᠬᠤᠷᠳᠤᠨ ᠬᠥᠯᠥᠭ ᠤᠳ ᠱᠤᠩᠪᠠᠭᠠᠳ ᠲᠠᠪᠬᠢᠯ᠎ᠠ᠂ ᠤᠳᠤ ᠤᠨᠠᠵᠤ ᠰᠤᠮᠤ ᠬᠠᠷᠪᠤᠬᠤ ᠮᠡᠳᠤ ᠤᠷᠤᠭᠰᠢ ᠪᠠᠨ ᠲᠠᠮᠡᠤᠯᠡᠭᠰᠡᠨ ᠴᠤ᠂ ᠤᠨᠤᠭᠰᠠᠨ ᠡᠵᠡᠨ ᠳᠤᠨᠢ ᠤᠳᠠᠭᠠᠨ ᠴᠤ ᠭᠡᠮᠡᠨ ᠰᠠᠨᠠᠭᠳᠠᠵᠤ ᠲᠠᠰᠢᠭᠤᠷ ᠨᠡᠮᠡᠨ᠎ᠠ᠃ ᠨᠠᠰᠤ ᠠᠬᠢᠵᠤ ᠥᠰᠤ ᠨᠢ ᠴᠠᠶᠢᠭᠰᠠᠨ ᠴᠤ ᠲᠠᠮᠢᠷ ᠲᠡᠩᠭᠡᠭᠡ ᠨᠢ ᠪᠠᠭᠤᠷᠠᠭ᠎ᠠ ᠥᠭᠡᠢ ᠪᠥᠭᠡᠴᠢᠨ ᠮᠠᠨᠢ ᠲᠠᠯᠠᠪᠠᠢ ᠳᠤ ᠤᠷᠤᠬᠤ ᠪᠠᠷ᠂ ︽ᠡᠨᠡ ᠡᠪᠤᠭᠡᠨ ᠢ ᠨᠠᠰᠤ ᠶᠠᠪᠤᠵᠠᠢ ᠭᠡᠵᠤ ᠪᠤᠤ ᠪᠠᠰᠤ ᠳ᠋ᠠ᠂ ᠵᠠᠭᠤᠢ ᠭᠠᠷ ᠰᠢᠤ︾ ᠭᠡᠮᠡᠯᠳᠤᠨ᠎ᠠ᠃ ᠪᠢᠯᠡᠭᠤ ᠰᠢᠳᠠᠵᠤ ᠪᠤᠰᠬᠠᠬᠰᠠᠨ ᠤᠨᠤᠭ᠎ᠠ ᠶᠢ ᠪᠤᠯᠳᠤ ᠴᠤᠬᠢᠵᠤ ᠤᠨᠠᠭᠠᠬᠤ ᠭᠡᠵᠤ ᠨᠠᠩ ᠴᠤ ᠭᠡᠴᠡᠬᠦᠥ ᠪᠠᠶᠢᠵᠤ᠂ ᠡᠷᠳᠡᠨ ᠤ ᠥᠶ᠎ᠠ ᠶᠢᠨ ᠲᠠᠪᠬᠢᠭ᠎ᠠ ᠮᠤᠷᠢᠨ ᠠᠴᠠ ᠬᠠᠷᠪᠤᠵᠤ ᠨᠠᠮᠨᠠᠬᠤ᠂ ᠪᠢᠯᠠᠭᠤ ᠰᠢᠳᠠᠵᠤ ᠠᠡᠭ ᠠᠩᠨᠠᠬᠤ ᠲᠠᠤᠭᠡ ᠶᠢᠨ ᠡᠷᠬᠢᠴᠡᠬᠦᠯᠥᠯ ᠲᠡᠷᠡ ᠬᠤᠷᠤᠮ ᠳᠤ ᠪᠤᠳᠤᠭᠳᠤᠶᠤ᠃ ᠲᠠᠯᠠᠪᠠᠢ ᠲᠤᠭᠤᠷᠢᠭᠰᠠᠨ ᠥᠵᠡᠬᠦ ᠬᠥᠮᠤᠰ ᠤᠤᠬᠠᠢ ᠬᠠᠰᠬᠢᠷᠤᠯᠳᠤᠨ ᠬᠥᠴᠤᠨ ᠨᠠᠮᠡᠵᠤ᠂ ᠨᠠᠶᠢᠷ ᠤᠨ ᠲᠠᠯᠠᠪᠠᠢ ᠨᠢᠭᠡᠯᠡ ᠲᠡᠭᠡᠷ᠎ᠠ ᠪᠠᠴᠢᠮ ᠤᠷᠤᠯᠳᠤᠭᠠᠨ ᠤ ᠠᠭᠤᠷ ᠠᠮᠢᠰᠬᠤᠯ ᠢᠶᠠᠷ ᠪᠢᠯᠬᠠᠵᠤ᠂ ᠤᠷᠤᠯᠳᠤᠭᠠᠨ ᠴᠤ ᠢᠳᠡ ᠬᠥᠭ ᠲᠠᠢ ᠶᠠᠪᠤᠭᠳᠠᠨ᠎ᠠ ᠁᠃ ᠲᠤᠰ ᠤᠳᠠᠭᠠᠨ ᠤ ᠤᠷᠤᠯᠳᠤᠭᠠᠨ ᠳᠤ᠂ ᠮᠤᠷᠢ ᠤᠷᠤᠯᠳᠤᠬᠤ᠂ ᠪᠥᠭᠡ ᠪᠠᠷᠢᠯᠳᠤᠬᠤ᠂ ᠪᠢᠯᠡᠭᠤ ᠰᠢᠳᠡᠬᠦ ᠵᠡᠷᠭᠡ ᠨᠠᠭᠠᠳᠤᠮ ᠤᠨ ᠲᠥᠷᠥᠯ ᠵᠥᠢᠯ ᠢ ᠲᠤᠬᠢᠷᠠᠭᠤᠯᠵᠤ᠂ ᠬᠥᠷᠢᠶ᠎ᠠ ᠬᠤᠰᠢᠭᠤᠨ ᠤ ᠡᠯ᠎ᠠ ᠰᠤᠮᠤ ᠪᠠᠯᠭᠠᠰᠤ ᠵᠢᠴᠢ ᠠᠬ᠎ᠠ ᠲᠡᠬᠦᠥ ᠬᠤᠰᠢᠭᠤ ᠰᠢᠶᠠᠨ ᠠᠴᠠ ᠬᠥᠷᠥᠯᠴᠡᠨ ᠢᠷᠡᠭᠰᠡᠨ 300 ᠭᠠᠷᠤᠢ ᠤᠷᠤᠯᠳᠤᠭᠴᠢ ᠤᠷᠤᠯᠴᠠᠵᠤ᠂ ᠡᠬᠦᠨ ᠳᠤ᠂ ᠮᠤᠷᠢᠨ ᠤᠷᠤᠯᠳᠤᠭᠠᠨ ᠳᠤ 126 ᠬᠥᠮᠤᠨ᠂ ᠪᠥᠭᠡ ᠶᠢᠨ ᠪᠠᠷᠢᠯᠳᠤᠭᠠᠨ ᠳᠤ 96 ᠬᠥᠮᠤᠨ᠂ ᠪᠢᠯᠠᠭᠤ ᠶᠢᠨ ᠤᠷᠤᠯᠳᠤᠭᠠᠨ ᠳᠤ 81 ᠬᠥᠮᠤᠨ ᠪᠠᠶᠢᠪᠠ᠃

      ᠤᠷᠤᠯᠳᠤᠭᠠᠨ ᠤ ᠡᠴᠤᠰ ᠲᠤ᠂ ᠡᠯ᠎ᠠ ᠲᠥᠷᠥᠯ ᠤᠨ ᠤᠷᠤᠯᠳᠤᠭᠠᠨ ᠤ ᠲᠥᠷᠥᠬᠦᠥ ᠨᠠᠢᠮᠡᠨ ᠨᠠᠷᠠᠰ᠂ ᠲᠠᠷᠤᠢ 64 ᠤᠷᠤᠯᠳᠤᠭᠴᠢ ᠶᠢ ᠬᠥᠬᠢᠬᠦᠯᠥᠨ ᠱᠠᠩᠨᠠᠭᠰᠠᠨ ᠪᠠᠶᠢᠨ᠎ᠠ᠃ ᠲᠤᠰ ᠤᠳᠠᠭᠠᠨ ᠤ ᠤᠷᠤᠯᠳᠤᠭᠠᠨ ᠨᠢ᠂ ᠭᠡᠳᠦ᠋ᠢᠪᠡᠷ ᠨᠠᠶᠢᠭᠡᠮ ᠲᠠᠶᠠᠭᠠᠷ ᠲᠠᠭᠠᠨ ᠮᠡᠳᠡᠷᠡᠭᠳᠡᠭᠰᠡᠨ ᠨᠠᠷᠠᠳᠤ ᠪᠥᠭᠡᠴᠢᠳ ᠪᠠᠶᠢᠬᠤ ᠥᠭᠡᠢ᠂ ᠨᠠᠷᠠᠳᠠᠢ ᠮᠤᠷᠢᠳ ᠴᠤ ᠪᠠᠶᠢᠬᠤ ᠥᠭᠡᠢ᠂ ᠭᠡᠪᠡᠴᠤ ᠠᠷᠠᠳ ᠲᠥᠮᠡᠨ ᠢᠶᠠᠨ ᠬᠠᠮᠤᠭ ᠤᠨ ᠥᠷᠭᠡᠨ ᠢᠶᠠᠷ ᠤᠷᠤᠯᠴᠠᠭᠤᠯᠤᠨ᠂ ᠬᠠᠮᠤᠭ ᠠᠴᠠ ᠬᠥᠨ ᠰᠤᠶᠤᠯ ᠲᠠᠮᠢᠷ ᠤᠨ ᠬᠥᠷᠳᠡᠭᠡᠮᠵᠢ ᠤᠯᠭᠤᠭᠰᠠᠨ ᠨᠢ ᠡᠨᠡᠬᠦ ᠨᠠᠶᠢᠷ ᠤᠨ ᠲᠤᠪᠤᠶᠢᠭᠰᠠᠨ ᠤᠨᠴᠠᠯᠢᠭ ᠪᠤᠯᠵᠤ᠂ ᠥᠷᠭᠡᠨ ᠤᠯᠠᠨ ᠨᠠᠭᠠᠳᠤᠮᠴᠢᠳ ᠵᠢᠴᠢ 3 ᠲᠥᠮᠡ ᠭᠠᠷᠤᠢ ᠥᠵᠡᠨ ᠰᠤᠨᠢᠷᠬᠠᠭᠴᠢᠳ ᠤᠨ ᠢᠶᠠᠨ ᠬᠠᠯᠠᠭᠤᠨ ᠬᠥᠷᠢᠶᠠᠯᠠᠯ ᠢ ᠤᠯᠤᠭᠰᠠᠨ ᠨᠢᠵᠢᠬᠢᠷ ᠰᠠᠶᠢᠬᠠᠨ ᠨᠠᠶᠢᠷ ᠪᠤᠯᠤᠭᠰᠠᠨ ᠪᠠᠶᠢᠨ᠎ᠠ᠃   



  
     
     