-
2144422
︽ᠤᠢ ᠮᠤᠳᠤ ᠪᠠᠨ ᠬᠠᠷᠠᠵᠤ ᠪᠠᠶᠢᠪᠠᠯ ᠰᠡᠤᠨᠬᠢᠯ ᠲᠤᠳᠤᠷ᠎ᠠ ᠴᠤ ᠠᠭᠤᠵᠢᠭᠤ ᠪᠠᠶᠢᠳᠠᠭ︾
2019-11-29 20:13
353
0
︽ᠤᠢ ᠮᠤᠳᠤ ᠪᠠᠨ ᠬᠠᠷᠠᠵᠤ ᠪᠠᠶᠢᠪᠠᠯ ᠰᠡᠤᠨᠬᠢᠯ ᠲᠤᠳᠤᠷ᠎ᠠ ᠴᠤ ᠠᠭᠤᠵᠢᠭᠤ ᠪᠠᠶᠢᠳᠠᠭ︾ — ᠶᠠᠩ ᠱᠦ ᠭᠸᠤ ᠤᠯᠤᠰ ᠤᠨ ᠤᠢ ᠰᠢᠭᠤᠢ ᠶᠢᠨ ᠲᠠᠯᠠᠪᠠᠢ ᠶᠢᠨ ᠠᠵᠢᠯᠴᠢᠨ ᠴᠠᠩ ᠱᠸᠤ ᠶᠢᠨ ᠬᠢᠨ ᠢ ᠲᠡᠮᠳᠡᠭᠯᠡᠪᠡ
ᠴᠠᠩ ᠱᠧᠦ ︵ᠵᠡᠭᠦᠨ ᠠᠴᠠ ᠬᠤᠶᠠᠳᠠᠬᠢ︶ ᠨᠦᠬᠦᠳ ᠲᠠᠢ ᠪᠠᠨ ᠮᠤᠳᠤ ᠠᠷᠠᠴᠢᠯᠠᠵᠤ ᠪᠠᠶᠢᠭ᠎ᠠ ᠨᠢ
ᠤᠢ ᠶᠢᠨ ᠭᠦᠨ ᠳᠤ
— ᠵᠠ ᠰᠠᠶᠢᠨ ᠪᠠᠶᠢᠨ᠎ᠠ ᠤᠤ︕ ᠦᠳᠡ ᠶᠢᠨ ᠠᠮᠠᠷᠠᠯᠳᠠ ᠶᠢ ᠴᠢᠨᠢ ᠵᠢᠭᠠᠬᠠᠨ ᠰᠠᠭᠠᠳᠠᠭᠠᠬᠤ ᠶᠤᠮ ᠪᠠᠶᠢᠨ᠎ᠠ ᠳ᠋ᠠ᠃
— ᠰᠠᠶᠢᠨ᠂ ᠰᠠᠶᠢᠨ ᠪᠠᠶᠢᠨ᠎ᠠ ᠤᠤ︕
ᠤᠢ ᠶᠢᠨ ᠭᠦᠨ ᠳᠤ ︽ᠨᠢᠭᠤᠬᠳᠠᠨ︾ ᠤᠢ ᠮᠤᠳᠤ ᠠᠷᠠᠴᠢᠯᠠᠵᠦ ᠪᠠᠶᠢᠬᠰᠠᠨ ᠴᠠᠩ ᠱᠧᠦ ᠲᠠᠢ ᠵᠠᠮᠴᠢ ᠶᠢᠨ ᠰᠠᠶᠢᠨ ᠢᠶᠠᠷ ᠢᠩᠭᠢᠵᠦ ᠠᠭᠤᠯᠵᠠᠯ᠎ᠠ᠃ ᠶᠠᠩ ᠱᠦ ᠭᠧᠦ ᠤᠯᠤᠰ ᠤᠨ ᠤᠢ ᠰᠢᠭᠤᠢ ᠶᠢᠨ ᠳᠠᠯᠠᠪᠠᠢ ᠶᠢᠨ ᠰᠠᠭᠤᠭ᠎ᠠ ᠭᠠᠵᠠᠷ ᠠᠴᠠ ᠭᠠᠷᠴᠤ ᠳᠠᠪᠢᠭᠠᠳ ᠭᠠᠵᠠᠷ ᠤᠨ ᠡᠩᠭᠦᠯ ᠳᠤᠩᠬᠤᠯ᠂ ᠡᠷᠳᠡᠨᠢ ᠰᠢᠰᠢ ᠶᠢᠨ ᠳᠠᠷᠢᠶ᠎ᠠ ᠪᠠ ᠮᠠᠰᠢᠨ ᠳᠡᠷᠭᠡᠨ ᠠᠴᠠ ᠦᠨᠳᠦᠷ ᠤᠷᠭᠤᠭᠰᠠᠨ ᠭᠡᠭᠡᠷ᠎ᠡ ᠶᠢᠨ ᠡᠪᠡᠰᠦᠨ ᠳᠤ ᠪᠤᠭᠤᠭᠳᠠᠭᠰᠠᠨ ᠬᠦᠳᠡᠭᠡ ᠶᠢᠨ ᠵᠠᠮ ᠢᠶᠠᠷ ᠳᠤᠩᠰᠢᠭᠤᠯᠵᠤ᠂ ᠤᠢ ᠰᠢᠭᠤᠢ ᠶᠢᠨ ᠳᠠᠯᠠᠪᠠᠢ ᠶᠢᠨ ᠢᠶᠠᠨ ᠠᠵᠢᠯ ᠤᠨ ᠭᠠᠵᠠᠷ ᠤᠳ ᠢ ᠰᠠᠶᠢᠨ ᠪᠠᠷᠤᠭᠴᠠᠭᠠᠯᠠᠳᠠᠭ ᠵᠠᠮᠴᠢ ᠵᠢᠯᠤᠭᠤᠴᠢ ᠶᠢᠨ ᠮᠠᠰᠢᠨ ᠵᠢᠯᠤᠭᠤᠳᠬᠤ ᠮᠡᠷᠭᠡᠵᠢᠯ ᠳᠤ ᠨᠠᠶᠢᠳᠠᠨ ᠤᠢ ᠶᠢᠨ ᠳᠤᠮᠳᠠ ᠦᠳᠡᠯᠡᠵᠦ ᠪᠠᠶᠢᠬᠰᠠᠨ ᠤᠢ ᠮᠤᠳᠤ ᠠᠷᠠᠴᠢᠯᠠᠬᠴᠢ ᠨᠠᠷ ᠢ ᠤᠯᠵᠤ ᠠᠪᠤᠯ᠎ᠠ᠃
— ᠠᠳᠡ ᠭᠡᠳᠦᠭᠦᠯᠡ ᠪᠠᠨ ᠪᠠᠶᠢᠨ᠎ᠠ ᠪᠤᠢ︖
— 43 ᠬᠦᠮᠦᠨ ᠪᠠᠶᠢᠨ᠎ᠠ᠃
— ᠳᠠ ᠨᠠᠷ ᠶᠠᠮᠠᠷ ᠠᠵᠢᠯ ᠬᠢᠵᠦ ᠪᠠᠶᠢᠭ᠎ᠠ ᠶᠤᠮ︖
— ᠤᠢ ᠮᠤᠳᠤ ᠶᠢ ᠠᠷᠠᠴᠢᠯᠠᠬᠤ ᠠᠵᠢᠯ ᠬᠢᠵᠦ ᠪᠠᠶᠢᠨ᠎ᠠ᠃ ᠮᠤᠳᠤᠨ ᠤ ᠦᠭᠦᠰᠢᠷᠡᠭᠰᠡᠨ ᠰᠠᠯᠠᠭ᠎ᠠ ᠮᠦᠴᠢᠷ᠂ ᠬᠤᠪᠠᠭ᠋ᠠᠢ ᠮᠤᠳᠤ᠂ ᠮᠤᠳᠤᠨ ᠤ ᠤᠷᠭᠤᠯᠳᠠ ᠶᠢ ᠨᠦᠯᠦᠭᠡᠯᠡᠵᠦ ᠪᠠᠶᠢᠭ᠎ᠠ ᠮᠤᠳᠤᠨ ᠤ ᠦᠨᠳᠦᠰᠦ ᠪᠤᠶᠤ ᠡᠰᠢᠨ ᠳᠡᠭᠡᠷ᠎ᠡ ᠤᠷᠭᠤᠭᠰᠠᠨ ᠢᠯᠡᠭᠦᠴᠡ ᠰᠠᠯᠠᠭ᠎ᠠ ᠶᠢ ᠳᠠᠭᠠᠷᠢᠵᠤ ᠠᠪᠤᠭᠠᠳ᠂ ᠤᠢ ᠶᠢᠨ ᠴᠢᠯᠦᠭᠡᠨ ᠳᠤ ᠰᠠᠶᠢᠬᠠᠨ ᠬᠤᠷᠢᠶᠠᠵᠤ ᠳᠠᠯᠪᠢᠬᠤ ᠠᠵᠢᠯ ᠢ ᠬᠢᠵᠦ ᠪᠠᠶᠢᠨ᠎ᠠ᠃ ᠡᠨᠡ ᠪᠤᠯ ᠮᠠᠨ ᠤ ᠤᠢ ᠰᠢᠭᠤᠢ ᠶᠢᠨ ᠳᠠᠯᠠᠪᠠᠢ ᠶᠢᠨ ᠵᠤᠨ ᠨᠠᠮᠤᠷ ᠤᠨ ᠬᠢᠳᠡᠭ ᠭᠤᠤᠯ ᠠᠵᠢᠯ ᠪᠤᠯᠤᠨ᠎ᠠ᠃ ᠳᠡᠭᠡᠪᠡᠯ ᠬᠠᠪᠤᠷ ᠤᠨ 3 ᠰᠠᠷ᠎ᠠ ᠶᠢᠨ 15 ᠠᠴᠠ ᠵᠤᠨ ᠤ 6 ᠰᠠᠷ᠎ᠠ ᠶᠢᠨ 15 ᠪᠤᠯᠳᠠᠯᠠᠬᠢ ᠬᠤᠭᠤᠴᠠᠭ᠎ᠠ ᠪᠤᠯ ᠭᠠᠯ ᠰᠡᠷᠭᠡᠶᠢᠯᠡᠬᠦ ᠬᠤᠭᠤᠴᠠᠭ᠎ᠠ ᠪᠤᠯᠤᠨ᠎ᠠ᠂ ᠳᠠᠯᠠᠪᠠᠢ ᠶᠢᠨ ᠠᠵᠢᠯᠴᠢᠳ ᠡᠭᠡᠯᠵᠢ ᠬᠠᠯᠠᠭ᠎ᠠ ᠪᠠᠷ ᠴᠠᠭᠳᠠᠭᠤᠯ ᠳᠤ ᠭᠠᠷᠳᠠᠭ᠃ ᠬᠠᠪᠤᠷ ᠪᠠᠰᠠ ᠮᠤᠳᠤ ᠳᠠᠷᠢᠬᠤ ᠠᠵᠢᠯ ᠪᠠᠶᠢᠨ᠎ᠠ᠃ ᠡᠭᠦᠨ ᠠᠴᠠ ᠭᠠᠳᠠᠨ᠎ᠠ᠂ ᠶᠡᠷᠦᠳᠡ ᠶᠢᠨ ᠤᠢ ᠶᠢᠨ ᠬᠠᠶᠢᠭᠤᠯ ᠤᠨ ᠠᠵᠢᠯ ᠪᠠᠶᠢᠳᠠᠭ᠂ ᠭᠠᠯ ᠢ ᠰᠡᠷᠭᠡᠶᠢᠯᠡᠬᠦ ᠠᠵᠢᠬᠯᠠᠯᠳᠠ ᠶᠢᠨ ᠦᠷᠳᠡᠭᠡ ᠪᠠᠷ ᠴᠡᠭ ᠪᠤᠯᠭᠠᠨ ᠴᠠᠭ ᠦᠷᠭᠦᠯᠵᠢᠳᠡ ᠪᠦᠬᠦ ᠤᠢ ᠰᠢᠭᠤᠢ ᠶᠢᠨ ᠳᠠᠯᠠᠪᠠᠢ ᠪᠠᠨ ᠬᠠᠷᠠᠭᠤᠯᠳᠠᠨ ᠴᠠᠭᠳᠠᠵᠤ᠂ ᠭᠠᠯ ᠳᠦᠢᠮᠡᠷ ᠤᠨ ᠭᠡᠮ ᠰᠤᠭᠤᠭ᠂ ᠬᠤᠯᠠᠭᠠᠢ ᠪᠠᠷ ᠮᠤᠳᠤ ᠤᠭᠳᠤᠯᠬᠤ ᠪᠠ ᠬᠤᠯᠠᠭᠠᠢ ᠪᠠᠷ ᠠᠪᠠᠯᠠᠬᠤ ᠶᠢ ᠰᠡᠷᠭᠡᠶᠢᠯᠡᠵᠦ ᠪᠠᠶᠢᠳᠠᠭ᠂ ᠬᠠᠶᠢᠭᠤᠯ ᠤᠨ ᠠᠵᠢᠯ ᠢ ᠳᠤᠭᠳᠠᠭᠰᠠᠨ ᠬᠦᠮᠦᠰ ᠬᠠᠷᠢᠭᠤᠴᠠᠵᠤ ᠪᠠᠶᠢᠳᠠᠭ᠃ ᠮᠠᠨ ᠤ ᠠᠪᠤ ᠶᠠᠬ ᠢᠢᠮᠦ ᠠᠵᠢᠯ ᠬᠢᠳᠡᠭ᠃
— ᠵᠢᠯ ᠤᠨ ᠠᠵᠢᠯ ᠤᠨ ᠡᠭᠦᠷᠭᠡ ᠬᠦᠨᠳᠦ ᠤᠤ︖
— ᠪᠦᠬᠦ ᠳᠠᠯᠠᠪᠠᠢ ᠪᠠᠷ ᠢᠶᠠᠨ ᠡᠨᠡ ᠵᠢᠯ 1 ᠲᠦᠮᠡᠨ ᠮᠦ ᠶᠢᠨ ᠠᠷᠠᠴᠢᠯᠠᠨ ᠳᠤᠳᠤᠮᠳᠠᠬᠤ ᠡᠭᠦᠷᠭᠡ ᠲᠠᠢ᠂ 4 — 5 ᠳᠤᠭᠤᠢᠢᠯᠠᠩ ᠬᠤᠪᠢᠶᠠᠭᠠᠳ ᠠᠵᠢᠯᠯᠠᠵᠤ ᠪᠠᠶᠢᠨ᠎ᠠ᠃
— ᠳᠠ ᠨᠠᠷ ᠬᠡᠳᠦᠢ ᠳᠠᠯᠠᠪᠠᠢ ᠳᠤ᠂ ᠬᠢᠷᠢ ᠤᠳᠠᠭᠠᠨ ᠠᠵᠢᠯᠯᠠᠬᠤ ᠪᠠᠷ ᠪᠠᠶᠢᠨ᠎ᠠ︖
— ᠪᠢᠳᠠ ᠠᠵᠢᠯ ᠳᠠᠭᠠᠨ ᠭᠠᠷᠤᠭᠠᠳ ᠠᠷᠪᠠᠭᠠᠳ ᠬᠤᠨᠤᠵᠤ ᠪᠠᠶᠢᠨ᠎ᠠ᠂ ᠳᠠᠬᠢᠭᠠᠳ ᠠᠷᠪᠠᠭᠠᠳ ᠬᠤᠨᠤᠪᠠᠯ ᠠᠵᠢᠯ ᠢᠶᠠᠨ ᠳᠠᠭᠤᠰᠬᠠᠴᠢᠬᠠᠨ᠎ᠠ᠃
— ᠤᠢ ᠰᠢᠭᠤᠢ ᠭᠡᠵᠦ ᠬᠦᠮᠦᠨ ᠳᠦᠭᠡᠷᠢᠮᠡᠷ᠂ ᠭᠦᠨ ᠳᠤᠨᠢ ᠤᠷᠤᠭᠠᠳ ᠢᠷᠡᠬᠦ ᠪᠠᠷ ᠠᠮᠢᠰᠬᠤᠭ᠎ᠠ ᠳᠠᠪᠴᠢᠳᠠᠮᠠᠷ ᠰᠠᠨᠠᠭᠳᠠᠵᠤ ᠪᠠᠶᠢᠨ᠎ᠠ᠃ ᠢᠢᠮᠦ ᠠᠵᠢᠯ ᠠᠴᠠ ᠤᠢᠢᠳᠤᠭᠠ ᠦᠭᠡᠢ ᠤᠤ︖ ᠴᠢ ᠦᠪᠡᠷ ᠢᠶᠠᠨ ᠤᠢ ᠰᠢᠭᠤᠢ ᠶᠢᠨ ᠳᠠᠯᠠᠪᠠᠢ ᠶᠢᠨ ᠵᠢᠩᠭᠢᠨᠢ ᠠᠵᠢᠯᠴᠢᠨ ᠤᠤ︖
— ᠪᠢ ᠳᠦᠷ ᠴᠠᠭ ᠤᠨ ᠠᠵᠢᠯᠴᠢᠨ᠂ ᠮᠠᠨ ᠤ ᠠᠪᠤ ᠶᠢᠨ ᠦᠶ᠎ᠠ ᠠᠴᠠ ᠳᠤᠷᠤᠭᠰᠢ ᠪᠠᠷᠤᠭ ᠵᠢᠩᠭᠢᠨᠢ ᠠᠵᠢᠯᠴᠢᠨ ᠪᠠᠶᠢᠬᠤ ᠦᠭᠡᠢ᠃ ᠪᠢ ᠡᠨᠡ ᠠᠵᠢᠯ ᠢ ᠬᠢᠭᠡᠳ 12 ᠵᠢᠯ ᠪᠤᠯᠵᠤ ᠪᠠᠶᠢᠨ᠎ᠠ᠂ ᠡᠨᠡ ᠭᠠᠵᠠᠷ ᠤᠨ ᠤᠰᠤᠨ ᠳᠠᠭᠠᠨ᠂ ᠤᠢ ᠮᠤᠳᠤᠨ ᠳᠠᠭᠠᠨ᠂ ᠠᠵᠢᠯ ᠳᠠᠭᠠᠨ ᠳᠠᠰᠴᠢᠬᠠᠵᠠᠢ᠃ ᠤᠢ ᠰᠢᠭᠤᠢ ᠶᠢᠨ ᠬᠠᠮᠠᠭᠠᠯᠠᠯᠳᠠ ᠶᠢᠨ ᠠᠵᠢᠯ᠂ ᠦᠪᠡᠷ ᠤᠨ ᠭᠡᠷ ᠤᠨ ᠳᠠᠷᠢᠶᠠᠨ ᠠᠵᠢᠯ ᠳᠠᠪᠬᠤᠴᠠᠬᠤ ᠤᠴᠢᠷ ᠦᠭᠡᠢ ᠶᠠᠬ ᠰᠠᠶᠢᠬᠠᠨ ᠡᠭᠡᠯᠵᠢ ᠬᠠᠯᠠᠭ᠎ᠠ ᠪᠠᠷ ᠬᠢᠭᠡᠳ ᠳᠡᠶᠢᠯᠴᠢᠬᠡᠨᠠ᠃ ᠳᠠᠷᠢᠶ᠎ᠠ ︵90 ᠮᠦ ᠳᠠᠷᠢᠶᠠᠨ ᠭᠠᠵᠠᠷ ᠲᠠᠢ︶ ᠪᠠᠨ ᠪᠤᠰᠤᠳ ᠲᠤ ᠳᠠᠭᠠᠭᠠᠴᠢᠯᠠᠭᠤᠯᠤᠭᠰᠠᠨ ᠴᠤ ᠤᠷᠤᠯᠭ᠎ᠠ ᠨᠢ ᠵᠦᠭᠡᠷ᠂ ᠳᠠᠯᠠᠪᠠᠢ ᠠᠴᠠ ᠪᠠᠰᠠ ᠴᠠᠯᠢᠩ ᠠᠪᠴᠢᠬᠠᠨ᠎ᠠ᠂ ᠰᠠᠭᠠᠳᠠᠬᠤ ᠤᠴᠢᠷ ᠭᠡᠵᠦ ᠦᠭᠡᠢ᠃ ᠭᠡᠷᠪᠡ ᠭᠠᠳᠠᠭᠰᠢ ᠪᠠᠨ ᠭᠠᠷᠴᠤ ᠠᠵᠢᠯ ᠬᠢᠬᠦ ᠳᠤ ᠬᠦᠷᠪᠡᠯ ᠠᠷᠤ ᠭᠡᠷ ᠢᠶᠠᠨ ᠳᠤᠳᠤᠮᠳᠠᠵᠤ ᠳᠡᠶᠢᠯᠬᠦ ᠦᠭᠡᠢ ᠪᠤᠯᠤᠨ᠎ᠠ᠃ ᠦᠪᠡᠷ ᠤᠨ ᠲᠦᠷᠦᠵᠦ ᠦᠰᠦᠭᠰᠡᠨ ᠨᠤᠳᠤᠭ ᠠᠴᠠ ᠪᠠᠨ ᠬᠤᠯᠠᠳᠠᠬᠤ ᠦᠭᠡᠢ᠂ ᠨᠤᠳᠤᠭ ᠲᠠᠭᠠᠨ ᠠᠵᠢᠯᠯᠠᠬᠤ ᠨᠢ ᠨᠠᠳᠠ ᠳᠤ ᠠᠪᠴᠤ ᠬᠡᠯᠡᠪᠡᠯ ᠲᠤᠩ ᠵᠢᠷᠭᠠᠯ ᠲᠠᠢ ᠶᠠᠪᠤᠳᠠᠯ᠃ ᠮᠠᠨ ᠤ ᠠᠳᠡ ᠠᠭᠤᠷ ᠠᠮᠢᠰᠬᠤᠯ ᠰᠠᠶᠢᠬᠠᠨ᠂ ᠦᠵᠡᠮᠵᠢ ᠪᠠᠰᠠ ᠰᠠᠶᠢᠬᠠᠨ᠂ ᠡᠳᠦᠷᠵᠢᠨ ᠠᠳᠡ ᠪᠠᠨ ᠠᠵᠢᠯᠯᠠᠵᠤ᠂ ᠤᠢ ᠮᠤᠳᠤ ᠪᠠᠨ ᠬᠠᠷᠠᠵᠤ ᠪᠠᠶᠢᠪᠠᠯ ᠰᠡᠳᠭᠢᠯ ᠳᠤᠳᠤᠷ᠎ᠠ ᠴᠤ ᠠᠭᠤᠵᠢᠭᠤ ᠪᠠᠶᠢᠳᠠᠭ᠃
— 12 ᠵᠢᠯ ᠭᠡᠳᠡᠭ ᠴᠢᠨᠢ ᠭᠡᠳᠦ ᠲᠠᠢ ᠠᠴᠠ ᠪᠠᠨ ᠠᠵᠢᠯ ᠳᠤ ᠭᠠᠷᠤᠭᠰᠠᠨ ᠶᠤᠮ ᠪᠤᠢ︖ ᠭᠡᠷᠯᠡᠭᠰᠡᠨ ᠤᠤ︖ ᠭᠡᠦᠬᠡᠳ ᠲᠠᠢ ᠤᠤ︖
— ᠡᠨᠡ ᠵᠢᠯ ᠪᠢ 28 ᠲᠠᠢ᠂ 17 ᠲᠠᠢ ᠠᠴᠠ ᠪᠠᠨ ᠤᠢ ᠶᠢᠨ ᠠᠵᠢᠯ ᠳᠤ ᠭᠠᠷᠤᠭᠰᠠᠨ᠃ ᠭᠡᠷᠯᠡᠭᠡᠳ 1 ᠬᠦᠦ ᠲᠠᠢ 6 ᠨᠠᠰᠤᠳᠡᠢ᠂ ᠬᠤᠰᠢᠭᠤᠨ ᠳᠡᠭᠡᠷ᠎ᠡ ᠬᠡᠦᠬᠡᠳ ᠤᠨ ᠴᠡᠴᠡᠷᠯᠢᠭ ᠲᠤ ᠦᠭᠭᠦᠭᠡᠳ ᠡᠬᠡ ᠨᠢ ᠬᠠᠷᠠᠵᠤ ᠪᠤᠢ᠃
— ᠳᠠᠨ ᠤ ᠴᠢᠨᠢ 4 ᠦᠶ᠎ᠠ ᠶᠢᠨ ᠤᠢ ᠶᠢᠨ ᠠᠵᠢᠯᠴᠢᠨ ᠭᠡᠰᠡᠨ᠂ ᠦᠩᠭᠡᠷᠡᠭᠰᠡᠨ ᠤ ᠪᠠᠶᠢᠳᠠᠯ ᠢ ᠤᠢᠢᠯᠠᠭᠠᠳᠠᠭ ᠤᠤ︖
— ᠡᠮᠡᠭᠡ ᠠᠴᠠ ᠪᠠᠨ ᠨᠡᠯᠢᠶᠡᠳ ᠶᠠᠭᠤᠮ᠎ᠠ ᠰᠤᠨᠤᠰᠴᠤ ᠪᠠᠶᠢᠬᠰᠠᠨ᠃ ᠮᠠᠨ ᠤ ᠡᠯᠦᠨᠴᠡ ᠡᠪᠦᠭᠡ ᠶᠢᠨ ᠦᠶ᠎ᠠ ᠳᠤ ᠡᠨᠡ ︽ᠶᠠᠩ ᠱᠦ ᠭᠧᠦ︾ ᠭᠡᠳᠡᠭ ᠨᠡᠷ᠎ᠡ ᠭᠠᠷᠬᠤ ᠠᠴᠠ ᠡᠮᠦᠨ᠎ᠠ᠂ ᠳᠤᠪᠤ ᠳᠤ ᠰᠠᠭᠤᠵᠤ ︵ᠵᠤᠰᠠᠭᠠᠯ ᠳᠤ ᠰᠠᠭᠤᠬᠤ ᠮᠡᠳᠦ︶᠂ ᠤᠢ ᠰᠢᠭᠤᠢ ᠶᠢ ᠬᠠᠮᠠᠭᠠᠯᠠᠨ ᠴᠠᠬᠳᠠᠬᠤ ᠠᠵᠢᠯ ᠢ ᠬᠢᠵᠦ ᠡᠭᠢᠯᠡᠭᠰᠡᠨ ᠭᠡᠳᠡᠭ᠃
᠁
ᠶᠠᠩ ᠱᠦ ᠭᠧᠦ ᠶᠢᠨ ᠳᠦᠷᠪᠡᠳᠡᠬᠢ ᠦᠶ᠎ᠠ ᠶᠢᠨ ᠤᠢ ᠶᠢᠨ ᠠᠵᠢᠯᠴᠢᠨ ᠴᠠᠩ ᠱᠧᠦ ᠲᠠᠢ᠂ ᠤᠢ ᠶᠢᠨ ᠢᠪᠴᠤᠬᠠᠨ ᠴᠢᠯᠦᠭᠡᠨ ᠳᠤ ᠠᠮᠢᠰᠬᠤᠭ᠎ᠠ ᠳᠡᠪᠴᠢᠳᠠᠭᠰᠡᠨ ᠨᠤᠭᠤᠭ᠎ᠠ ᠶᠢᠨ ᠡᠭᠡᠭᠦᠨ ᠦᠨᠦᠷ ᠠᠮᠢᠰᠬᠤᠯᠯᠠᠨ ᠢᠢᠨ ᠬᠦ ᠶᠠᠷᠢᠶ᠎ᠡ ᠪᠤᠯᠵᠤ ᠦᠩᠭᠡᠷᠡᠯ᠎ᠠ᠃ ᠵᠣᠬᠢᠶᠠᠭᠴᠢ᠄ ᠬᠠᠶᠢᠷᠬᠠᠨ ᠲᠦᠮᠡᠨᠳᠠᠯᠠᠢ ᠬᠠᠶᠢᠷ᠎ᠠ ᠬᠡᠰᠢᠭᠪᠦᠶᠠᠨ