-
124419
ᠠᠭᠣᠣ ᠶᠡᠬᠡ ᠴᠢᠳᠠᠪᠣᠷᠢᠳᠠᠨ ᠤ ᠰᠣᠷᠭᠠᠯᠳᠠ
2021-05-09 11:10
208
0
ᠠᠭᠣᠣ ᠶᠡᠬᠡ ᠴᠢᠳᠠᠪᠣᠷᠢᠳᠠᠨ ᠤ ᠰᠣᠷᠭᠠᠯᠳᠠ ᠨᠢ ᠥᠢ ᠣᠯᠠᠨ ᠵᠠᠯᠠᠭᠣᠴᠣᠳ ᠲᠤ ᠭᠠᠷᠬᠣ ᠣᠷᠣᠬᠣ ᠵᠠᠮ ᠪᠣᠯᠣᠭᠠᠰᠠᠢ᠃
ᠡᠨᠡ ᠴᠢᠳᠠᠪᠣᠷᠢᠳᠠᠨ ᠤ ᠰᠣᠷᠭᠠᠯᠳᠠ ᠨᠢ ᠣᠳᠣ ᠶᠢᠨ ᠥᠵᠡᠯᠳᠡ ᠲᠠᠢ ᠳᠣᠩ ᠶᠡᠬᠡ ᠵᠥᠷᠢᠶᠡᠨ ᠲᠠᠢ ᠪᠣᠯ ᠳᠠᠭᠠᠷᠠᠨ᠎ᠠ᠃ ᠳᠠᠷᠣᠢ ᠮᠠᠨ ᠤ ᠵᠠᠩᠰᠢᠯ ᠢᠶᠠᠷ ᠪᠣᠯ ᠮᠠᠯᠴᠢᠨ ᠪᠣᠯ ᠮᠠᠯ ᠮᠠᠯᠵᠢᠨ᠎ᠠ᠂ ᠳᠠᠷᠢᠶᠡᠴᠢᠨ ᠪᠣᠯ ᠳᠠᠷᠢᠶ᠎ᠠ ᠳᠠᠷᠢᠨ᠎ᠠ᠂ ᠠᠯᠪᠠᠨ ᠳᠣᠰᠢᠶᠠᠯᠳᠠᠨ ᠪᠣᠯ ᠠᠯᠪᠠᠯᠠᠨ᠎ᠠ᠃ ᠲᠡᠳᠡ ᠮᠠᠯ᠂ ᠳᠠᠷᠢᠶ᠎ᠠ᠂ ᠠᠵᠢᠯ ᠡᠴᠡ ᠪᠡᠨ ᠪᠣᠰᠣᠳ ᠶᠠᠭᠣᠮ᠎ᠠ ᠰᠳᠬᠢᠬᠥ ᠥᠬᠡᠢ᠂ ᠬᠢᠬᠥ ᠥᠭᠡᠢ᠃ ᠮᠠᠨ ᠤ ᠣᠳᠣ ᠶᠢᠨ ᠠᠵᠢᠯ ᠪᠠ ᠬᠥᠮᠥᠨ ᠦ ᠬᠣᠭᠣᠷᠣᠨᠳᠣᠬᠢ ᠬᠠᠷᠢᠴᠠᠭ᠎ᠠ ᠶᠢ ᠰᠢᠨᠵᠢᠪᠡᠯ ᠶᠠᠮᠠᠷ ᠨᠢᠬᠡᠨ ᠠᠵᠢᠯ ᠳᠣᠰᠢᠶᠠᠯ ᠣᠯᠬᠣ ᠲᠠᠢ ᠵᠡᠷᠬᠡ ᠳᠡᠷᠨ ᠨᠢ ᠲᠡᠲᠡᠨ ᠳᠦ ᠳᠠᠪᠠᠵᠥ ᠳᠡᠢᠯᠣᠰᠢ ᠥᠬᠡᠢ﹇ ᠳᠠᠪᠠᠭ᠎ᠠ﹈ ᠪᠣᠯᠳᠠᠭ᠃ ᠠᠵᠢᠯ ᠤᠨ ᠴᠠᠷ ᠳᠠᠭᠠᠨ ᠪᠣᠭᠣᠭᠳᠠᠨ ᠰᠡᠳᠬᠢᠮᠵᠢ ᠢᠪᠴᠢᠷᠣᠵᠥ᠂ ᠥᠵᠡᠯᠳᠡ ᠵᠣᠭᠰᠣᠩᠭᠣᠢᠷᠠᠳᠠᠭ᠃ ᠡᠢᠮᠥ ᠡᠴᠡ ᠪᠢᠳᠡ ᠢᠯᠡᠬᠥᠬᠡᠨ ᠰᠣᠷᠣᠯᠴᠠᠶ᠎ᠠ᠂ ᠢᠯᠡᠬᠥᠬᠡᠨ ᠰᠡᠳᠬᠢᠶᠡ ᠂ ᠳᠠᠷᠢᠬᠢ ᠪᠠᠨ ᠬᠥᠳᠡᠯᠬᠡᠶᠡ᠃ ᠬᠣᠯᠠ ᠶᠢ ᠬᠠᠷᠠᠶ᠎ᠠ᠂ ᠶᠠᠭᠣ ᠬᠡᠯᠡᠭᠰᠡᠨ ᠴᠣ᠋ ᠡᠨᠡ ᠪᠡᠶ᠎ᠡ ᠶᠢ ᠨᠢᠭᠡ ᠯᠡ ᠣᠲᠠᠭ᠎ᠠ ᠣᠯᠣᠨ᠎ᠠ᠃ ᠠᠪᠢᠶᠠᠰ ᠴᠢᠳᠠᠪᠣᠷᠢ ᠪᠠᠨ ᠵᠣᠷᠢᠭᠳᠠᠢ ᠳᠣᠷᠰᠢᠵᠥ ᠥᠵᠡᠶ᠎ᠡ᠂ ᠥᠪᠡᠷ ᠦᠨ ᠥᠨ᠎ᠡ ᠥᠷᠳᠡᠩ ᠢᠶᠡᠨ ᠥᠨᠡᠨ ᠬᠥ᠋ ᠪᠠᠳᠠᠷᠠᠭᠣᠯᠵᠣ ᠶᠠᠪᠣᠶ᠎ᠠ᠂ ᠪᠡᠶ᠎ᠡ ᠳᠡᠭᠡᠨ ᠪᠣᠥ ᠣᠰᠣᠯᠳᠠᠶᠠ᠂ ᠨᠡᠢᠬᠡᠮ ᠳᠦ ᠪᠣᠥ ᠣᠰᠣᠯᠳᠠᠶᠠ᠂ ᠨᠡᠢᠬᠡᠮ ᠦᠨ ᠳᠠᠷᠬᠠᠨ ᠡᠭᠥᠷᠬᠡ ᠡᠴᠡ ᠪᠣᠥ ᠵᠠᠢᠯᠠᠶ᠎ᠠ᠃﹇ ᠨᠠᠫᠣᠯᠢᠶᠣᠨ ᠤ ᠠᠮᠵᠢᠯᠳᠠ ᠣᠯᠬᠣ ᠡᠷᠳᠡᠮ﹈ ᠡᠴᠡ ᠰᠡᠢᠷᠡᠬᠥᠯᠪᠡ᠃
ᠠᠭᠣᠣ ᠶᠡᠬᠡ ᠴᠢᠳᠠᠪᠣᠷᠢᠳᠠᠨ ᠤ ᠰᠣᠷᠭᠠᠯᠳᠠ ᠨᠢ ᠨᠡᠩ ᠣᠯᠠᠨ ᠮᠡᠳᠡᠯᠬᠡ᠂ ᠮᠡᠷᠭᠡᠵᠢᠯ᠂ ᠠᠵᠣ ᠠᠬᠣᠢ ᠶᠢᠨ ᠣᠬᠠᠭᠠᠨ ᠤ ᠳᠣᠬᠠᠢ ᠰᠣᠷᠠᠭ ᠴᠢᠮᠡᠭᠡ ᠶᠢ ᠲᠠ ᠣᠯᠠᠨ ᠵᠠᠯᠠᠭᠣᠴᠣᠳ ᠳᠠᠭᠠᠨ ᠬᠥᠷᠬᠡᠵᠥ ᠥᠭᠬᠥ ᠨᠢ ᠯᠠᠪᠳᠠᠢ ᠶᠤᠮ᠃ ᠭᠣᠣᠯ ᠵᠣᠷᠢᠯᠭ᠎ᠠ ᠨᠢ ᠨᠡᠩ ᠣᠯᠠᠨ ᠴᠢᠳᠠᠪᠣᠷᠢᠳᠠᠨ ᠢᠯᠡᠷᠡᠬᠥ ᠪᠣᠯᠣᠭᠣᠰᠠᠢ ᠭᠡᠰᠡᠨ ᠠᠭᠣᠣ ᠮᠥᠷᠥᠬᠡᠳᠣᠯ ᠲᠠᠢ ᠶᠤᠮ᠃ ᠲᠠ ᠪᠥᠬᠥᠨ ᠪᠠᠶᠠᠷᠳᠠᠢ ᠬᠥᠯᠢᠶᠡᠵᠥ ᠠᠪᠣᠮᠥ᠃ ᠪᠠᠶᠠᠷᠳᠠᠢ᠂ ᠳᠠᠬᠢᠨ ᠵᠣᠭᠣᠭᠳᠠᠶᠠ