 

蹛林 ᠪᠤᠶᠤ ᠲᠠᠢᠬᠠᠷ ᠴᠢᠯᠠᠭᠤ

2018-12-22 15:53
  99
  0
     蹛林 ᠪᠤᠶᠤ ᠲᠠᠢᠬᠠᠷ ᠴᠢᠯᠠᠭᠤ     
     
      蹛林 ᠬᠡᠳᠡᠭ ᠬᠤᠶᠠᠷ ᠬᠢᠲᠠᠳ ᠦᠰᠦᠭ ᠨᠢ ᠭᠠᠯᠢᠭᠴᠢᠯᠠᠨ ᠪᠠᠭᠤᠯᠭᠠᠭᠰᠠᠨ ᠾᠦᠩᠨᠦ ᠦᠬᠡ᠂ ᠤᠳᠤᠬᠠᠨ ᠳᠠᠭᠠᠨ ᠲᠡᠬᠦᠨ ‍ᠣ ᠤᠳᠬ᠎ᠠ ᠶᠠᠭᠤ ᠪᠤᠯᠬᠤ ᠨᠢ ᠲᠤᠳᠤᠷᠬᠠᠢ ᠦᠬᠡᠢ᠂ ᠶᠠᠭᠤᠨ ‍ᠣ ᠡᠮᠦᠨ᠎ᠠ ᠡᠨᠡ ᠾᠦᠩᠨᠦ ᠦᠬᠡᠨ ‍ᠣ ᠲᠤᠬᠠᠢ ᠦᠰᠦᠭ ᠪᠢᠴᠢᠭ ᠦᠨ ᠲᠡᠮᠳᠡᠭᠯᠡᠯ ᠲᠠᠢ ᠲᠠᠨᠢᠯᠴᠠᠶ᠎ᠠ᠃     
      ᠨᠢᠬᠡ᠂ ᠾᠦᠩᠨᠦ ᠨᠠᠷ ᠤᠨ ᠬᠦᠮᠦᠨ ᠠᠮᠨ᠂ ᠮᠠᠯ ᠠᠭᠤᠷᠠᠰᠤᠨ ‍ᠣ ᠲᠤᠭᠠᠯᠠᠯᠭ᠎ᠠ᠃ ᠵᠢᠱᠢᠶᠡᠯᠡᠪᠡᠯ᠄ ᠰᠧ ᠮᠠ ᠴᠢᠶᠠᠨ ‍ᠣ︽ᠲᠡᠥᠬᠡᠨ ᠲᠡᠮᠳᠡᠭᠯᠡᠯ᠂ ᠾᠦᠩᠨᠦ ᠶᠢᠨ ᠱᠠᠰᠲᠢᠷ︾ᠲᠤ᠄︽ᠨᠠᠮᠤᠷ᠂ ᠠᠳᠤᠭᠤ ᠲᠠᠷᠭᠤᠯᠠᠬᠤ ᠳᠤ᠂蹛林  ᠶᠡᠬᠡ ᠴᠤᠭᠯᠠᠨ᠎ᠠ᠂ ᠬᠦᠮᠦᠨ ᠮᠠᠯ ᠢ ᠪᠡᠨ ᠲᠤᠭᠠᠯᠠᠵᠤ ᠪᠦᠷᠢᠳᠬᠡᠨ᠎ᠡ︾ᠭᠡᠵᠡᠢ᠂ ᠠᠳᠤᠭᠤ ᠲᠠᠷᠭᠤᠯᠠᠨ᠎ᠠ ᠬᠡᠳᠡᠭ ᠨᠢ ᠨᠠᠮᠤᠷ ᠤᠨ ᠳᠤᠯᠤᠭ᠎ᠠ- ᠨᠠᠢ᠌ᠮᠠᠨ ᠰᠠᠷ᠎ᠠ ᠶᠢᠨ ᠤᠷᠴᠢᠮ᠂ ᠡᠨᠡ ᠦᠶ᠎ᠡ ᠪᠡᠷ蹛林 ᠭᠡᠳᠡᠭ ᠲᠦ ᠾᠦᠩᠨᠦ ᠬᠦᠮᠦᠰ ᠴᠤᠭᠯᠠᠷᠠᠴᠤ᠂ ᠬᠦᠮᠦᠨ ᠠᠮᠨ᠂ ᠮᠠᠯ ᠠᠭᠤᠷᠠᠰᠤᠨ ‍ᠣ ᠲᠤᠭᠠᠯᠠᠯᠭ᠎ᠠ ᠬᠢᠳᠡᠭ ᠪᠠᠢᠨ᠎ᠠ᠂ ᠮᠡᠳᠡᠭᠡᠵᠢ ᠪᠡᠷ ᠬᠦᠮᠦᠨ ᠠᠮᠨ᠂ ᠮᠠᠯ ᠠᠭᠤᠷᠠᠰᠤᠨ ‍ᠣ ᠲᠤᠭᠠᠯᠠᠯᠭ᠎ᠠ ᠬᠢᠳᠡᠭ ᠭᠤᠤᠯ ᠵᠤᠷᠢᠯᠭ᠎ᠠ ᠨᠢ ᠲᠠᠲᠠᠪᠤᠷ ᠠᠪᠬᠤ᠂ ᠬᠦᠴᠦᠨ ‍ᠣ ᠠᠯᠪᠠ᠂ ᠴᠡᠷᠢᠭ ᠦᠨ ᠠᠯᠪᠠ ᠵᠡᠷᠭᠡ ᠶᠢ ᠲᠤᠳᠤᠷᠬᠠᠢᠯᠠᠬᠤ ᠳᠤ ᠵᠤᠷᠢᠭᠤᠯᠤᠭᠳᠠᠭᠰᠠᠨ ᠤᠴᠢᠷ᠂ ᠡᠨᠡ ᠨᠢ ᠲᠦᠷᠦ ᠵᠠᠰᠠᠭ ᠡᠴᠡ ᠵᠤᠬᠢᠶᠠᠨ ᠪᠠᠢᠭᠤᠯᠤᠭᠰᠠᠨ᠂ ᠵᠠᠰᠠᠭ ᠵᠠᠬᠢᠷᠭᠠᠨ ‍ᠣ ᠠᠵᠢᠯ ᠪᠤᠯᠵᠤ ᠲᠠᠭᠠᠷᠤᠨ᠎ᠠ᠂ ᠲᠡᠢᠮᠦ ᠡᠴᠡ ᠡᠨᠡ ᠨᠢ ᠨᠠᠮᠤᠷ ᠤᠨ ᠨᠢᠬᠡᠨ ᠲᠤᠭᠲᠠᠭᠰᠠᠨ ᠡᠳᠦᠷ᠂蹛林 ᠭᠡᠳᠡᠭ ᠭᠠᠵᠠᠷ᠂ ᠾᠦᠩᠨᠦ ᠤᠯᠤᠰ ᠤᠨ ᠬᠦᠮᠦᠨ ᠬᠠᠷ᠎ᠠ᠂ ᠮᠠᠯ ᠠᠭᠤᠷᠠᠰᠤᠨ ‍ᠣ ᠠᠵᠢᠯ ᠢ ᠬᠠᠷᠢᠭᠤᠴᠠᠭᠰᠠᠨ ᠨᠤᠶᠠᠳ ᠴᠤᠭᠯᠠᠷᠠᠴᠤ᠂ ᠪᠦᠬᠦ ᠤᠯᠤᠰ ᠤᠨ ᠬᠦᠮᠦᠨ ᠠᠮᠨ᠂ ᠮᠠᠯ ᠬᠠᠷ᠎ᠠ ᠶᠢᠨ ᠬᠢ ᠪᠡᠨ ᠲᠤᠭ᠎ᠠ ᠪᠦᠷᠢᠳᠬᠡᠯ ᠢ ᠡᠴᠦᠰ ᠦᠨ ᠪᠠᠢᠳᠠᠯ ᠢᠶᠠᠷ ᠨᠢᠬᠡᠳᠬᠡᠨ ᠪᠦᠷᠢᠳᠬᠡᠨ᠎ᠡ ᠭᠡᠰᠡᠨ ᠦᠬᠡ᠂ ᠬᠡᠯᠡᠯᠭᠡᠨ ᠦᠬᠡᠢ᠂ ᠡᠨᠡ ᠠᠵᠢᠯ ᠢ ᠵᠤᠬᠢᠶᠠᠨ ᠪᠠᠢᠭᠤᠯᠬᠤ᠂ ᠦᠷ᠎ᠠ ᠳ᠋ᠦᠩ ᠢ ᠨᠢ ᠬᠢᠨᠠᠬᠤ᠂ ᠳᠠᠷᠠᠭ᠎ᠠ ᠵᠢᠯ ᠦᠨ ᠠᠵᠢᠯ ᠢ ᠪᠠᠢᠷᠢᠰᠢᠭᠤᠯᠬᠤ ᠵᠡᠷᠭᠡ ᠲᠠᠯ᠎ᠠ ᠠᠴᠠ ᠨᠢ ᠬᠠᠷᠠᠪᠠᠯ᠂ ᠾᠦᠩᠨᠦ ᠶᠢᠨ ᠱᠠᠨ ᠢᠥᠢ ᠶᠢᠨ ᠦᠷᠬᠦᠭᠡᠨ ᠪᠠᠢᠭᠰᠠᠨ ᠭᠠᠵᠠᠷ ᠤᠨ ᠤᠢᠷᠠᠯᠴᠠᠭ᠎ᠠ ᠬᠦᠢᠴᠡᠳᠬᠡᠬᠦ ᠶᠤᠰᠤᠲᠠᠢ᠃     
      ᠬᠤᠶᠠᠷ᠂ ᠲᠠᠬᠢᠯᠭ᠎ᠠ ᠶᠢᠨ ᠭᠠᠵᠠᠷ᠂ 蹛林 ᠬᠡᠳᠡᠭ ᠦᠰᠦᠭ ᠦᠨ ᠲᠤᠬᠠᠢ᠂ ᠲᠠᠩ ᠰᠦᠩ ᠤᠯᠤᠰ ᠤᠨ ᠦᠶ᠎ᠡ ᠶᠢᠨ ᠬᠢᠲᠠᠳ ᠡᠷᠳᠡᠮᠲᠡᠳ ᠦᠨ ᠬᠢᠭᠰᠡᠨ ᠲᠠᠢᠯᠪᠤᠷᠢ ᠠᠴᠠ ᠬᠠᠷᠠᠪᠠᠯ᠂ ᠾᠦᠩᠨᠦ ᠨᠠᠷ ᠤᠨ ᠬᠦᠮᠦᠨ ᠠᠮᠨ᠂ ᠮᠠᠯ ᠠᠭᠤᠷᠠᠰᠤᠨ ‍ᠣ ᠲᠤᠭᠠᠯᠠᠯᠭ᠎ᠠ ᠶᠢᠨ ᠠᠵᠢᠯ ᠲᠠᠭᠤᠰᠠᠭᠰᠠᠨ ‍ᠣ ᠳᠠᠷᠠᠭ᠎ᠠ᠂ ᠲᠠᠬᠢᠯᠭ᠎ᠠ ᠤᠢᠯᠡᠳᠦᠳᠠᠭ ᠪᠠᠢᠨ᠎ᠠ᠃ ᠵᠢᠱᠢᠶᠡᠯᠡᠪᠡᠯ᠄ ᠰᠧ ᠮᠠ ᠵᠧᠨ ᠡᠴᠡ︽ᠵᠡᠬᠦᠯᠳ᠋ᠨ ᠬᠠᠢᠯᠳ᠋ᠨ︾ᠳᠤ ᠪᠠᠨ ᠹᠦ᠋ ᠶᠦᠨ ᠬᠡᠮᠡᠭᠴᠢ ᠶᠢᠨ ᠦᠬᠡᠨ ᠡᠴᠡ ᠡᠰᠢᠯᠡᠵᠤ᠂︽ᠾᠦᠩᠨᠦ ᠨᠠᠷ ᠨᠠᠮᠤᠷ ᠤᠨ ᠲᠠᠬᠢᠯᠭ᠎ᠠ  ᠶᠢᠨ ᠨᠠᠢ᠌ᠮᠠᠨ ᠰᠠᠷ᠎ᠠ ᠶᠢᠨ ᠲᠤᠮᠳᠠᠴᠢ ᠪᠠᠷ ᠪᠦᠬᠦᠳ᠋ᠨ ᠲᠠᠬᠢᠯᠭ᠎ᠠ ᠶᠢᠨ ᠭᠠᠵᠠᠷ ᠤᠴᠢᠨ᠎ᠠ᠂︾ᠭᠡᠵᠡᠢ᠃ ᠵᠠᠩ ᠱᠡᠤ ᠵᠢᠶᠧ ᠨᠢ︽ᠲᠦᠪ ᠤᠳᠬ᠎ᠠ︾ᠳᠦ ᠪᠡᠨ᠂ ᠶᠠᠨ ᠰᠧ ᠭᠦ᠋ ᠶᠢᠨ ᠦᠬᠡᠨ ᠡᠴᠡ ᠡᠰᠢᠯᠡᠵᠦ᠂︽蹛ᠬᠡᠮᠡᠭᠴᠢ︵ᠲᠤᠭᠤᠷᠢᠬᠤ ᠪᠤᠯᠠᠢ︶ᠤᠢ ᠮᠤᠳᠤ ᠶᠢ ᠲᠤᠭᠤᠷᠢᠨ ᠲᠠᠬᠢᠯᠭ᠎ᠠ ᠤᠢᠯᠡᠳᠦᠨ᠎ᠠ᠂ ᠰᠢᠶᠠᠨᠪᠢ ᠶᠢᠨ ᠵᠠᠩᠰᠢᠯ᠂ ᠡᠷᠲᠡᠨ ᠡᠴᠡ ᠤᠯᠠᠮᠵᠢᠯᠠᠭᠳᠠᠵᠠᠢ᠂ ᠨᠠᠮᠤᠷ ᠤᠨ ᠲᠠᠬᠢᠯᠭ᠎ᠠ ᠳᠤ ᠮᠤᠳᠤ ᠦᠬᠡᠢ ᠪᠤᠯᠪᠠᠰᠤ᠂ ᠪᠤᠷᠭᠠᠰᠤ ᠪᠤᠰᠬᠠᠭᠠᠳ᠂ ᠤᠯᠠᠨ ᠮᠤᠷᠢᠲᠠᠨ ᠨᠤᠭᠤᠳ ᠭᠤᠷᠪᠠ ᠲᠤᠭᠤᠷᠢᠭᠠᠳ ᠵᠤᠭᠰᠤᠨ᠎ᠠ᠂ ᠡᠨᠡ ᠨᠢ ᠡᠷᠲᠡ ᠳᠡᠭᠡᠷ᠎ᠠ ᠦᠶ᠎ᠡ ᠡᠴᠡ ᠤᠯᠠᠮᠵᠢᠯᠠᠭᠳᠠᠭᠰᠠᠨ ᠶᠤᠰᠤ ᠠᠵᠠᠢ᠃︾ᠭᠡᠵᠡᠢ᠃ ᠡᠨᠳ᠋ᠨ᠂︽ᠾᠦᠩᠨᠦ ᠨᠠᠷ᠁ᠪᠦᠬᠦᠳ᠋ᠨ ᠲᠠᠬᠢᠯᠭ᠎ᠠ ᠶᠢᠨ ᠭᠠᠵᠠᠷ ᠤᠴᠢᠨ᠎ᠠ︾ᠭᠡᠵᠡᠢ᠂ ᠡᠨᠡ ᠨᠢ ᠨᠠᠮᠤᠷ ᠤᠨ ᠨᠠᠢ᠌ᠮᠠᠨ ᠰᠠᠷ᠎ᠠ ᠶᠢᠨ ᠦᠶ᠎ᠡ ᠪᠡᠷ᠂ ᠾᠦᠩᠨᠦ ᠨᠠᠷ ᠲᠠᠬᠢᠯᠭ᠎ᠠ ᠤᠢᠯᠡᠳᠦᠳᠡᠭ ᠪᠦᠬᠡᠳ ᠾᠦᠩᠨᠦ ᠨᠠᠷ ᠦᠨ ᠲᠦᠬᠡᠮᠡᠯ ᠲᠡᠮᠳᠡᠭᠯᠡᠳᠡᠭ ᠵᠠᠩ ᠤᠢᠯᠨ ᠭᠡᠰᠡᠨ ᠦᠬᠡ᠂ ᠲᠡᠭᠡᠬᠦ ᠳᠡᠬᠡᠨ ᠡᠨᠡᠬᠦ ᠲᠠᠬᠢᠯᠭ᠎ᠠ ᠨᠢ ᠱᠠᠨ ᠢᠥᠢ ᠶᠢᠨ ᠦᠷᠬᠦᠭᠡᠨ ‍ᠣ ᠤᠷᠴᠢᠮ ᠶᠠᠪᠤᠭᠳᠠᠬᠤ ᠲᠦᠷᠦ ᠶᠢᠨ᠂ ᠤᠷᠤᠨ ᠨᠤᠲᠤᠭ ᠤᠨ ᠭᠡᠬᠦ ᠮᠡᠲᠤ ᠶᠢᠨ ᠢᠯᠭᠠᠭ᠎ᠠ ᠪᠠᠢᠬᠤ ᠶᠤᠰᠤᠲᠠᠢ᠃ ᠡᠨᠳ᠋ᠨ︽ᠰᠢᠶᠠᠨᠪᠢ ᠶᠢᠨ ᠵᠠᠩᠰᠢᠯ︾ ᠬᠡᠮᠡᠭᠰᠡᠨ ᠢ ᠵᠦᠪᠬᠡᠨ ᠰᠢᠶᠠᠨᠪᠢ ᠳᠤ ᠪᠠᠢᠭᠰᠠᠨ ᠵᠠᠩ ᠤᠢᠯᠨ ᠬᠡᠮᠡᠨ ᠤᠢᠯᠠᠭᠠᠵᠤ ᠦᠯᠦ ᠪᠤᠯᠤᠨ᠎ᠠ᠂ ᠬᠢᠲᠠᠳ ᠲᠡᠥᠭᠡᠴᠢᠳ  ᠳᠤ ᠠᠪᠴᠤ ᠬᠡᠯᠡᠪᠡᠯ᠂ ᠡᠢᠮᠦᠷᠬᠦ ᠵᠠᠩ ᠤᠢᠯᠨ ᠨᠢ ᠠᠩᠬ᠎ᠠ ᠾᠦᠩᠨᠦ ᠡᠴᠡ ᠠᠩᠬᠠᠷᠤᠭᠳᠤᠵᠤ ᠪᠠᠢᠭᠰᠠᠨ᠂ ᠰᠢᠶᠠᠨᠪᠢ ᠶᠢᠨ ᠦᠶ᠎ᠡ ᠬᠦᠷᠦᠭᠡᠳ᠂ ᠰᠢᠶᠠᠨᠪᠢ ᠨᠠᠷ ᠪᠠᠰᠨ ᠡᠢᠮᠦ ᠵᠠᠩ ᠤᠢᠯᠨ ᠲᠠᠢ ᠪᠠᠢᠵᠠᠢ ᠭᠡᠰᠡᠨ ᠤᠢᠯᠠᠭᠠᠯᠳ᠋ᠨ ᠲᠠᠢ ᠪᠤᠯᠤᠭᠰᠠᠨ ᠠᠴᠠ ᠡᠢᠮᠦᠷᠬᠦ ᠮᠠᠶ᠋ᠢᠭ ᠲᠠᠢ ᠦᠬᠡ ᠶᠢ ᠪᠢᠴᠢᠵᠦ ᠦᠯᠡᠳᠡᠭᠰᠡᠨ ᠪᠠᠢᠨ᠎ᠠ᠂ ᠦᠬᠡᠷ᠎ᠠ ᠪᠠᠷ ᠬᠡᠯᠡᠪᠡᠯ᠂ ᠾᠦᠩᠨᠦ ᠡᠴᠡ ᠰᠢᠶᠠᠨᠪᠢ ᠬᠦᠷᠲᠡᠯ᠎ᠠ ᠲᠠᠬᠢᠯᠭ᠎ᠠ ᠶᠢᠨ ᠵᠠᠩ ᠤᠢᠯᠨ ᠨᠢ ᠠᠳᠠᠯᠢ ᠪᠠᠢᠨ᠎ᠠ ᠭᠡᠰᠡᠨ ᠦᠬᠡ᠃
    ᠬᠤᠯᠪᠤᠭᠳᠠᠯᠲᠠᠢ ᠲᠡᠥᠬᠡᠨ ᠪᠠᠷᠢᠮᠳ᠋ᠨ ᠠᠴᠠ ᠬᠠᠷᠠᠪᠠᠯ᠂ ᠾᠦᠩᠨᠦ᠂ ᠰᠢᠶᠠᠨᠪᠢ ᠨᠠᠷ ᠲᠠᠬᠢᠯᠭ᠎ᠠ ᠶᠢᠨ ᠳᠠᠷᠠᠭ᠎ᠠ ᠪᠠᠷ ᠮᠤᠷᠢ ᠲᠡᠮᠡᠭᠡ ᠤᠷᠤᠯᠳᠤᠭᠤᠯᠵᠤ ᠨᠠᠭᠠᠳᠤᠮ ᠴᠡᠩᠬᠡᠯ ᠬᠢᠳᠡᠭ ᠪᠠᠢᠨ᠎ᠠ᠃ ᠡᠨᠡ ᠨᠢ ᠮᠤᠩᠭᠤᠯᠴᠤᠳ ᠤᠨ ᠰᠤᠷ ᠬᠠᠷᠪᠤᠵᠤ᠂ ᠮᠤᠷᠢ ᠤᠷᠤᠯᠳᠤᠭᠤᠯᠤᠨ᠂ ᠪᠦᠬᠡ ᠪᠠᠷᠢᠯᠳᠤᠬᠤ ᠨᠠᠭᠠᠳᠤᠮ ᠲᠠᠢ ᠠᠳᠠᠯᠢ ᠪᠠᠢᠨ᠎ᠠ᠃ 
     ︽᠁ᠤᠢ ᠮᠤᠳᠤ ᠲᠤᠭᠤᠷᠢᠨ᠎ᠠ᠁︾ ᠬᠡᠳᠡᠭ ᠬᠡᠯᠡᠯᠬᠡ ᠨᠢ ᠬᠢᠲᠠᠳ ᠲᠡᠥᠬᠡᠴᠢ ᠨᠠᠷ ᠤᠨ ᠪᠠᠷᠤᠭᠯᠠᠭᠰᠠᠨ ᠦᠬᠡ ᠭᠡᠵᠤ ᠤᠢᠯᠠᠭᠠᠵᠤ ᠪᠤᠯᠤᠨ᠎ᠠ᠂ ᠬᠠᠷᠢᠨ ᠳᠠᠷᠠᠭ᠎ᠠ ᠨᠢ︽᠁ᠪᠤᠷᠭᠠᠰᠤ ᠪᠤᠰᠬᠠᠭᠠᠳ᠂ ᠤᠯᠠᠨ ᠮᠤᠷᠢᠲᠠᠨ ᠨᠤᠭᠤᠳ ᠭᠤᠷᠪᠠ ᠲᠤᠭᠤᠷᠢᠭᠠᠳ ᠵᠤᠭᠰᠤᠨ᠎ᠠ︾ ᠭᠡᠰᠡᠨ ᠨᠢ ᠨᠡᠯᠢᠶᠠᠳ ᠲᠤᠳᠤᠷᠬᠠᠢ ᠲᠡᠮᠳᠡᠭᠯᠡᠯ ᠪᠤᠯᠬᠤ ᠶᠤᠮ᠃ ᠾᠦᠩᠨᠦ ᠨᠠᠷ ᠤᠨ ᠤᠢ ᠮᠤᠳᠤ᠂ ᠡᠰᠡᠬᠦᠯ᠎ᠠ ᠪᠤᠷᠭᠠᠰᠤ︽ᠲᠤᠭᠤᠷᠢᠬᠤ︾ᠬᠡᠳᠡᠭ ᠨᠢ ᠦᠨᠦᠳᠦᠷ ᠦᠨ ᠮᠤᠩᠭᠤᠯᠴᠤᠳ ᠤᠨ ᠤᠪᠤᠭ᠎ᠠ ᠲᠤᠭᠤᠷᠢᠬᠤ ᠵᠠᠩ ᠤᠢᠯᠨ ᠲᠠᠢ ᠠᠳᠠᠯᠢ᠂ ᠤᠴᠢᠷ ᠨᠢ ᠤᠪᠤᠭᠠᠨ ᠳᠡᠭᠡᠷ᠎ᠠ ᠪᠤᠷᠭᠠᠰᠤ ᠪᠤᠰᠬᠠᠨ᠎ᠠ᠂ ︽ᠤᠪᠤᠭ᠎ᠠ ᠪᠠᠨ ᠲᠤᠭᠤᠷᠢᠬᠤ︾ᠨᠢ ᠳᠠᠷᠤᠢ︽ᠪᠤᠷᠭᠠᠰᠤ ᠶᠢ ᠲᠤᠭᠤᠷᠢᠬᠤ︾ᠭᠡᠳᠡᠭ ᠨᠢᠬᠡᠨ ᠰᠠᠨᠠᠭ᠎ᠠ᠃ ᠪᠠᠰᠨ︽ᠭᠤᠷᠪᠠ ᠲᠤᠭᠤᠷᠢᠭᠠᠳ ᠵᠤᠭᠰᠤᠨ᠎ᠠ︾ᠭᠡᠰᠡᠨ ᠨᠢ ᠮᠤᠩᠭᠤᠯᠴᠤᠳ ᠤᠨ ᠤᠪᠤᠭ᠎ᠠ ᠪᠠᠨ ᠭᠤᠷᠪᠠ ᠲᠤᠭᠤᠷᠢᠬᠤ ᠲᠠᠢ ᠶᠠᠭ ᠲᠠᠭᠠᠷᠤᠨ᠎ᠠ᠃     
      ᠭᠤᠷᠪᠠ᠂ ᠭᠠᠵᠠᠷ ᠤᠨ ᠨᠡᠷ᠎ᠠ᠂ ᠶᠠᠭᠠᠬᠢᠭᠠᠳ ᠬᠢᠪᠠᠰᠤ᠄ ᠡᠷᠲᠡᠨ ‍ᠣ ᠬᠢᠲᠠᠳ ᠲᠡᠥᠬᠡᠴᠢᠳ ᠡᠴᠡ ᠬᠠᠷᠢ ᠬᠡᠯᠡᠨ ‍ᠣ ᠦᠬᠡ ᠶᠢ ᠬᠢᠲᠠᠳ ᠦᠰᠦᠭ ᠢᠶᠡᠷ ᠲᠡᠮᠳᠡᠭᠯᠡᠬᠦ ᠳᠡᠬᠡᠨ ᠲᠤᠳᠤᠷᠬᠠᠢ ᠰᠢᠨᠵᠢ ᠲᠡᠮᠳᠡᠭ ᠪᠦᠬᠦᠢ ᠬᠢᠲᠠᠳ ᠦᠰᠦᠭ ᠢ ᠰᠤᠩᠭᠤᠵᠤ ᠬᠡᠷᠡᠭᠡᠯᠡᠳᠡᠭ᠂ ᠡᠢᠮᠦᠷᠬᠦ ᠬᠢᠲᠠᠳ ᠦᠰᠦᠭ ᠨᠢ ᠤᠭ ᠦᠬᠡ ᠶᠢᠨ ᠬᠠᠷᠢ ᠬᠡᠯᠡᠨ ᠳᠡᠬᠢ ᠲᠠᠭᠤᠳᠠᠯᠭ᠎ᠠ᠂ ᠠᠭᠤᠯᠠᠭᠰᠠᠨ ᠰᠠᠨᠠᠭ᠎ᠠ ᠶᠢ ᠵᠤᠬᠢᠬᠤ ᠬᠡᠮᠵᠢᠶ᠎ᠡ ᠪᠡᠷ ᠲᠤᠰᠬᠠᠭᠰᠠᠨ ᠪᠠᠢᠳᠠᠭ ᠲᠠᠯ᠎ᠠ ᠲᠠᠢ᠂ 蹛ᠦᠰᠦᠭ ᠦᠨ石 ᠪᠤᠯ ᠤᠳᠬ᠎ᠠ  ᠶᠢᠨ ᠬᠡᠰᠡᠭ ᠪᠦᠭᠡᠳ ᠡᠨᠡ ᠦᠰᠦᠭ ᠨᠢ石ᠦᠰᠦᠭ ᠦᠨ ᠠᠢᠮᠠᠭ ᠪᠤᠶᠤ ᠬᠠᠳ᠋ᠨ ᠴᠢᠯᠠᠭᠤ ᠶᠢ ᠵᠢᠭᠠᠭᠰᠠᠨ ᠤᠳᠬ᠎ᠠ ᠪᠦᠬᠦᠢ ᠦᠬᠡᠰ ᠦᠨ ᠠᠢᠮᠠᠭ ᠲᠤ ᠪᠠᠭᠲᠠᠨ᠎ᠠ ᠭᠡᠰᠡᠨ ᠰᠠᠨᠠᠭ᠎ᠠ᠃带ᠬᠡᠳᠡᠭ ᠦᠰᠦᠭ ᠢ ᠶᠠᠰᠤᠨ ᠪᠢᠴᠢᠭ  ᠡᠴᠡ ᠬᠠᠷᠠᠬᠤ ᠳᠤ ᠪᠦᠰᠡᠯᠡᠬᠦᠷ ᠳᠡᠬᠡᠨ ᠤᠶᠠᠵᠤ ᠪᠡᠬᠢᠯᠡᠭᠰᠡᠨ ᠪᠦᠰ︵ᠪᠦᠰᠨ︶ᠭᠡᠰᠡᠨ ᠰᠠᠨᠠᠭ᠎ᠠ ᠶᠢ ᠭᠠᠷᠭᠠᠳᠠᠭ ᠪᠠᠢᠨ᠎ᠠ᠃林ᠦᠰᠦᠭ ᠨᠢ ᠤᠯᠠᠨ ᠮᠤᠳᠤ ᠪᠤᠶᠤ ᠭᠡᠭᠡᠷ᠎ᠠ ᠶᠢᠨ ᠤᠢ ᠶᠢ ᠵᠢᠭᠠᠨ᠎ᠠ᠃ 
ᠲᠠᠭᠤᠳᠠᠯᠭ᠎ᠠ ᠶᠢᠨ ᠬᠤᠪᠢ ᠳᠤ᠂蹛ᠦᠰᠦᠭ ᠶᠢ ᠵᠡᠬᠦᠨ ᠬᠠᠨ ᠤᠯᠤᠰ ᠤᠨ ᠦᠶ᠎ᠡ ᠪᠢᠴᠢᠭᠳᠡᠭᠰᠡᠨ︽ᠤᠳᠬ᠎ᠠ ᠶᠢ ᠦᠬᠦᠯᠡᠨ ᠦᠰᠦᠭ ᠲᠠᠢᠯᠠᠬᠤ︾(说文解字︶ᠳᠦ dai᠂ ᠰᠦᠩ ᠤᠯᠤᠰ ᠤᠨ ᠭᠤᠸᠠᠩ ᠶᠦᠨ ᠪᠢᠴᠢᠭ ᠲᠦ︵广韵︶driëis(tais)᠂ ᠮᠢᠩ ᠨᠠᠨ ᠠᠶᠠᠯᠭᠤᠨ ᠳᠤdai᠂ ᠭᠤᠸᠠᠩᠵᠸᠤ ᠠᠶᠠᠯᠭᠤᠨ ᠳᠤ daai(zai) ᠬᠡᠮᠡ ᠤᠩᠰᠢᠭᠳᠠᠳᠠᠭ ᠪᠠᠢᠨ᠎ᠠ᠃ 林 ᠦᠰᠦᠭ ᠨᠢ ᠵᠡᠬᠦᠨ ᠬᠠᠨ ᠤᠯᠤᠰ ᠤᠨ︽ᠤᠳᠬ᠎ᠠ ᠶᠢ ᠦᠬᠦᠯᠡᠨ ᠦᠰᠦᠭ ᠲᠠᠢᠯᠠᠬᠤ︾ᠳᠦlín᠂ ᠭᠤᠸᠠᠩ ᠶᠦᠨ ᠪᠢᠴᠢᠭ ᠲᠦlim᠂ ᠮᠢᠩ ᠨᠠᠨ ᠠᠶᠠᠯᠭᠤᠨ ᠳᠤla︵lim︶᠂ ᠭᠤᠸᠠᠩᠵᠸᠤ ᠠᠶᠠᠯᠭᠤᠨ ᠳᠤlam ᠬᠡᠮᠡᠨ ᠤᠩᠰᠢᠳᠠᠭ ᠪᠠᠢᠨ᠎ᠠ᠃  
   ᠳᠡᠭᠡᠷᠡᠬᠢ ᠬᠢᠲᠠᠳ ᠦᠰᠦᠭ ᠦᠨ ᠳᠦᠷᠰᠦ᠂ ᠵᠢᠷᠤᠯᠭ᠎ᠠ ᠠᠴᠠ 蹛林 ᠬᠡᠳᠡᠭ ᠨᠢ ᠲᠤᠳᠤᠷᠬᠠᠢ ᠨᠢᠬᠡᠨ ᠲᠡᠮᠳᠡᠭ ᠲᠠᠢ ᠭᠠᠵᠠᠷ ᠪᠤᠶᠤ ᠾᠦᠩᠨᠦ ᠨᠠᠷ ᠤᠨ ᠰᠢᠲᠦᠬᠡᠨ ᠪᠤᠯᠤᠭᠰᠠᠨ ᠶᠠᠮᠠᠷ ᠨᠢᠬᠡ ᠬᠠᠳ᠋ᠨ ᠴᠢᠯᠠᠭᠤ ᠶᠢ ᠵᠢᠭᠠᠵᠤ ᠪᠠᠢᠭ᠎ᠠ ᠮᠡᠲᠤ᠂ ᠲᠠᠭᠤᠳᠠᠯᠭ᠎ᠠ ᠶᠢᠨ ᠤᠨᠴᠠᠯᠢᠭ ᠠᠴᠠ ᠬᠠᠷᠠᠪᠠᠯ᠂ 蹛 ᠦᠰᠦᠭ ᠢdai᠂ ᠪᠠᠰᠨ tai ᠬᠡᠮᠡᠨ ᠤᠩᠰᠢᠬᠤ᠂ 林 ᠦᠰᠦᠭ ᠢlin ᠭᠡᠬᠦ᠂ ᠡᠳᠡᠭᠡᠷ ᠲᠠᠭᠤᠳᠠᠯᠭ᠎ᠠ ᠶᠢ ᠠᠯᠲᠠᠢ ᠬᠡᠯᠡᠨ᠎ᠡ dai︵tai︶+ ra+? ᠬᠡᠮᠡᠨ ᠰᠡᠷᠬᠦᠭᠡᠨ ᠤᠩᠰᠢᠬᠤ ᠪᠤᠯᠤᠮᠵᠢ ᠪᠤᠢ ᠪᠦᠭᠡᠳ ᠲᠠᠢᠬᠠᠷ ᠬᠡᠮᠡᠭᠰᠡᠨ ᠦᠬᠡ ᠪᠤᠯᠪᠠ ᠦᠦ ᠬᠡᠮᠡᠨ ᠪᠢᠳᠡᠨ ᠦᠵᠡᠵᠤ ᠪᠠᠢᠨ᠎ᠠ᠂ ᠮᠤᠩᠭᠤᠯ ᠤᠯᠤᠰ  ᠳᠡᠬᠢ ᠲᠠᠢᠬᠠᠷ ᠬᠡᠳᠡᠭ ᠲᠤᠮᠤ ᠴᠢᠯᠠᠭᠤ ᠢ ᠨᠤᠲᠤᠭ ᠤᠨ ᠬᠦᠮᠦᠰ ᠲᠡᠳᠦᠢ ᠦᠬᠡᠢ᠂ ᠬᠤᠯᠨ ᠤᠢᠷ᠎ᠠ ᠶᠢᠨ ᠬᠢᠨ ᠪᠦᠬᠦᠳ᠋ᠨ᠂ ᠰᠦᠰᠦᠭᠯᠡᠨ ᠬᠠᠳᠠᠭ ᠵᠠᠩᠬᠢᠶ᠎ᠠ ᠤᠶᠠᠵᠤ ᠳᠡᠭᠡᠳᠦᠯᠡᠨ᠎ᠡ᠂ ᠲᠠᠢᠬᠠᠷ ᠴᠢᠯᠠᠭᠤ ᠨᠢ ᠮᠤᠩᠭᠤᠯ ᠤᠯᠤᠰ ᠤᠨ ᠠᠷᠤᠬᠠᠩᠭᠠᠢ ᠠᠢᠮᠠᠭ  ᠤᠨ ᠶᠡᠬᠡ ᠲᠠᠮᠢᠷ ᠰᠤᠮᠤ ᠳᠦ ᠪᠤᠢ ᠬᠤᠢᠳᠦ ᠲᠠᠮᠢᠷ ᠭᠤᠤᠯ ᠤᠨ ᠤᠷᠢᠳᠦ ᠬᠡᠰᠡᠭ ᠲᠦ ᠪᠤᠢ᠂ ᠬᠤᠢᠳᠦ ᠲᠠᠮᠢᠷ ᠭᠤᠤᠯ ᠳᠠᠭᠠᠭᠠᠳ ᠲᠠᠢᠬᠠᠷ ᠴᠢᠯᠠᠭᠤᠨ ‍ᠣ ᠬᠤᠢᠭᠤᠷ ᠪᠤᠷᠭᠠᠰᠤ ᠮᠤᠳᠤ ᠦᠷᠬᠦᠯᠵᠢᠯᠡᠨ᠎ᠡ᠂ ᠡᠨᠡ ᠭᠠᠵᠠᠷ ᠨᠤᠲᠤᠭ ᠨᠢ ᠭᠠᠵᠠᠷ ᠵᠦᠢ ᠶᠢᠨ ᠬᠤᠪᠢ ᠳᠤ ᠾᠦᠩᠨᠦ ᠶᠢᠨ ᠲᠦᠪ ᠨᠤᠲᠤᠭ ᠪᠤᠶᠤ ᠱᠠᠨ ᠢᠥᠢ ᠶᠢᠨ ᠵᠠᠬᠢᠷᠭᠠᠨ ᠳᠠᠬᠢ ᠭᠠᠵᠠᠷ ᠨᠤᠲᠤᠭ ᠲᠦ ᠪᠠᠭᠲᠠᠨ᠎ᠠ᠂ ᠲᠠᠭᠤᠳᠠᠯᠭ᠎ᠠ ᠶᠢᠨ ᠬᠤᠪᠢ ᠳᠤ ᠲᠠᠢᠬᠠᠷ ᠬᠡᠳᠡᠭ ᠨᠢ 蹛林dài lín ᠬᠡᠳᠡᠭ ᠲᠠᠢ ᠮᠠᠰᠢ ᠤᠢᠷᠠᠳᠴᠤ ᠪᠠᠢᠨ᠎ᠠ᠃      
     ᠶᠠᠮᠠᠷᠪᠠ ᠦᠵᠡᠭᠳᠡᠯ ᠢ ᠬᠦᠮᠦᠰ ᠦᠪᠡᠷ ᠦᠨ ᠦᠨᠴᠦᠭ ᠡᠴᠡ ᠬᠠᠷᠠᠵᠤ ᠤᠢᠯᠠᠭᠠᠳᠠᠭ᠂ ᠾᠦᠩᠨᠦ ᠨᠠᠷ᠂ ᠲᠠᠢᠬᠠᠷ ᠴᠢᠯᠠᠭᠤᠨ ᠳᠤ ᠪᠦᠰ ᠦᠨ ᠰᠢᠷᠬᠡᠭ ᠤᠶᠠᠵᠤ ᠬᠦᠨᠳᠦᠯᠡᠵᠤ ᠪᠠᠢᠭ᠎ᠠ ᠵᠠᠩ ᠤᠢᠯᠨ ᠢ ᠬᠢᠲᠠᠳ ᠬᠦᠮᠦᠨ ᠬᠠᠷᠠᠭᠠᠳ᠂ ᠬᠢᠲᠠᠳ ᠬᠡᠯᠡᠨ  ᠳᠡᠬᠢ ᠪᠦᠰ ᠴᠢᠮᠡᠭᠡᠯᠡᠯ ᠪᠤᠶᠤ ᠤᠶᠠᠵᠦ ᠵᠠᠩᠬᠢᠳᠤᠭᠰᠠᠨ ᠪᠦᠰ ᠪᠦᠰᠨ ᠬᠡᠮᠡᠨ ᠤᠢᠯᠠᠭᠠᠭᠠᠳ᠂ ᠡᠨᠡ ᠦᠰᠦᠭ ᠢ ᠰᠤᠩᠭᠤᠵᠤ ᠬᠡᠷᠡᠭᠯᠡᠭᠰᠡᠨ ᠪᠤᠯᠪᠠ ᠦᠦ᠃    
     
     