-
2134714
ᠲᠠᠪᠤᠠᠬᠨ ᠬᠤᠷᠤᠭᠤ ᠪᠠᠷ ︽ᠲᠤᠪᠬᠢᠬᠰᠠᠨ︾ ᠠᠮᠢᠳᠤᠷᠠᠯ
2019-10-12 22:39
291
0
ᠵᠠᠷᠤᠳ ᠬᠤᠰᠢᠭᠤᠨ ᠤ ᠦᠨᠡᠬᠡᠴᠢ ᠰᠤᠮᠤᠨ ᠤ ᠬᠤᠸᠠ ᠵᠢᠶᠧ ᠭᠠᠴᠠᠭᠠᠨ ᠤ ᠲᠠᠷᠢᠶᠠᠴᠢᠨ ᠪᠦᠰᠡᠬᠦᠢ ᠲᠤᠸᠠᠨ ᠵᠢᠶᠧ ᠦᠷᠦᠭᠡᠰᠤᠨ ᠭᠠᠷ ᠢᠶᠠᠷ ᠢᠶᠠᠨ ᠪᠦᠰ ᠱᠠᠬᠠᠢ ᠤᠶᠤᠵᠤ ᠬᠤᠳᠠᠯᠳᠤᠭᠠᠳ ᠠᠮᠢᠳᠤᠷᠠᠯ ᠢᠶᠠᠨ ᠦᠬᠡᠳᠡ ᠲᠠᠳᠠᠨ᠎ᠠ᠃
9 ᠰᠠᠷ᠎ᠠ ᠶᠢᠨ ᠲᠤᠮᠳᠠᠴᠢ ᠪᠠᠷ ᠰᠤᠷᠪᠤᠯᠵᠢᠯᠠᠭᠴᠢ ᠵᠠᠷᠤᠳ ᠬᠤᠰᠢᠭᠤ ᠪᠠᠷ ᠰᠤᠷᠪᠤᠯᠵᠢᠯᠠᠵᠤ ᠶᠠᠪᠤᠬᠤ ᠳᠠᠭᠠᠨ ᠲᠠᠬᠦᠨ ᠢ ᠰᠤᠷᠪᠤᠯᠵᠢᠯᠠᠷ᠎ᠠ ᠬᠦᠷᠪᠠ᠃ ᠨᠠᠷᠠ ᠵᠢᠷᠭᠠᠬᠤ ᠶᠢᠨ ᠦᠶ᠎ᠠ ᠪᠠᠷ ᠲᠤᠸᠠᠨ ᠵᠢᠶᠧ ᠶᠢᠨ ᠭᠡᠷ ᠲᠤ ᠬᠦᠷᠬᠦᠯᠠᠷ᠂ ᠲᠠᠷᠠ ᠬᠠᠨᠵᠤᠨ ᠢᠷᠮᠡᠭ ᠲᠡᠭᠡᠷ᠎ᠡ ᠪᠠᠨ ᠰᠠᠭᠤᠭᠠᠳ ᠤᠯᠠ ᠰᠢᠷᠢᠨᠠ᠃ ᠪᠡᠶ᠎ᠠ ᠪᠤᠭᠤᠨᠢᠬᠠᠨ ᠪᠤᠯᠪᠠᠴᠤ ᠬᠢᠯᠠᠯᠵᠠᠬᠰᠠᠨ ᠬᠤᠷᠴᠠ ᠨᠢᠳᠦ ᠲᠠᠢ ᠲᠤᠸᠠᠨ ᠵᠢᠶᠧ ᠬᠠᠯᠠᠭᠠᠵᠤ ᠪᠤᠭᠤᠭᠳᠠᠭᠰᠠᠨ ᠪᠠᠷᠠᠭᠤᠨ ᠭᠠᠷ ᠢᠶᠠᠷ ᠢᠶᠠᠨ ᠱᠠᠬᠠᠢ ᠶᠢᠨ ᠤᠯᠠ ᠶᠢ ᠴᠡᠬᠡᠵᠢᠨ ᠲᠡᠭᠡᠷ᠎ᠡ ᠪᠠᠨ ᠲᠠᠷᠤᠵᠤ ᠬᠠᠪᠴᠢᠭᠤᠯᠤᠭᠠᠳ᠂ ᠵᠡᠬᠦᠨ ᠭᠠᠷ ᠢᠶᠠᠷ ᠢᠶᠠᠨ ᠤᠯᠠ ᠶᠢ ᠰᠢᠪᠦᠬᠡᠳᠡᠨ ᠰᠢᠳᠦ ᠪᠠᠷ ᠢᠶᠠᠨ ᠲᠠᠮᠤᠭᠰᠨᠨ ᠤᠯᠤᠰᠤᠨ ᠤᠳᠠᠰᠤ ᠶᠢ ᠲᠠᠳᠠᠯᠠᠨ ᠴᠢᠩᠭᠠᠭᠠᠬᠤ ᠨᠢ ᠮᠠᠰᠢ ᠰᠤᠷᠮᠠᠭᠠᠢ ᠬᠠᠷᠠᠬᠳᠠᠵᠠᠢ᠃
— ᠬᠠᠷᠠᠬᠠᠨ ᠪᠠᠭ᠎ᠠ ᠠᠴᠠ ᠪᠠᠨ ᠪᠦᠰ ᠱᠠᠬᠠᠢ ᠤᠶᠤᠬᠤ ᠶᠢ ᠰᠤᠷᠤᠭᠰᠠᠨ᠃ ᠪᠦᠰ ᠱᠠᠬᠠᠢ ᠤᠶᠤᠬᠤ ᠳᠤ ᠤᠷᠢᠳᠠᠪᠡᠷ ᠤᠯᠤᠰᠤᠨ ᠤᠳᠠᠰᠤ᠂ ᠵᠤᠯᠤᠬ ᠤᠨ ᠪᠦᠰ ᠵᠡᠷᠭᠡ ᠶᠢ ᠬᠤᠳᠠᠯᠳᠤᠵᠤ ᠠᠪᠤᠨ᠎ᠠ᠃ ᠲᠠᠬᠢᠭᠠᠳ ᠴᠠᠪᠠᠭ ᠬᠠᠳᠠᠭᠠᠵᠤ᠂ ᠦᠯᠢᠬᠡᠷ ᠡᠰᠬᠡᠬᠡᠳ ᠵᠤᠯᠤᠭ ᠤᠶᠤᠨ᠎ᠠ᠂ ᠤᠯᠤᠰᠤᠨ ᠤᠳᠠᠰᠤ ᠲᠠᠮᠤᠭᠠᠳ ᠤᠯᠠ ᠰᠢᠷᠢᠨᠠ᠃ ᠬᠠᠮᠤᠬ ᠤᠨ ᠰᠡᠬᠦᠯ ᠳᠤᠨᠢ ᠵᠤᠯᠤᠬ ᠢ ᠤᠯᠠ ᠲᠠᠢ ᠨᠡᠶᠢᠯᠡᠬᠦᠯᠦᠨ ᠱᠠᠬᠠᠢ ᠤᠯᠠᠯᠠᠨᠠ᠃ ᠮᠢᠨᠤ ᠪᠠᠷᠠᠭᠤᠨ ᠭᠠᠷ ᠵᠡᠮᠳᠡᠭ ᠤᠴᠢᠷ ᠠᠴᠠ ᠱᠠᠬᠠᠢ ᠤᠯᠠᠯᠠᠬᠤ ᠳᠤ ᠬᠠᠮᠤᠬ ᠠᠴᠠ ᠬᠦᠴᠢᠷᠳᠡᠳᠡᠭ ᠬᠡᠵᠤ ᠲᠤᠸᠠᠨ ᠵᠢᠶᠧ ᠪᠦᠰ ᠱᠠᠬᠠᠢ ᠤᠶᠤᠬᠤ ᠶᠠᠪᠤᠴᠠ ᠪᠠ ᠬᠦᠴᠢᠷᠳᠠᠯ ᠢᠶᠠᠨ ᠲᠡᠯᠭᠡᠵᠤ ᠭᠠᠷᠤᠯ᠎ᠠ᠃
ᠲᠤᠸᠠᠨ ᠵᠢᠶᠧ 3 ᠨᠠᠰᠤᠳᠠᠢ ᠪᠠᠶᠢᠬᠤ ᠳᠤ᠂ ᠭᠡᠷ ᠲᠤᠨᠢ ᠵᠤᠴᠢᠨ ᠢᠷᠠᠯ᠎ᠠ ᠭᠡᠵᠤ ᠡᠵᠢ ᠨᠢ ᠬᠤᠭᠤᠯᠠ ᠪᠡᠯᠡᠳᠭᠡᠬᠦ ᠪᠠᠷ ᠭᠠᠷᠤᠭᠰᠠᠨ ᠬᠤᠷᠤᠮᠠᠬᠨᠠ᠂ ᠬᠠᠨᠵᠤᠨ ᠲᠡᠭᠡᠷ᠎ᠠ ᠪᠠᠨ ᠲᠤᠬᠯᠠᠵᠤ ᠪᠠᠶᠢᠬᠰᠠᠨ ᠪᠢᠴᠢᠬᠠᠨ ᠲᠤᠸᠠᠨ ᠵᠢᠶᠧ ᠬᠠᠨᠵᠤᠨ ᠤ ᠪᠠᠨ ᠬᠠᠵᠠᠭᠤ ᠳᠤ ᠲᠠᠯᠪᠢᠭᠠᠰᠤᠳᠠᠢ ᠬᠤᠪᠤᠡᠭ ᠲᠠᠢ ᠭᠠᠯ ᠳᠤ ᠪᠠᠷᠠᠭᠤᠨ ᠮᠦᠷᠤ ᠪᠠᠷ ᠢᠶᠠᠨ ᠬᠠᠯᠳᠤ ᠲᠠᠷᠤᠨ ᠤᠨᠠᠭᠠᠳ ᠭᠠᠷ ᠢᠶᠠᠨ ᠬᠠᠯᠠᠭᠠᠵᠤ᠂ ᠨᠠᠰᠤᠨ ᠤ ᠵᠡᠮᠳᠡᠭ ᠪᠤᠯᠤᠭᠰᠠᠨ ᠠᠵᠢ᠃ ᠬᠤᠪᠢ ᠵᠠᠶᠠᠭ᠎ᠠ ᠳᠤ ᠢᠳᠡᠭᠡᠬᠦ ᠦᠭᠡᠢ᠂ ᠬᠤᠪᠢᠨ ᠤ ᠴᠢᠷᠮᠠᠶᠢᠯᠭ᠎ᠠ ᠳᠠᠭᠠᠨ ᠲᠦᠰᠢᠭᠯᠡᠬᠦ ᠶᠤᠮ ᠭᠡᠵᠤ ᠪᠢᠴᠢᠬᠠᠨ ᠲᠤᠸᠠᠨ ᠵᠢᠶᠧ 12 ᠨᠠᠰᠤᠨ ᠠᠴᠠ ᠪᠠᠨ ᠪᠦᠰ ᠱᠠᠬᠠᠢ ᠤᠶᠤᠬᠤ ᠶᠢ ᠰᠤᠷᠴᠤ᠂ ᠨᠢᠬᠡ ᠬᠡᠷ ᠤᠨ ᠲᠤᠯᠤᠭᠠᠨ ᠬᠦᠮᠦᠨ ᠤ ᠬᠦᠯ ᠢ ᠲᠤᠯᠠᠭᠠᠯᠠᠬᠤ ᠬᠦᠨᠳᠦᠬᠡᠨ ᠡᠬᠦᠷᠬᠡ ᠶᠢ ᠦᠷᠦᠭᠡᠰᠤᠨ ᠭᠠᠷ ᠢᠶᠠᠷ ᠢᠶᠠᠨ ᠲᠠᠭᠠᠭᠠᠵᠤ᠂ ᠶᠠᠳᠠᠭᠤᠬᠠᠨ ᠠᠮᠢᠳᠤᠷᠠᠯ ᠢᠶᠠᠨ ᠲᠤᠪᠬᠢᠵᠤ ᠢᠷᠡᠯ᠎ᠠ᠃ ᠦᠭᠡᠯᠡᠢ ᠪᠤᠯᠵᠤ ᠨᠠᠰᠤ ᠬᠦᠢᠴᠡᠬᠦᠯᠠᠷ ᠲᠠᠷᠠ ᠵᠠᠷᠤᠳ ᠬᠤᠰᠢᠭᠤᠨ ᠤ ᠦᠨᠡᠬᠡᠴᠢ ᠰᠤᠮᠤᠨ ᠤ ᠬᠤᠸᠠ ᠵᠢᠶᠧ ᠭᠠᠴᠠᠭᠠᠨ ᠤ ᠲᠢᠶᠠᠨ ᠱᠦ ᠵᠢᠶᠠᠨ ᠲᠠᠢ ᠬᠤᠷᠢᠮᠯᠠᠵᠤ ᠠᠶᠢᠯ ᠬᠡᠷ ᠪᠤᠰᠬᠠᠪᠠ᠃
ᠭᠠᠢ ᠭᠠᠵᠠᠷ ᠲᠤᠤᠷ᠎ᠠ ᠠᠴᠠ ᠭᠡᠳᠡᠭᠴᠢᠯᠡᠨ 25 ᠵᠢᠯ ᠤᠨ ᠡᠮᠦᠨ᠎ᠡ᠂ ᠲᠤᠸᠠᠨ ᠵᠢᠶᠧ ᠰᠠᠪᠠᠨ ᠬᠠᠪᠤᠳᠠᠷ ᠤᠨ ᠡᠪᠡᠳᠴᠢᠨ ᠳᠤ ᠨᠡᠷᠪᠡᠭᠳᠡᠪᠠ᠃ ᠭᠡᠪᠠᠴᠤ ᠲᠤᠬᠠᠢ ᠶᠢᠨ ᠦᠶ᠎ᠠ ᠳᠤ ᠬᠦᠷᠦᠩᠬᠡ ᠨᠢᠮᠬᠡᠨ ᠪᠠᠶᠢᠬᠰᠠᠨ ᠪᠤᠯᠬᠤᠷ ᠬᠤᠰᠢᠭᠤᠨ ᠤ ᠪᠠᠨ ᠡᠮᠨᠡᠯᠭᠡ ᠶᠢᠨ ᠬᠤᠷᠢᠶ᠎ᠡ ᠳᠤ ᠬᠦᠷᠴᠦ ᠱᠡᠬᠡᠯᠡᠭᠡ ᠪᠠᠷ ᠮᠡᠰᠡ ᠵᠠᠰᠠᠯ ᠬᠢᠯᠬᠡᠵᠠᠢ᠃ ᠮᠡᠰᠡ ᠵᠠᠰᠠᠯ ᠤᠨ ᠲᠠᠷᠠᠭ᠎ᠠ ᠤᠳᠠᠰᠤ ᠶᠢ ᠨᠢ ᠲᠡᠬᠦᠬᠦ ᠪᠤᠯᠬᠤᠯᠠᠷ ᠲᠡᠷᠡ ᠡᠪᠡᠳᠬᠦ ᠪᠠᠨ ᠲᠡᠰᠪᠦᠷᠢᠯᠡᠵᠦ ᠦᠪᠡᠰᠦᠪᠡᠨ ᠡᠮ ᠲᠦᠷᠬᠢᠵᠦ ᠪᠠᠶᠢᠭᠠᠳ ᠮᠠᠰᠠ ᠵᠠᠰᠠᠯ ᠤᠨ ᠤᠳᠠᠰᠤ ᠪᠠᠨ ᠲᠡᠬᠦᠭᠰᠡᠨ ᠭᠡᠳᠡᠭ᠃
ᠲᠡᠳᠡᠨᠡᠶᠢᠬᠢᠨ ᠤ ᠠᠮᠢᠳᠤᠷᠠᠯ ᠡᠶᠢᠨᠬᠦ ᠡᠷᠴᠢ ᠵᠤᠷᠢᠭ ᠲᠠᠢ᠂ ᠲᠠᠰᠪᠤᠷᠢ ᠬᠠᠳᠠᠭᠤᠵᠢᠯᠳᠠᠢ᠂ ᠠᠵᠢᠯᠴᠢ ᠬᠦᠳᠡᠯᠮᠤᠷᠢᠴᠢ ᠲᠠᠷᠢᠶᠠᠴᠢᠨ ᠪᠦᠰᠡᠬᠦᠢ ᠶᠢᠨ ᠴᠢᠷᠮᠠᠶᠢᠯᠭ᠎ᠠ ᠪᠠᠷ ᠡᠳᠤᠷ ᠠᠴᠠ ᠡᠳᠤᠷ ᠦᠭᠡᠳᠡᠯᠡᠪᠠ᠃
— ᠮᠠᠨᠠᠶᠢᠬᠢᠨ ᠡᠨᠡ ᠵᠢᠯ 10 ᠭᠠᠷᠤᠢ ᠮᠦ ᠡᠷᠳᠡᠨᠢ ᠰᠢᠰᠢ᠂ 30 ᠭᠠᠷᠤᠢ ᠮᠦ ᠨᠤᠭᠤᠭᠠᠨ ᠪᠤᠷᠴᠠᠬ ᠲᠠᠷᠢᠵᠤ᠂ 45 ᠬᠤᠨᠢ ᠮᠠᠯᠵᠢᠵᠤ ᠪᠠᠶᠢᠭ᠎ᠠ᠃ ᠲᠠᠷᠢᠶᠠᠯᠠᠩ ᠤᠨ ᠰᠡᠯᠡᠬᠦᠤ ᠴᠠᠭ ᠢᠶᠠᠷ ᠢᠶᠠᠨ ᠪᠠᠭᠠᠬᠠᠨ ᠴᠤ ᠭᠡᠰᠡᠨ ᠤᠷᠤᠯᠭ᠎ᠠ ᠪᠠᠨ ᠨᠡᠮᠡᠭᠳᠡᠬᠦᠯᠬᠦ ᠭᠡᠵᠤ ᠨᠢᠳᠤᠨᠤᠨ ᠠᠴᠠ ᠪᠦᠰ ᠱᠠᠬᠠᠢ ᠤᠶᠤᠵᠤ ᠡᠬᠢᠯᠡᠭᠰᠡᠨ᠂ 1 ᠡᠳᠦᠷ ᠲᠤ 17 — 18 ᠵᠤᠯᠤᠬ ᠤᠶᠤᠵᠤ᠂ 4 ᠬᠦᠮᠦᠨ ᠤ ᠱᠠᠬᠠᠢ ᠤᠯᠠᠯᠠᠵᠤ᠂ ᠵᠠᠷᠢᠮ ᠳᠠᠭᠠᠨ ᠰᠦᠨᠢ ᠶᠢᠨ ᠨᠢᠬᠡ ᠴᠠᠬ ᠪᠤᠯᠳᠠᠯ᠎ᠠ ᠤᠯᠠᠯᠠᠴᠢᠬᠠᠨᠠ᠃ ᠤᠳᠤ ᠪᠤᠯᠳᠠᠯ᠎ᠠ 100 ᠭᠠᠷᠤᠢ ᠵᠦᠢᠷᠡᠢ ᠪᠦᠰ ᠱᠠᠬᠠᠢ ᠤᠶᠤᠵᠤ᠂ ᠠᠶᠢᠯ ᠰᠠᠭᠠᠬᠯᠳᠠ ᠳᠠᠭᠠᠨ ᠬᠤᠳᠠᠯᠳᠤᠬᠤ ᠶᠢᠨ ᠲᠠᠭᠠᠤ ᠭᠠᠴᠠᠭᠠᠨ ᠳᠤ ᠰᠠᠭᠤᠭ᠎ᠠ ᠨᠢᠭᠡᠳᠤᠭᠡᠷ ᠱᠦᠵᠢ ᠾᠧ ᠪᠤᠤ ᠵᠢᠶᠠᠩ ᠤᠨ ᠴᠢᠷᠮᠠᠶᠢᠯᠭ᠎ᠠ ᠪᠠᠷ ᠬᠤᠰᠢᠭᠤᠨ ᠤ ᠢ ᠯᠢ ᠬᠡᠳᠦ ᠲᠡᠯᠬᠡᠬᠦᠷ ᠲᠤ ᠲᠤᠰᠬᠠᠢ ᠬᠤᠳᠠᠯᠳᠤᠬᠤ ᠭᠠᠵᠠᠷ ᠤᠯᠤᠭᠠᠳ ᠬᠤᠳᠠᠯᠳᠤᠵᠤ ᠪᠠᠶᠢᠨ᠎ᠠ᠃ ᠭᠠᠴᠠᠭᠠᠨ ᠤ ᠺᠠᠳ᠋ᠷᠴᠤᠳ ᠴᠤ ᠭᠡᠰᠡᠨ ᠵᠢᠷᠬᠢᠶ᠎ᠠ ᠪᠠᠷ ᠢᠶᠠᠨ ᠲᠠᠮᠵᠢᠨ ᠮᠢᠨᠤ ᠪᠦᠰ ᠱᠠᠬᠠᠢ ᠶᠢ ᠬᠤᠳᠠᠯᠳᠤᠨ ᠦᠭᠴᠤ ᠪᠠᠶᠢᠨ᠎ᠠ ᠬᠡᠵᠦ ᠲᠤᠸᠠᠨ ᠵᠢᠶᠧ ᠪᠠᠶᠠᠷᠳᠠᠶᠢᠬᠠᠨ ᠭᠡᠯᠡᠨ᠎ᠠ᠃
ᠤᠳᠤ ᠲᠤᠸᠠᠨ ᠵᠢᠶᠧ ᠶᠢᠨ ᠬᠢᠨ ᠶᠠᠳᠠᠭᠤ ᠠᠮᠢᠳᠤᠷᠠᠯ ᠠᠴᠠ ᠪᠠᠨ ᠠᠩᠬᠢᠵᠢᠷᠠᠵᠤ ᠪᠠᠶᠠᠵᠢᠯ ᠤᠨ ᠵᠠᠮ ᠢᠶᠠᠷ ᠭᠠᠯᠬᠢᠭᠤᠯᠤᠨᠠ᠃
— ᠲᠠᠷᠠᠭᠠᠴᠢ ᠪᠠᠷ ᠲᠤᠮᠤ ᠬᠦᠮᠦᠨ ᠤ ᠪᠦᠰ ᠱᠠᠬᠠᠢ ᠤᠶᠤᠬᠤ ᠪᠠᠷ ᠪᠠᠷᠠᠬᠤ ᠦᠬᠡᠢ ᠬᠡᠦᠬᠡᠳ ᠤᠨ ᠪᠦᠰ ᠱᠠᠬᠠᠢ ᠤᠶᠤᠵᠤ ᠬᠤᠳᠠᠯᠳᠤᠨ᠎ᠠ᠃ ᠡᠬᠦᠨ ᠳᠤ ᠪᠦᠰ ᠱᠠᠬᠠᠢ ᠶᠢᠨ ᠢᠶᠠᠨ ᠶᠠᠩᠵᠤ ᠭᠡᠯᠪᠡᠷᠢ ᠶᠢ ᠰᠢᠨᠡᠴᠢᠯᠡᠵᠤ᠂ ᠰᠦᠯᠵᠢᠶᠠᠨ ᠲᠡᠭᠡᠷ᠎ᠠ ᠪᠤᠷᠤᠯᠠᠭᠤᠯᠤᠨ ᠬᠤᠳᠠᠯᠳᠤᠬᠤ ᠪᠠᠷ ᠲᠦᠯᠦᠪᠯᠡᠵᠤ ᠪᠠᠶᠢᠨ᠎ᠠ᠃ ᠮᠢᠨᠤ ᠤᠶᠤᠭᠰᠠᠨ ᠪᠦᠰ ᠱᠠᠬᠠᠢ ᠶᠢᠨ ᠤᠯᠠ ᠨᠢ ᠵᠤᠵᠠᠭᠠᠨ᠂ ᠬᠦᠯ ᠪᠠᠷᠢᠬᠤ ᠦᠬᠡᠢ᠂ ᠡᠮᠤᠰᠬᠦ ᠳᠤ ᠲᠠᠭᠠᠳᠠᠢ ᠬᠡᠵᠦ ᠲᠤᠸᠠᠨ ᠵᠢᠶᠧ ᠵᠢᠶᠠᠰᠠ ᠳᠠᠭᠠᠨ ᠵᠡᠷᠭᠡᠯᠡᠵᠦ ᠲᠠᠯᠪᠢᠬᠰᠠᠨ ᠪᠦᠰ ᠱᠠᠬᠠᠢ ᠪᠠᠨ ᠪᠢᠳᠠᠨ ᠳᠤ ᠦᠵᠡᠬᠦᠯᠬᠦ ᠳᠤ ᠲᠠᠬᠦᠨ ᠤ ᠴᠢᠷᠠᠢ ᠳᠤᠨᠢ ᠪᠠᠶᠠᠷ ᠤᠨ ᠮᠦᠰᠢᠶᠠᠳᠤ ᠲᠤᠳᠤᠷᠠᠨ᠎ᠠ᠃ ᠵᠣᠬᠢᠶᠠᠭᠴᠢ᠄ ᠰᠤᠷᠤᠨ᠎ᠠ ᠰᠢᠨᠡᠪᠢᠯᠢᠭ ᠪᠤᠤ ᠴᠢᠩ ᠱᠧᠩ ᠨᠠᠪᠴᠢ