-
4738
ᠴᠢᠩᠭᠢᠰ ᠬᠠᠭᠠᠨ ᠤ ᠵᠠᠭᠤᠨ ᠠᠯᠲᠠᠨ ᠰᠤᠷᠭᠠᠯ
2022-03-24 15:26
45
0
ᠴᠢᠩᠭᠢᠰ ᠬᠠᠭᠠᠨ ᠤ ᠵᠠᠭᠤᠨ ᠠᠯᠲᠠᠨ ᠰᠤᠷᠭᠠᠯ
1.ᠨᠢᠭᠡᠨ ᠰᠠᠢᠨ ᠦᠭᠡ ᠶᠢ ᠰᠣᠨᠣᠰᠤᠮᠠᠭᠴᠠ ᠲᠡᠷᠡ ᠦᠭᠡ ᠪᠡᠷ ᠶᠠᠪᠤᠲᠤᠭᠠᠢ᠂ ᠰᠠᠢᠨ ᠦᠭᠡᠰ ᠪᠤᠰᠤ ᠪᠣᠯᠬᠤᠯ᠎ᠠ ᠪᠢᠲᠡᠭᠡᠢ ᠲᠡᠷᠡ ᠦᠭᠡ ᠪᠡᠷ ᠶᠠᠪᠤᠭᠲᠤᠨ᠃
2.ᠥᠪᠡᠷ ᠦᠨ ᠪᠡᠶ᠎ᠡ ᠶᠢ ᠶᠠᠮᠪᠠᠷ ᠵᠡᠷᠭᠡ ᠶᠢᠨ ᠬᠥᠮᠥᠨ ᠭᠡᠵᠦ ᠮᠡᠳᠡᠪᠡᠰᠦ ᠳᠠᠷᠤᠢ ᠪᠤᠰᠤᠳ ᠤᠨ ᠶᠠᠮᠪᠠᠷ ᠵᠡᠷᠭᠡ ᠶᠢᠨ ᠬᠥᠮᠥᠨ ᠢ ᠮᠡᠳᠡᠵᠦ ᠪᠣᠯᠣᠮᠤᠢ᠃
3. ᠵᠠᠯᠠᠭᠤᠰ ᠠᠬᠠᠮᠠᠳ ᠬᠥᠮᠥᠨ ᠳᠦ ᠵᠣᠯᠭᠠᠬᠤ ᠳᠤ ᠪᠠᠨ ᠠᠬᠠᠮᠠᠳ ᠬᠥᠮᠥᠨ ᠠᠰᠠᠭᠤᠭᠠᠳᠤᠢ ᠪᠣᠯ ᠡᠯᠳᠡᠪ ᠢ ᠪᠣᠣ ᠶᠠᠷᠢᠭᠲᠤᠨ᠃
4.ᠬᠠᠮᠤᠭ ᠠᠴᠠ ᠴᠢᠬᠤᠯᠠ ᠠᠨᠤ ᠠᠷᠠᠳ ᠪᠦᠭᠦᠳᠡᠭᠡᠷ ᠨᠠᠢᠷᠠᠮᠳᠠᠯ ᠲᠠᠢ᠂ ᠬᠠᠷᠢᠯᠴᠠᠨ ᠬᠠᠢᠷᠠᠯᠠᠯᠲᠠᠢ ᠪᠠᠢᠵᠤ᠂ ᠬᠥᠭᠰᠢᠳ ᠶᠠᠳᠠᠭᠤᠰ ᠢ ᠥᠷᠥᠪᠳᠦᠨ ᠬᠦᠨᠳᠦᠯᠡ᠃
5.ᠭᠡᠷ ᠦᠨ ᠳᠣᠲᠣᠷᠠᠬᠢ ᠬᠡᠷᠡᠭ ᠢ ᠬᠠᠲᠤᠨ ᠡᠮᠡᠰ ᠪᠠᠭᠴᠠᠯᠠᠮᠤᠢ᠃ ᠡᠷ᠎ᠡ ᠡᠵᠡᠭᠦᠢ ᠬᠣᠢᠭᠤᠷ ᠵᠣᠷᠴᠢᠨ ᠢᠷᠡᠬᠦ ᠳᠦ ᠢᠳᠡᠭᠡ ᠵᠣᠭᠣᠭ ᠡᠯᠪᠡᠭ ᠰᠠᠢᠨ ᠪᠠᠷᠢᠪᠠᠰᠤ ᠡᠷ᠎ᠡ ᠶᠢᠨ ᠨᠡᠷ᠎ᠡ ᠰᠠᠢᠨ ᠢᠶᠠᠷ ᠭᠠᠷᠤᠮᠤᠢ᠃ ᠮᠠᠭᠤ ᠵᠣᠴᠢᠯᠠᠪᠠᠰᠤ ᠡᠷ᠎ᠡ ᠶᠢᠨ ᠨᠡᠷ᠎ᠡ ᠮᠥᠨ ᠮᠠᠭᠤ ᠪᠠᠷ ᠭᠠᠷᠤᠮᠤᠢ᠃
6.ᠬᠡᠨ ᠴᠤ ᠬᠥᠪᠡᠭᠦᠨ ᠳᠡᠭᠦᠦ ᠨᠠᠷ ᠢᠶᠠᠨ ᠰᠤᠷᠭᠠᠨ ᠴᠡᠭᠡᠷᠯᠡᠭᠦᠯᠬᠦ ᠳᠦ ᠪᠡᠨ ᠤᠯᠤᠰ ᠦᠨᠳᠦᠰᠦᠲᠡᠨ ᠦ ᠪᠡᠨ ᠤᠭ ᠶᠣᠰᠣ ᠶᠢ ᠪᠤᠤ ᠮᠠᠷᠲᠠᠭᠤᠯ᠃
7.ᠬᠡᠷᠪᠡ ᠭᠠᠭᠴᠠ ᠬᠦ ᠰᠠᠢᠨ ᠢ ᠡᠮᠦᠰᠴᠦ ᠠᠮᠲᠠᠲᠠᠨ ᠢ ᠢᠳᠡᠵᠦ᠂ ᠰᠠᠢᠨ ᠮᠣᠷᠢ ᠶᠢ ᠤᠨᠤᠵᠤ᠂ ᠰᠠᠢᠬᠠᠨ ᠡᠬᠡᠨᠡᠷ ᠲᠠᠢ ᠢᠨᠠᠭᠯᠠᠪᠠᠰᠤ᠂ ᠳᠠᠷᠤᠢ ᠪᠢᠳᠡᠨ ᠦ ᠡᠬᠢᠯᠡᠨ ᠪᠠᠢᠭᠤᠯᠤᠭᠰᠠᠨ ᠵᠦᠳᠡᠭᠦᠷᠢ ᠶᠢ ᠤᠮᠠᠷᠳᠠᠮᠤᠢ᠃
8.ᠶᠠᠮᠪᠠᠷ ᠬᠥᠮᠥᠨ ᠪᠣᠯᠪᠠᠰᠤ ᠪᠤᠰᠤᠳ ᠤᠨ ᠡᠮᠦᠨ᠎ᠡ ᠭᠠᠭᠴᠠᠭᠠᠷ ᠢᠳᠡᠭᠡ ᠢᠳᠡᠬᠦ ᠬᠡᠷᠡᠭ ᠦᠭᠡᠢ᠂ ᠢᠳᠡᠬᠦ ᠪᠣᠯᠪᠠᠰᠤ ᠬᠠᠮᠲᠤ ᠳᠤ ᠪᠠᠨ ᠬᠤᠪᠢᠶᠠᠨ ᠢᠳᠡᠪᠡᠰᠦ ᠵᠣᠬᠢᠯᠲᠡᠢ᠃
9.ᠵᠠᠯᠢᠬᠠᠢ᠂ ᠬᠠᠷᠭᠢᠰ᠂ ᠵᠢᠷᠤᠮ ᠦᠭᠡᠢ ᠪᠣᠯᠪᠠᠰᠤ ᠬᠡᠨ ᠴᠤ ᠪᠠᠢᠭᠰᠠᠨ ᠪᠤᠤ ᠬᠦᠨᠳᠦᠳᠬᠡ᠃
10.ᠬᠠᠨᠢ ᠨᠥᠬᠥᠷ ᠢᠶᠡᠨ ᠣᠷᠭᠢᠵᠤ ᠶᠠᠪᠤᠭᠰᠠᠨ ᠬᠥᠮᠥᠨ ᠴᠢᠮ᠎ᠠ ᠤᠷᠤᠭᠤ ᠢᠷᠡᠪᠡᠯ ᠪᠤᠤ ᠢᠲᠡᠭᠡ᠂ ᠲᠡᠷᠡ ᠴᠢᠮ᠎ᠠ ᠶᠢ ᠪᠠᠰᠠ ᠮᠥᠳᠬᠡᠨ ᠣᠷᠭᠢᠬᠤ ᠪᠤᠰᠤ ᠦᠦ᠃