-
45105
ᠤᠬᠠᠭᠠᠷᠠᠵᠤ ᠠᠮᠢᠳᠤᠷᠠᠬᠤ ᠬᠣᠷᠸ᠎ᠠ
2025-09-11 11:09
5
0
ᠤᠬᠠᠭᠠᠷᠠᠵᠤ ᠠᠮᠢᠳᠤᠷᠠᠬᠤ ᠬᠣᠷᠸ᠎ᠠ
᠊᠊᠊᠊᠊᠊᠊ ᠳᠠᠩᠴᠢ ᠡᠷᠲᠡ ᠬᠠᠯᠢᠭᠰᠠᠨ ᠡᠵᠢ ᠶᠢᠨ ᠢᠶᠡᠨ ᠠᠷᠢᠭᠤᠨ ᠰᠦᠨᠡᠰᠦᠨ ᠳᠦ ᠮᠦᠷᠭᠦᠶᠦ
ᠡᠨᠡ ᠬᠣᠷᠸ᠎ᠠ ᠳᠤ ᠡᠵᠢ ᠲᠠᠢ ᠰᠠᠶᠢᠬᠠᠨ᠂ ᠠᠯᠠᠭ ᠦᠷᠡᠰ ᠦᠨ ᠢᠶᠡᠨ ᠲᠦᠯᠦᠭᠡ ᠵᠠᠵᠢᠨ ᠤ ᠦᠰᠦ ᠪᠡᠨ ᠪᠤᠭᠤᠷᠤᠯᠳᠠᠲᠠᠯᠠ ᠨᠠᠰᠤ ᠪᠠᠷ ᠢᠶᠠᠨ ᠵᠢᠳᠭᠥᠵᠥ᠂ ᠵᠤᠪᠠᠯ ᠵᠦᠳᠡᠭᠦᠷᠢ ᠶᠢ ᠬᠠᠨᠲᠠᠯ᠎ᠠ ᠪᠠᠨ ᠠᠮᠰᠠᠭᠰᠠᠨ ᠨᠠᠰᠤᠲᠠᠢ ᠡᠵᠢ ᠲᠠᠢ ᠪᠠᠨ ᠵᠢᠷᠭᠠᠵᠤ ᠠᠮᠢᠳᠤᠷᠠᠬᠤ ᠨᠡᠩ ᠰᠠᠶᠢᠬᠠᠨ᠃
ᠵᠤᠯᠠᠢ ᠵᠤᠯᠠᠢ ᠶᠢ ᠨᠢ ᠭᠢᠰᠬᠢᠭᠦᠯᠵᠦ ᠠᠬ᠎ᠠ ᠡᠭᠡᠴᠢ ᠳᠡᠭᠦᠦ ᠳᠣᠯᠣᠭᠤᠯᠠ ᠶᠢ ᠡᠨᠡ ᠶᠢᠷᠲᠢᠨᠴᠦ ᠳᠦ ᠲᠦᠷᠦᠭᠦᠯᠡᠭᠡᠳ ᠵᠠᠮ ᠵᠠᠮ ᠢᠶᠠᠷ ᠨᠢ ᠬᠦᠲᠦᠯᠵᠦ ᠵᠢᠷᠭᠠᠯ ᠢ ᠲᠠ ᠢᠪᠡᠭᠡᠨ ᠡᠳ᠋ᠯᠡᠭᠦᠯᠦᠭᠰᠡᠨ ᠪᠢᠯᠡ᠃ ᠳᠦᠴᠢ ᠶᠢᠨ ᠳᠠᠪᠠᠭ᠎ᠠ ᠶᠢ ᠳᠥᠩᠭᠡᠵᠦ ᠳᠠᠪᠠᠭᠠᠳ ᠠᠪᠤ ᠶᠢ ᠮᠢᠨᠢ ᠲᠠ ᠠᠯᠳᠠᠭᠰᠠᠨ ᠴᠤ ᠥᠨᠳᠡᠭᠡᠨ ᠳᠣᠯᠣᠭᠠᠨ ᠭᠠᠯᠠᠭᠤ ᠮᠢᠨᠢ ᠭᠡᠵᠦ ᠨᠢᠷᠤᠭᠤ ᠵᠣᠭᠰᠣᠭᠠᠳ ᠠᠮᠢᠳᠤᠷᠠᠯ ᠤᠨ ᠲᠡᠭᠷᠢ ᠶᠢ ᠲᠤᠯᠤᠭᠰᠠᠨ ᠠᠯᠤᠩᠭᠣᠸᠠ ᠡᠬᠡ ᠰᠢᠭ ᠮᠣᠩᠭᠣᠯ ᠡᠬᠡ ᠶᠢᠨ ᠬᠠᠲᠠᠭᠤ ᠰᠢᠨᠳᠠᠰᠤ ᠲᠠ ᠪᠠᠶᠢᠵᠤ ᠪᠢᠯᠡ᠃ ᠠᠪᠤ ᠦᠭᠡᠢ ᠬᠡᠦᠬᠡᠳ ᠴᠤ ᠠᠳᠠᠯᠢᠬᠠᠨ ᠬᠦᠮᠦᠨ ᠦ ᠵᠡᠷᠭᠡ ᠳᠦ ᠬᠥᠷᠳᠡᠭ ᠭᠡᠵᠦ ᠡᠵᠡᠨ ᠪᠣᠭᠳᠠ ᠴᠢᠩᠬᠢᠰ ᠲᠡᠮᠦᠵᠢᠨ ᠦ ᠥᠯᠢᠭᠡᠷ ᠡᠴᠡ ᠣᠯᠠᠨ ᠣᠯᠠᠨ ᠶᠠᠷᠢᠳᠠᠭ ᠴᠢᠨᠢ ᠲᠣᠯᠲᠣ ᠵᠢᠷᠦᠬᠡᠨ᠎ᠡ ᠬᠠᠳᠠᠩᠰᠢᠵᠤ ᠴᠢᠬᠢᠨ ᠰᠣᠨᠣᠷ ᠢ ᠮᠢᠨᠢ ᠳᠡᠯᠡᠳᠦᠭᠰᠡᠭᠡᠷ ᠪᠦᠯᠦᠭᠡ᠃
ᠠᠷᠭ᠎ᠠ ᠦᠭᠡᠢ ᠨᠢᠯᠬ᠎ᠠ ᠥᠶ᠎ᠡ ᠳᠤ ᠪᠠᠨ ᠠᠷᠠᠳ ᠤᠨ ᠪᠠᠭᠰᠢ ᠶᠢᠨ ᠠᠯᠪᠠ ᠲᠠᠢ ᠠᠪᠤ ᠶᠢᠨ ᠢᠶᠡᠨ ᠪᠣᠰᠣᠳ ᠲᠠᠢ ᠨᠢᠭᠤᠷ ᠤᠯᠠᠶᠢᠯᠴᠠᠯ ᠦᠭᠡᠢ᠂ ᠬᠥᠮᠥᠨ ᠳᠦ ᠬᠠᠷᠢᠶᠠᠭᠳᠠᠴᠢᠬᠠᠭᠠᠳ ᠢᠨᠢᠶᠡᠪᠬᠢᠯᠡᠨ ᠪᠣᠰᠣᠭᠠᠳ ᠶᠠᠪᠤᠴᠢᠬᠠᠳᠠᠭ ᠤᠬᠠᠭᠠᠨᠲᠤ ᠨᠣᠮᠣᠬᠠᠨ ᠠᠷᠠᠨᠰᠢᠨ ᠢ ᠨᠢ ᠳᠣᠷᠣᠢ ᠥᠬᠡᠨᠴᠡ ᠪᠠᠷ ᠠᠨᠳᠠᠭᠤᠷᠠᠴᠢᠬᠠᠭᠠᠳ ᠪᠢ᠄ ︽ ᠠᠪᠤ ᠶᠢ ᠮᠢᠨᠢ ᠳᠣᠣᠷᠠᠰᠢᠶᠠᠭᠰᠠᠨ ᠬᠣᠷᠣᠰᠣᠯ ᠢᠶᠠᠨ ᠥᠰᠴᠦ ᠲᠣᠮᠣᠭᠠᠵᠢᠭᠰᠠᠨ ᠬᠣᠶᠢᠨᠠ ᠵᠠᠪᠠᠯ ᠠᠪᠤᠨ᠎ᠠ︾ ᠬᠡᠮᠡᠨ ᠤᠬᠠᠭᠠᠨ ᠳᠤ ᠪᠠᠨ ᠬᠠᠲᠠᠭᠤ ᠰᠡᠶᠢᠯᠦᠭᠡᠳ ᠬᠥᠮᠥᠨ ᠦ ᠬᠠᠵᠠᠭᠠᠢ ᠶᠢ ᠬᠠᠷᠠᠨ ᠶᠠᠳᠠᠭᠠᠳ ᠬᠡᠷᠡᠭᠦᠯ ᠵᠣᠳᠣᠭᠠᠨ ᠬᠢᠵᠦ ᠲᠠᠨ ᠢ ᠪᠡᠨ ᠬᠡᠴᠢᠨᠡᠨ ᠵᠣᠪᠠᠭᠠᠯ᠎ᠠ ᠁
ᠥᠨᠡᠨ ᠢ ᠬᠡᠯᠡᠬᠦ ᠳᠦ ᠠᠪᠤ ᠮᠢᠨᠢ ᠲᠡᠶᠢᠮᠦ ᠡᠷᠲᠡ ᠶᠠᠪᠤᠴᠢᠬᠠᠮᠠᠷ ᠯᠠ ᠦᠭᠡᠢ ᠪᠠᠶᠢᠭᠰᠠᠨ᠃ ᠳᠡᠭᠡᠷ᠎ᠡ ᠵᠠᠭᠤᠨ ᠤ ᠨᠠᠶᠠᠭᠠᠳ ᠣᠨ ᠤ ᠦᠶ᠎ᠡ ᠶᠢᠨ ᠠᠷᠠᠳ ᠤᠨ ᠪᠠᠭᠰᠢ ᠶᠢᠨ ᠬᠡᠳᠦᠬᠡᠨ ᠵᠣᠭᠣᠰ ᠤᠨ ᠴᠠᠯᠢᠩ ᠢᠶᠠᠷ ᠪᠠᠯᠴᠢᠷ ᠪᠠᠭ᠎ᠠ ᠳᠣᠯᠣᠭᠠᠨ ᠬᠡᠦᠬᠡᠳ ᠢ ᠦᠰᠬᠡᠨ ᠬᠦᠮᠦᠵᠢᠭᠦᠯᠬᠦ ᠨᠢ ᠬᠢᠯᠪᠡᠷ ᠪᠢᠰᠢ ᠬᠣᠶᠢᠨᠠ ︽ ᠠᠭᠤᠰᠬᠢᠨ ᠰᠦᠷᠢᠶ᠎ᠡ︾ ᠶᠢ ᠡᠳᠡᠭᠡᠷᠡᠭᠦᠯᠵᠦ ᠴᠢᠳᠠᠭ᠎ᠠ ᠦᠭᠡᠢ ᠠᠵᠢᠯ ᠤᠨ ᠪᠠᠶᠢᠷᠢ ᠳᠤ ᠪᠠᠨ ᠳᠦᠴᠢᠨ ᠨᠠᠢᠮᠠᠲᠠᠶᠢᠬᠠᠨ ᠨᠢᠳᠦ ᠪᠡᠨ ᠠᠨᠢᠭᠰᠠᠨ ᠢ ᠶᠠᠭᠠᠬᠢᠯᠲᠠᠢ ᠪᠢᠯᠡ᠃ ︽ ᠦᠶ᠎ᠡ ᠴᠠᠭᠠᠨ ᠳᠤ ᠦᠷ᠎ᠡ ᠦᠭᠡᠢ᠂ ᠦᠨᠦᠴᠢᠨ ᠬᠡᠦᠬᠡᠳ ᠡᠯᠢᠭᠡ ᠦᠭᠡᠢ︾ ᠬᠡᠮᠡᠨ ᠰᠤᠷᠤᠯᠭ᠎ᠠ ᠶᠢᠨ ᠨᠠᠶᠢᠵᠢᠰ ᠲᠠᠭᠠᠨ ᠳᠣᠷᠣᠮᠵᠢᠯᠠᠭᠤᠯᠤᠭᠠᠳ ᠵᠣᠳᠣᠵᠤ ᠴᠣᠬᠢᠨ ᠰᠢᠷᠬᠠᠲᠤᠭᠤᠯᠤᠭᠠᠳ ᠭᠡᠷ ᠦᠨ ᠬᠢᠨᠢ ᠲᠣᠮᠣᠴᠤᠤᠯ ᠳᠤ ᠡᠷᠢᠭᠳᠡᠵᠦ᠄ ︽ ᠠᠪᠤ ᠦᠭᠡᠢ ᠬᠡᠦᠬᠡᠳ ᠠᠮᠠᠷᠬᠠᠨ ᠮᠠᠭᠤ ᠶᠢ ᠰᠤᠷᠳᠠᠭ ᠶᠤᠮ᠂ ᠬᠦᠦ ᠪᠡᠨ ᠰᠠᠶᠢᠨ ᠰᠤᠷᠭ᠎ᠠ ᠁︾ ᠭᠡᠵᠦ ᠬᠠᠷᠢᠶᠠᠯᠭᠠᠭᠠᠳ ᠨᠢᠳᠦᠨ ᠳᠦ ᠪᠡᠨ ᠵᠠᠶᠢᠷ ᠲᠠᠢ ᠬᠣᠴᠣᠷᠳᠠᠭ ᠲᠠᠨ ᠢ ᠪᠡᠨ ᠬᠡᠴᠢᠨᠡᠨ ᠰᠦᠷᠡᠬᠡᠢ ᠲᠠᠮᠤᠯᠠᠵᠤ ᠶᠠᠪᠤᠯ᠎ᠠ ᠁
ᠡᠷᠢᠶᠡᠨ ᠲᠠᠢ ᠪᠠᠷᠠᠭᠠᠨ ᠲᠠᠢ ᠠᠮᠢᠳᠤᠷᠠᠯ ᠤᠨ ᠲᠣᠭᠯᠠᠮ ᠶᠢᠨ ᠬᠠᠲᠠᠭᠤ ᠶᠢ ᠳᠠᠭᠠᠭᠠᠯ ᠦᠭᠡᠢ ᠠᠷᠢᠬᠢ ᠭᠡᠳᠡᠭ ᠭᠠᠰᠢᠭᠤᠨ ᠤᠰᠤ ᠪᠠᠷ ᠪᠣᠬᠢᠨᠠᠳᠤᠯ ᠢᠶᠠᠨ ᠤᠬᠢᠶᠠᠵᠤ ᠶᠠᠪᠤᠬᠤ ᠳᠤ ᠪᠠᠨ ᠠᠯᠲᠠᠨ ᠰᠤᠷᠭᠠᠯ ᠢ ᠴᠢᠨᠢ ᠠᠪᠤᠯ ᠦᠭᠡᠢ ᠬᠡᠶᠢᠷᠬᠡᠵᠦ ᠲᠠᠨ ᠢ ᠪᠡᠨ ᠬᠡᠴᠢᠨᠡᠨ ᠴᠤ ᠰᠢᠨᠠᠯᠭᠠᠯᠠ ᠁
ᠳᠥᠴᠢ ᠲᠥᠬᠦᠬᠦ ᠶᠢᠨ ᠦᠶ᠎ᠡ ᠪᠡᠷ ᠰᠠᠶ᠋ᠢ ᠡᠭᠦᠨ ᠢ ᠪᠡᠨ ᠤᠬᠠᠭᠠᠷᠠᠨ ᠲᠠᠨᠢᠭᠰᠠᠨ ᠴᠤ ᠠᠴᠢ ᠶᠢ ᠴᠢᠨᠢ ᠬᠠᠷᠢᠭᠤᠯᠵᠤ ᠠᠮᠵᠢᠭ᠎ᠠ ᠦᠭᠡᠢ ᠪᠡᠷ ᠲᠠ ᠮᠢᠨᠢ ᠥᠩᠭᠡᠲᠦ ᠶᠢᠷᠲᠢᠨᠴᠦ ᠶᠢᠨ ᠮᠥᠩᠬᠡ ᠪᠣᠰᠤ ᠶᠢ ᠦᠵᠡᠭᠦᠯᠴᠢᠬᠡᠳᠡᠭ ᠨᠢ ᠶᠠᠭᠤ ᠪᠢᠯᠡ᠃ ᠤᠬᠠᠭᠠᠷᠠᠵᠤ ᠠᠮᠢᠳᠤᠷᠠᠬᠤ ᠬᠣᠷᠸ᠎ᠠ ᠶᠢᠨ ᠠᠭ᠎ᠠ ᠲᠠᠢ ᠲᠣᠰᠣ ᠲᠠᠢ ᠠᠶᠠᠨ ᠳᠤ ᠡᠩᠬᠦᠯ ᠲᠠᠢ ᠳᠤᠩᠬᠤᠯ ᠲᠠᠢ ᠵᠠᠮ ᠢᠶᠠᠷ ᠪᠦᠳᠦᠴᠢᠨ ᠪᠠᠶᠢᠵᠤ ᠲᠣᠮᠣᠭᠠᠵᠢᠭᠰᠠᠨ ᠮᠢᠨᠢ ᠳᠠᠩᠴᠢ ᠣᠷᠣᠶᠢᠲᠠᠵᠠᠢ ᠁ ᠬᠥᠭᠰᠢᠳ ᠨᠠᠰᠤᠲᠠᠳ ᠲᠠᠢ ᠠᠶᠢᠯ ᠦᠳ ᠢ ᠠᠲᠠᠭᠠᠷᠬᠠᠨ ᠬᠠᠷᠠᠵᠤ ᠶᠠᠪᠤᠬᠤ ᠳᠤ ᠪᠠᠨ ᠭᠡᠷ ᠲᠦ ᠪᠡᠨ ᠣᠷᠣᠭᠰᠠᠭᠠᠷ ᠯᠠ ᠬᠠᠩᠬᠠᠭᠠᠷ ᠬᠥᠨᠳᠡᠢ ᠰᠠᠨᠠᠭᠳᠠᠵᠤ ᠲᠠᠨ ᠢ ᠪᠡᠨ ᠦᠭᠡᠶᠢᠯᠡᠬᠦ ᠨᠢ ᠬᠡᠴᠡᠭᠦᠦ ᠶᠤᠮ ᠡ︕
ᠪᠠᠯᠴᠢᠷ ᠨᠢᠯᠬ᠎ᠠ ᠠᠴᠠ ᠵᠠᠮᠵᠢᠭᠰᠠᠨ ᠤᠭᠤᠷᠠᠭ ᠰᠤᠷᠭᠠᠯ ᠢ ᠴᠢᠨᠢ ᠳᠡᠭᠡᠳᠦᠯᠡᠵᠦ᠂ ᠠᠵᠢᠯ ᠠᠮᠢᠳᠤᠷᠠᠯ ᠤᠨ ᠢᠶᠠᠨ ᠵᠦᠭᠯᠡᠭᠦᠷ ᠪᠤᠯᠭᠠᠵᠤ ᠶᠠᠪᠤᠶ᠎ᠠ ᠭᠡᠵᠦ ᠲᠠᠩᠭᠠᠷᠢᠭᠯᠠᠨ ᠪᠠᠶᠢᠵᠤ ᠭᠡᠭᠡᠨ ᠰᠦᠨᠡᠰᠦᠨ ᠳᠦ ᠴᠢᠨᠢ ᠮᠦᠷᠭᠦᠶ᠎ᠡ ᠡᠵᠢ ᠡ︕
2011.07.20