-
2085416
ᠲᠣᠭᠣᠯ ᠤᠨ ᠬᠦᠢᠰᠣᠨ ᠢᠪᠡᠷᠬᠡᠢ ᠶ᠋ᠢ ᠵᠠᠰᠠᠬᠤ
2019-06-12 08:59
394
0
ᠰᠠᠭᠠᠯᠢ ᠶ᠋ᠢᠨ ᠦᠨᠢᠶᠡᠨ ᠤ ᠦᠢᠯᠡᠰ ᠤᠨ ᠬᠦᠭᠵᠢᠯᠳᠡ ᠶ᠋ᠢ ᠲᠠᠭᠠᠯᠳᠣᠨ ᠂ ᠲᠤᠭᠤᠯ ᠤᠨ ᠬᠦᠢᠰᠣᠨ ᠢᠪᠡᠷᠬᠡᠢ ᠨᠢ ᠮᠠᠯ ᠡᠮᠨᠡᠯᠬᠡ ᠲᠡᠬᠡᠷ᠎ᠡ ᠣᠯᠠᠨ ᠲᠤᠬᠢᠶᠠᠯᠳᠣᠬᠣ ᠪᠤᠯᠵᠠᠢ ᠂ ᠮᠦᠨ ᠵᠣᠬᠢᠬᠣ ᠬᠡᠮᠵᠢᠶ᠎ᠡ ᠲᠠᠬᠡᠷ᠎ᠡ ᠪᠡᠨ ᠲᠤᠭᠤᠯ ᠤᠨ ᠦᠰᠦᠯᠳᠡ ᠪᠤᠶᠢᠵᠢᠯᠳᠠ ᠶ᠋ᠢ ᠨᠦᠯᠦᠬᠡᠯᠡᠳᠡᠭ ᠃ ᠲᠤᠤᠷ᠎ᠠ ᠡᠬᠦᠨ ᠤ ᠲᠤᠬᠠᠢ ᠲᠠᠨᠢᠯᠴᠠᠭᠤᠯᠤᠶ᠎ᠠ ᠄
⒈ ᠡᠪᠡᠣᠨᠴᠢᠨ ᠤ ᠰᠢᠯᠳᠠᠭᠠᠨ
⑴ ᠣᠳᠣᠮᠰᠢᠯ ᠤᠨ ᠰᠢᠯᠳᠠᠭᠠᠨ
ᠬᠦᠢᠰᠣᠨ ᠢᠪᠡᠷᠬᠡᠢ ᠨᠢ ᠨᠢᠬᠡ ᠵᠦᠢᠯ ᠤᠨ ᠣᠳᠣᠮᠰᠢᠯ ᠤᠨ ᠴᠢᠨᠠᠷᠳᠠᠢ ᠡᠪᠡᠣᠨᠴᠢᠨ ᠮᠦᠨ ᠂ ᠴᠡᠪᠡᠷ ᠡᠬᠦᠯᠳᠡᠷ ᠤᠨ ᠦᠷᠡᠵᠢᠬᠦᠯᠬᠡ ᠶ᠋ᠢᠨ ᠰᠦᠷᠦᠭ ᠲᠤ ᠣᠯᠠᠨ ᠡᠬᠦᠰᠳᠡᠭ ᠂ ᠣᠨᠴᠠᠭᠠᠶᠢᠯᠠᠨ ᠣᠶᠢᠷ᠎ᠡ ᠲᠦᠷᠦᠯ ᠤᠨ ᠬᠡᠬᠡᠯᠳᠣᠬᠦᠯᠬᠡ ᠳ᠋ᠣ ᠣᠯᠠᠨ ᠡᠬᠦᠰᠣᠨᠡ ᠃ ᠭᠤᠤᠯᠳᠠᠭᠤ ᠲᠦᠷᠦᠯᠬᠢ ᠶ᠋ᠢᠨ ᠬᠦᠢᠰᠣᠨ ᠬᠤᠩᠬᠤᠷ ᠤᠨ ᠪᠦᠷᠢᠯᠳᠣᠯ ᠨᠢ ᠪᠦᠷᠢᠨ ᠪᠤᠰᠣ ᠂ ᠬᠡᠪᠡᠯᠢ ᠶ᠋ᠢᠨ ᠬᠠᠨ᠎ᠠ ᠶ᠋ᠢᠨ ᠪᠦᠷᠢᠯᠳᠣᠯ ᠨᠢ ᠲᠤᠳᠠᠭᠳᠠᠯ ᠲᠠᠢ ᠵᠡᠷᠬᠡ ᠡᠴᠡ ᠪᠤᠯᠵᠠᠢ᠃
⑵ ᠲᠦᠷᠦᠯᠬᠢ ᠶ᠋ᠢᠨ ᠪᠤᠰᠣ ᠰᠢᠯᠳᠠᠭᠠᠨ ᠭᠤᠤᠯ ᠨᠢ ᠬᠦᠢᠰᠣ ᠲᠠᠰᠣᠯᠬᠣ ᠶᠠᠪᠤᠴᠠ ᠳ᠋ᠡᠬᠢ ᠬᠦᠮᠦᠨ ᠤ ᠬᠦᠴᠦᠨ ᠤ ᠰᠢᠯᠳᠠᠭᠠᠨ ᠪᠤᠯᠤᠨ᠎ᠠ ᠃
① ᠬᠦᠢᠰᠣ ᠶ᠋ᠢ ᠬᠡᠳᠣ ᠣᠬᠣᠷ ᠲᠠᠰᠣᠯᠬᠣ ᠂ ᠬᠡᠷᠪᠡ ᠬᠡᠳᠣ ᠣᠬᠣᠷ ᠲᠠᠰᠣᠯᠪᠠᠯ ᠬᠦᠢᠰᠣ ᠨᠢ ᠲᠠᠳᠠᠭᠳᠠᠨ ᠬᠢᠯᠪᠠᠷᠬᠠᠨ ᠬᠡᠪᠡᠯᠢ ᠶ᠋ᠢᠨ ᠬᠦᠨᠳᠠᠢ ᠳᠦ ᠣᠷᠣᠳᠠᠭ ᠃ ᠡᠨᠡ ᠦᠶ᠎ᠡ ᠳᠤ ᠬᠦᠢᠰᠣᠨ ᠬᠤᠩᠬᠤᠷ ᠤᠨ ᠪᠦᠷᠢᠯᠳᠣᠯ ᠨᠢ ᠪᠦᠷᠢᠨ ᠪᠤᠰᠣ ᠲᠤᠯᠠ ᠬᠡᠷᠪᠡ ᠲᠤᠭᠤᠯ ᠬᠡᠳᠣ ᠬᠦᠴᠦᠳᠠᠢ ᠲᠦᠯᠢᠬᠦ ᠪᠤᠶᠤ ᠬᠡᠳᠣ ᠢᠳᠡᠰᠢᠯᠡᠬᠦ ᠡᠴᠡ ᠪᠤᠯᠵᠤ ᠬᠡᠪᠡᠯᠢ ᠶ᠋ᠢᠨ ᠲᠤᠳᠣᠭᠠᠳᠣ ᠲᠠᠷᠣᠴᠠ ᠶᠡᠬᠡᠰᠴᠣ ᠬᠡᠪᠡᠯᠢ ᠶ᠋ᠢᠨ ᠬᠦᠨᠳᠠᠢ ᠳ᠋ᠡᠬᠢ ᠪᠤᠳᠠᠰ ᠤᠳ ᠨᠢ ᠬᠢᠯᠪᠠᠷᠬᠠᠨ ᠬᠦᠢᠰᠣᠨ ᠬᠤᠩᠬᠤᠷ ᠢᠶ᠋ᠡᠷ ᠲᠠᠮᠵᠢᠨ ᠠᠷᠠᠰᠣᠨ ᠲᠤᠤᠷ᠎ᠠ ᠣᠷᠣᠵᠣ ᠂ ᠢᠪᠡᠷᠬᠡᠢ ᠪᠤᠯᠵᠤ ᠪᠦᠷᠢᠯᠳᠣᠳᠡᠭ ᠃
② ᠬᠦᠢᠰᠣ ᠲᠠᠰᠣᠯᠬᠣ ᠳ᠋ᠠᠭᠠᠨ ᠪᠠᠺᠲ᠋ᠸᠷᠢ ᠬᠠᠯᠳᠠᠪᠤᠷᠢᠯᠠᠭᠰᠠᠨ ᠡᠴᠡ ᠢᠳᠡᠬᠡᠯᠡᠳᠡᠭ ᠂ ᠵᠠᠷᠢᠮ ᠬᠡᠰᠡᠭ ᠨᠢ ᠢᠳᠡᠬᠡᠯᠡᠬᠦ ᠦᠶ᠎ᠡ ᠳᠤ ᠬᠦᠢᠰᠣᠨ ᠬᠤᠩᠬᠤᠷ ᠨᠢ ᠲᠡᠯᠡᠭᠳᠣᠨ ᠪᠦᠷᠢᠮᠣᠰᠣᠨ ᠪᠦᠷᠢᠯᠳᠣᠵᠣ ᠲᠡᠶᠢᠯᠬᠦ ᠦᠬᠡᠢ ᠡᠴᠡ ᠢᠪᠡᠷᠬᠡᠢ ᠪᠤᠯᠳᠠᠭ ᠃
⒉ ᠡᠪᠡᠣᠨᠴᠢᠨ ᠤ ᠢᠯᠡᠷᠡᠯ
ᠲᠤᠭᠤᠯ ᠤᠨ ᠬᠦᠢᠰᠣᠨ ᠢᠪᠡᠷᠬᠡᠢ ᠶ᠋ᠢᠨ ᠶᠡᠬᠡ ᠪᠠᠭ᠎ᠠ ᠨᠢ ᠨᠢᠳᠣᠷᠭᠠᠨ ᠴᠢᠨᠡᠬᠡ ᠪᠠᠶᠢᠳᠠᠭ ᠂ ᠵᠠᠷᠢᠮ ᠨᠢ ᠶᠡᠬᠡᠰᠴᠣ ᠪᠡᠭ᠎ᠠ ᠬᠡᠣᠬᠡᠣᠨ ᠤᠨ ᠲᠤᠯᠤᠭᠠᠢ ᠶ᠋ᠢᠨ ᠴᠢᠨᠠᠬᠡ ᠪᠤᠯᠳᠠᠭ ᠂ ᠣᠯᠠᠩᠬᠢ ᠳ᠋ᠠᠭᠠᠨ ᠬᠦᠢᠰᠣᠨ ᠤ ᠬᠡᠰᠡᠭ ᠳᠤ ᠪᠦᠮᠪᠦᠬᠡᠨ ᠬᠡᠯᠪᠡᠷᠢᠳᠠᠢ ᠬᠦᠳᠦᠶᠢᠭᠰᠡᠨ ᠪᠠᠶᠢᠳᠠᠭ ᠂ ᠲᠡᠮᠳᠡᠷᠢᠬᠦ ᠳᠦ ᠵᠦᠬᠡᠯᠡᠨ ᠂ ᠦᠷᠪᠢᠰᠣᠯ ᠤᠨ ᠢᠯᠡᠷᠡᠯ ᠨᠢ ᠲᠤᠳᠣ ᠦᠬᠡᠢ ᠂ ᠡᠪᠡᠣᠨᠴᠢᠨ ᠲᠠᠢ ᠲᠤᠭᠤᠯ ᠨᠢ ᠵᠠᠷᠢᠮ ᠦᠶᠡᠰ ᠵᠣᠭᠰᠣᠵᠣ ᠬᠡᠪᠳᠡᠬᠦ ᠪᠠᠶᠢᠳᠠᠯ ᠢᠶ᠋ᠡᠨ ᠬᠤᠪᠢᠷᠠᠭᠤᠯᠬᠤ ᠂ ᠢᠪᠡᠷᠬᠡᠢ ᠳ᠋ᠡᠬᠢ ᠪᠤᠳᠠᠰ ᠨᠢ ᠬᠡᠪᠡᠯᠢ ᠶ᠋ᠢᠨ ᠬᠦᠨᠳᠠᠢ ᠳ᠋ᠡᠬᠡᠨ ᠪᠤᠴᠠᠳᠠᠭ ᠂ ᠬᠡᠪᠡᠴᠣ ᠲᠡᠮᠳᠡᠷᠢᠬᠦ ᠳᠤ ᠢᠪᠡᠷᠬᠡᠢ ᠶ᠋ᠢᠨ ᠣᠷᠣᠮ ᠨᠢ ᠢᠯᠡᠷᠬᠡᠢ ᠪᠠᠶᠢᠳᠠᠭ ᠂ ᠬᠡᠪᠡᠯᠢ ᠶ᠋ᠢᠨ ᠬᠦᠨᠳᠠᠢ ᠶ᠋ᠢᠨ ᠳᠣᠳᠣᠷ᠎ᠠ ᠲᠠᠷᠣᠴᠠ ᠨᠢ ᠶᠡᠬᠡᠰᠬᠦ ᠳᠦ ᠢᠪᠠᠷᠬᠡᠢ ᠨᠢ ᠴᠤ ᠶᠡᠬᠡᠰᠳᠡᠭ ᠂ ᠴᠢᠩᠨᠠᠭᠤᠷ ᠢᠶ᠋ᠡᠷ ᠴᠢᠩᠨᠠᠬᠤ ᠳᠤ ᠢᠪᠡᠷᠬᠡᠢ ᠶ᠋ᠢᠨ ᠬᠡᠰᠡᠭ ᠲᠣ ᠬᠡᠳᠡᠰᠣᠨ ᠤ ᠬᠦᠷᠪᠡᠯᠵᠢᠡ ᠬᠦᠳᠡᠯᠬᠦ ᠲᠠᠭᠤ ᠰᠣᠨᠣᠰᠳᠠᠨ᠎ᠠ ᠃ ᠶᠡᠷᠣᠳᠡ ᠶ᠋ᠢᠨ ᠪᠠᠶᠢᠳᠠᠯ ᠳᠦ ᠡᠪᠡᠣᠨᠴᠢᠨ ᠲᠠᠢ ᠲᠤᠭᠤᠯ ᠳᠤ ᠪᠦᠬᠦ ᠪᠡᠶ᠎ᠡ ᠶ᠋ᠢᠨ ᠡᠪᠡᠣᠨᠴᠢᠨ ᠤ ᠢᠯᠡᠷᠡᠯ ᠦᠬᠡᠢ ᠃
⒊ ᠡᠮᠨᠡᠨ ᠵᠠᠰᠠᠬᠤ ᠠᠷᠭ᠎ᠠ
⑴ ᠲᠦᠮᠦᠭ ᠵᠠᠰᠠᠯ ︵ 保守疗法 ︶
ᠢᠪᠡᠷᠬᠡᠢ ᠶ᠋ᠢᠨ ᠨᠦᠬᠡ ᠨᠢ ᠪᠠᠭ᠎ᠠ ᠂ ᠢᠪᠡᠷᠬᠡᠢ ᠰᠠᠶᠢ ᠡᠬᠢᠯᠡᠵᠣ ᠪᠦᠷᠢᠯᠳᠣᠵᠣ ᠪᠠᠶᠢᠭ᠎ᠠ ᠦᠶ᠎ᠡ ᠳᠤ ᠬᠦᠢᠰᠣᠨ ᠤ ᠬᠡᠰᠡᠭ ᠢ ᠰᠡᠮᠳᠡᠰᠣᠨ ᠣᠷᠢᠶᠠᠯᠳᠠ ᠪᠡᠷ ᠲᠠᠷᠣᠵᠣ ᠣᠷᠢᠶᠠᠨ ᠂ ᠨᠢᠷᠣᠭᠣᠨ ᠤ ᠬᠡᠰᠡᠭ ᠲᠤ ᠪᠡᠬᠢᠯᠡᠨ ᠂ ᠢᠪᠡᠷᠬᠡᠢ ᠶ᠋ᠢᠨ ᠪᠤᠳᠠᠰ ᠢ ᠬᠡᠪᠡᠯᠢ ᠶ᠋ᠢᠨ ᠬᠦᠨᠳᠠᠢ ᠳ᠋ᠣ ᠪᠤᠴᠠᠭᠠᠨ ᠂ ᠬᠡᠪᠡᠯᠢ ᠶ᠋ᠢᠨ ᠲᠤᠳᠣᠭᠠᠳᠣ ᠲᠠᠷᠣᠴᠠ ᠶ᠋ᠢ ᠪᠠᠭᠠᠰᠬᠠᠬᠤ ᠶ᠋ᠢᠨ ᠲᠦᠯᠦᠬᠡ ᠢᠳᠡᠵᠣ ᠣᠣᠭᠣᠬᠣ ᠶ᠋ᠢ ᠨᠢ ᠵᠣᠬᠢᠰᠳᠠᠢ ᠬᠢᠵᠠᠭᠠᠷᠯᠠᠨ᠎ᠠ ᠃ ᠡᠰᠡᠬᠦᠯ᠎ᠡ 95% ᠶ᠋ᠢᠨ ᠰᠫᠢᠷᠲ ᠶ᠋ᠢ ᠢᠪᠡᠷᠬᠡᠢ ᠶ᠋ᠢᠨ ᠣᠷᠣᠮ ᠤᠨ ᠣᠷᠴᠢᠮ ᠳᠤ ᠴᠢᠭ ᠬᠤᠪᠢᠶᠠᠨ ᠬᠠᠤᠨᠬᠤᠨᠠ ᠂ ᠴᠢᠭ ᠪᠦᠷᠢ ᠳᠤ 3 5ml ᠰᠫᠢᠷᠲ ᠲᠠᠷᠢᠨ᠎ᠠ ᠃
⑵ ᠮᠠᠰᠠ ᠵᠠᠰᠠᠯ ᠤᠨ ᠠᠷᠭ᠎ᠠ
ᠢᠪᠡᠷᠬᠡᠢ ᠶ᠋ᠢᠨ ᠨᠦᠬᠡ ᠨᠢ ᠨᠡᠯᠢᠶᠡᠣᠨ ᠶᠡᠬᠡ ᠂ ᠢᠪᠡᠷᠬᠡᠢ ᠳ᠋ᠡᠬᠢ ᠪᠣᠳᠠᠰ ᠨᠢ ᠢᠪᠡᠷᠬᠡᠢ ᠶ᠋ᠢᠨ ᠣᠭᠣᠳᠠᠨᠴᠢᠷ ᠲᠠᠢ ᠨᠠᠭᠠᠯᠳᠣᠭᠰᠠᠨ ᠪᠠᠶᠢᠳᠠᠯ ᠲᠤᠤᠷ᠎ᠠ ᠂ ᠢᠪᠡᠷᠬᠡᠢ ᠶ᠋ᠢ ᠮᠠᠰᠠ ᠵᠠᠰᠠᠯ ᠤᠨ ᠠᠷᠭ᠎ᠠ ᠪᠡᠷ ᠵᠠᠰᠠᠨ᠎ᠠ ᠃
①ᠮᠠᠰᠠ ᠵᠠᠰᠠᠯ ᠤᠨ ᠡᠮᠣᠨᠡᠬᠢ ᠪᠡᠯᠡᠣᠨᠬᠡᠯ
Ⅰ ᠮᠠᠰᠠ ᠵᠠᠰᠠᠯ ᠡᠴᠡ ᠡᠮᠣᠨ᠎ᠡ 48 ᠴᠠᠭ ᠢᠳᠡᠰᠢᠯᠡᠬᠦᠯᠬᠦ ᠦᠬᠡᠢ ᠂ ᠵᠣᠬᠢᠬᠣ ᠬᠡᠮᠵᠢᠶᠡᠨ ᠤ ᠣᠰᠣ ᠣᠣᠭᠣᠯᠭᠠᠨᠠ ᠃
Ⅱ ᠪᠡᠬᠢᠯᠡᠬᠦ ᠡᠪᠡᠣᠨᠴᠢᠨ ᠲᠠᠢ ᠲᠣᠭᠣᠯ ᠢ ᠪᠠᠷᠠᠭᠤᠨ ᠲᠠᠯ᠎ᠠ ᠪᠡᠷ ᠨᠢ ᠬᠠᠭᠠᠰ ᠲᠠᠩᠭᠠᠶᠢᠯᠭᠠᠨ ᠬᠡᠪᠳᠡᠬᠦᠯᠵᠣ ᠪᠠᠬᠢᠯᠡᠨ᠎ᠡ ᠂ ᠡᠮᠣᠨ᠎ᠡ ᠬᠤᠶᠢᠨ᠎ᠠ ᠮᠦᠴᠢ ᠶ᠋ᠢ ᠨᠢ ᠲᠤᠰ ᠲᠤᠰ ᠲᠤᠨᠢ ᠮᠣᠳᠣᠨ ᠣᠶᠠᠭ᠎ᠠ ᠲᠡᠬᠡᠷ᠎ᠡ ᠡᠷᠬᠦᠵᠣ ᠪᠡᠬᠢᠯᠡᠪᠡᠯ ᠬᠠᠮᠤᠭ ᠶᠡᠬᠡ ᠬᠡᠪᠴᠢᠶᠡᠨ ᠳᠤ ᠬᠡᠪᠡᠯᠢ ᠶ᠋ᠢᠨ ᠲᠤᠳᠣᠭᠠᠳᠣ ᠲᠠᠷᠣᠴᠠ ᠶ᠋ᠢ ᠪᠠᠭᠠᠰᠬᠠᠬᠤ ᠶ᠋ᠢᠨ ᠬᠠᠮᠳᠣ ᠢᠪᠡᠷᠬᠡᠢ ᠶ᠋ᠢᠨ ᠣᠭᠣᠳᠠᠨᠴᠢᠷ ᠢ ᠬᠦᠢᠴᠡᠣᠨ ᠢᠯᠡᠷᠡᠬᠦᠯᠣᠨᠡ ᠂ ᠲᠤᠯᠤᠭᠠᠢ ᠶ᠋ᠢᠨ ᠬᠡᠰᠡᠭ ᠢ ᠪᠠᠳᠣᠳᠠᠢ ᠪᠡᠬᠢᠯᠡᠵᠣ ᠂ ᠰᠡᠬᠦᠯ ᠢ ᠨᠢ ᠨᠢᠬᠡ ᠲᠠᠯ᠎ᠠ ᠳ᠋ᠣᠨᠢ ᠣᠶᠠᠨ᠎ᠠ ᠃
Ⅲ ᠮᠢᠨᠴᠣᠬᠦᠷᠡᠬᠦᠯᠬᠦ
ᠰᠦ᠋ ᠮᠢᠶᠠᠨ ᠰᠢᠨ ︵ 速眠新 ︶ ᠤ ᠲᠠᠷᠢᠯᠭ᠎ᠠ ᠶ᠋ᠢᠨ ᠰᠢᠩᠬᠡᠨ ᠢ 100kg ᠪᠡᠶ᠎ᠡ ᠶ᠋ᠢᠨ ᠬᠦᠨᠳᠣ ᠶ᠋ᠢᠨ ᠺᠢᠯᠣᠭᠷᠠᠮ ᠪᠦᠷᠢ ᠳᠦ 1ml ᠤᠨ ᠪᠠᠷᠢᠮᠵᠢᠶ᠎ᠠ ᠪᠡᠷ ᠪᠤᠯᠴᠢᠩ ᠳᠦ ᠲᠠᠷᠢᠵᠤ ᠪᠦᠬᠦ ᠪᠡᠶ᠎ᠡ ᠶ᠋ᠢᠨ ᠮᠢᠨᠴᠦᠬᠦᠷᠡᠬᠦᠯᠦᠯᠳᠡ ᠬᠢᠨ᠎ᠡ ᠂ ᠡᠬᠦᠨ ᠤ ᠬᠠᠮᠳᠣ ᠢᠪᠡᠷᠬᠡᠢ ᠶ᠋ᠢᠨ ᠣᠭᠣᠳᠠᠨᠴᠢᠷ ᠲᠡᠬᠡᠷᠡᠬᠢ ᠣᠭᠳᠣᠯᠬᠣ ᠬᠡᠵᠣ ᠪᠠᠶᠢᠭ᠎ᠠ ᠬᠡᠰᠡᠭ ᠲᠤ 0.5% ᠶ᠋ᠢᠨ ᠲᠠᠪᠤᠰᠣᠨ ᠬᠦᠴᠢᠯ ᠤᠨ ᠫᠷᠣᠺᠠᠶᠢᠨ ᠢ ᠲᠠᠷᠢᠵᠣ ᠮᠢᠨᠴᠣᠬᠦᠷᠡᠬᠦᠯᠣᠨᠡ ᠃
② ᠮᠠᠰᠠ ᠵᠠᠰᠠᠯ ᠤᠨ ᠶᠠᠪᠤᠴᠠ
ᠢᠪᠡᠷᠬᠡᠢ ᠶ᠋ᠢᠨ ᠣᠭᠣᠳᠠᠨᠴᠢᠷ ᠤᠨ ᠭᠤᠤᠯ ᠱᠣᠭᠣᠮ ᠤᠨ ᠲᠡᠬᠡᠷ᠎ᠡ ᠲᠠᠯ᠎ᠠ ᠨᠢ ᠠᠷᠠᠰᠣᠨ ᠤ ᠣᠭᠣᠳᠠᠨᠴᠢᠷ ᠲᠡᠬᠡᠷᠡᠬᠢ ᠬᠦᠢᠰᠣᠨ ᠬᠤᠩᠬᠤᠷ ᠡᠴᠡ 2cm ᠬᠢᠷᠢ ᠵᠠᠶᠢᠳᠠᠢ ᠪᠠᠶᠢᠳᠠᠭ ᠃ ᠬᠡᠪᠡᠯᠢ ᠶ᠋ᠢᠨ ᠴᠠᠭᠠᠨ ᠱᠣᠭᠣᠮ ᠤᠨ ᠠᠳᠣᠷᠢᠶ᠎ᠠ ᠲᠠᠢ ᠵᠡᠷᠬᠡᠴᠡᠬᠡ ᠪᠡᠷ ᠠᠷᠠᠰᠣᠨ ᠣᠭᠣᠳᠠᠨᠴᠢᠷ ᠢ ᠣᠭᠳᠣᠯᠣᠨᠠ ᠂ ᠴᠢᠰᠣ ᠵᠤᠭᠰᠣᠭᠠᠬᠤ ᠠᠵᠢᠯ ᠤᠨ ᠲᠠᠷᠠᠭ᠎ᠠ ᠬᠤᠶᠠᠷ ᠴᠢᠰᠣ ᠵᠤᠭᠰᠣᠭᠠᠬᠤ ᠵᠠᠭᠤᠳᠠᠭ ᠢᠶ᠋ᠡᠷ ᠠᠷᠠᠰᠣ ᠶ᠋ᠢ ᠬᠠᠪᠴᠢᠵᠣ ᠲᠡᠳᠡᠪᠡᠯ ᠂ ᠲᠤᠤᠷ᠎ᠡ ᠨᠢ ᠨᠢᠬᠡ ᠲᠠᠪᠬᠤᠷᠭ᠎ᠠ ᠪᠡᠬᠢ ᠬᠠᠳᠠᠭᠤ ᠰᠢᠷᠬᠢᠭᠯᠢᠭ ᠣᠭᠣᠳᠠᠨᠴᠢᠷ ᠢᠯᠡᠷᠡᠨ᠎ᠡ ᠂ ᠣᠷᠢᠳᠠᠪᠡᠷ ᠮᠣᠷᠣᠢ ᠬᠠᠶᠢᠴᠢ ᠪᠡᠷ ᠰᠢᠷᠬᠡᠭᠯᠢᠭ ᠣᠭᠣᠳᠠᠨᠴᠢᠷ ︵ 纤维囊 ︶ ᠢ ᠨᠢᠬᠡ ᠵᠢᠵᠢᠭ ᠨᠦᠬᠡ ᠬᠠᠶᠢᠴᠢᠯᠠᠵᠤ ᠬᠤᠷᠣᠭᠣ ᠪᠡᠨ ᠣᠷᠣᠭᠣᠯᠵᠣ ᠂ ᠢᠪᠡᠷᠬᠡᠢ ᠳ᠋ᠡᠬᠢ ᠪᠣᠳᠠᠰ ᠬᠢᠬᠡᠣᠨ ᠰᠢᠷᠬᠡᠭᠯᠢᠭ ᠣᠭᠣᠳᠠᠨᠴᠢᠷ ᠤᠨ ᠨᠠᠭᠠᠯᠳᠣᠭᠰᠠᠨ ᠪᠠᠶᠢᠳᠠᠯ ᠢ ᠣᠶᠢᠯᠠᠭᠠᠨ᠎ᠠ ᠂ ᠬᠡᠷᠪᠡ ᠨᠠᠭᠠᠯᠳᠣᠭᠰᠠᠨ ᠦᠬᠡᠢ ᠪᠤᠯ ᠰᠢᠷᠬᠡᠭᠯᠢᠭ ᠣᠭᠣᠳᠠᠨᠴᠢᠷ ᠢ ᠰᠢᠭᠤᠤᠨ ᠣᠭᠳᠣᠯᠣᠨᠠ ᠂ ᠬᠡᠷᠪᠡ ᠶᠡᠬᠡ ᠰᠠᠮᠠᠵᠠ ︵ 大网膜 ︶ ᠬᠢᠬᠡᠣᠨ ᠰᠢᠷᠬᠡᠭᠯᠢᠭ ᠣᠭᠣᠳᠠᠨᠴᠢᠷ ᠨᠠᠭᠠᠯᠳᠣᠭᠰᠠᠨ ᠪᠡᠶᠢᠪᠡᠯ ᠂ ᠣᠷᠢᠳᠠᠪᠡᠷ ᠨᠠᠭᠠᠯᠳᠣᠭᠰᠠᠨ ᠦᠬᠡᠢ ᠬᠡᠰᠡᠭ ᠲᠣᠨᠢ ᠣᠭᠳᠣᠯᠵᠣ ᠂ ᠨᠠᠭᠠᠯᠳᠣᠭᠰᠠᠨ ᠬᠡᠰᠡᠭ ᠢ ᠨᠢ ᠠᠭᠠᠵᠢᠮ ᠰᠠᠯᠭᠠᠵᠤ ᠂ ᠶᠡᠬᠡ ᠰᠠᠮᠠᠵᠠ ᠶ᠋ᠢ ᠨᠢ ᠬᠦᠢᠴᠡᠣᠨ ᠬᠦᠳᠡᠯᠬᠡᠬᠡᠨ ᠲᠠᠢ ᠴᠢᠯᠦᠬᠡᠳᠠᠢ ᠪᠤᠯᠭᠠᠪᠠᠯ ᠢᠪᠡᠷᠬᠡᠢ ᠶ᠋ᠢᠨ ᠲᠤᠭᠤᠷᠢᠨ ᠤ ᠦᠬᠡᠬᠦᠯᠢᠭ ᠵᠤᠵᠠᠭᠠᠨ ᠨᠡᠬᠡᠳᠡᠰᠣ ᠬᠢᠬᠡᠣᠨ ᠬᠡᠪᠡᠯᠢ ᠶ᠋ᠢᠨ ᠪᠦᠷᠬᠦᠬᠦᠯ ᠬᠠᠯᠢᠰᠣ ᠨᠢ ᠬᠠᠷᠠᠭᠳᠠᠨ᠎ᠠ ᠃ ᠨᠠᠭᠠᠯᠳᠣᠭᠰᠠᠨ ᠢ ᠨᠢ ᠬᠦᠢᠴᠡᠣᠨ ᠰᠠᠶᠢᠬᠠᠨ ᠰᠠᠯᠭᠠᠭᠰᠠᠨ ᠤ ᠰᠡᠬᠦᠯᠡᠷ ᠹᠢᠽᠢᠣᠯᠣᠬᠢ ᠶ᠋ᠢᠨ ᠲᠠᠪᠤᠰᠣᠨ ᠠᠭᠤᠰᠣᠮᠠᠯ ᠢᠶ᠋ᠡᠷ ᠣᠬᠢᠶᠠᠵᠣ ᠶᠡᠬᠡ ᠰᠠᠮᠠᠵᠠ ᠶ᠋ᠢ ᠨᠢ ᠬᠡᠪᠡᠯᠢ ᠶ᠋ᠢᠨ ᠬᠦᠨᠳᠠᠢ ᠳᠦ ᠪᠤᠴᠠᠭᠠᠵᠤ ᠢᠪᠡᠷᠬᠡᠢ ᠶ᠋ᠢᠨ ᠨᠦᠬᠡ ᠶ᠋ᠢ ᠨᠢᠬᠡ ᠦᠵᠦᠬᠦᠷ ᠡᠴᠡ ᠨᠢ ᠡᠬᠢᠯᠡᠨ ᠣᠶᠣᠨ᠎ᠠ ᠂ ᠣᠶᠣᠵᠣ ᠪᠠᠷᠠᠭᠰᠠᠨ ᠤ ᠲᠠᠷᠠᠭ᠎ᠠ ᠢᠪᠡᠷᠬᠡᠢ ᠶ᠋ᠢᠨ ᠲᠤᠭᠤᠷᠢᠨ ᠤ ᠦᠬᠡᠬᠦᠯᠢᠭ ᠵᠤᠵᠠᠭᠠᠨ ᠨᠡᠬᠡᠳᠡᠰᠣ ᠶ᠋ᠢ ᠮᠠᠰᠠ ᠵᠠᠰᠠᠯ ᠤᠨ ᠬᠢᠳᠣᠭ᠎ᠠ ᠪᠡᠷ ᠣᠭᠳᠣᠯᠵᠣ ᠬᠠᠶᠠᠨ᠎ᠠ ᠂ ᠹᠢᠽᠢᠣᠯᠣᠬᠢ ᠶ᠋ᠢᠨ ᠲᠠᠪᠤᠰᠣᠨ ᠠᠭᠤᠰᠣᠮᠠᠯ ᠢᠶ᠋ᠡᠷ ᠣᠬᠢᠶᠠᠨ ᠰᠢᠷᠬᠡᠭᠯᠢᠭ ᠣᠭᠣᠳᠠᠨᠴᠢᠷ ᠢ ᠨᠢ ᠣᠶᠠᠨ᠎ᠠ ᠂ ᠲᠠᠬᠢᠨ ᠹᠢᠽᠢᠣᠯᠣᠬᠢ ᠶ᠋ᠢᠨ ᠲᠠᠪᠤᠰᠣᠨ ᠠᠭᠤᠰᠣᠮᠠᠯ ᠢᠶ᠋ᠡᠷ ᠣᠬᠢᠶᠠᠵᠣ ᠠᠷᠠᠰᠣ ᠶᠢ ᠨᠢ ᠬᠤᠮᠢᠵᠤ ᠣᠶᠠᠭᠠᠣᠨ ᠢᠤᠳ᠋ ︵ 碘酊 ︶ ᠪᠡᠷ ᠠᠷᠢᠭᠤᠤᠨᠬᠠᠨᠠ ᠃
③ ᠮᠠᠰᠠ ᠵᠠᠰᠠᠯ ᠤᠨ ᠲᠠᠷᠠᠭᠠᠬᠢ ᠰᠣᠪᠢᠯᠠᠯᠳᠠ
Ⅰ ᠮᠠᠰᠠ ᠵᠠᠰᠠᠯ ᠤᠨ ᠲᠠᠷᠠᠭ᠎ᠠ ᠵᠠᠯᠭᠠᠭᠠᠣᠨ 7 ᠡᠳᠣᠷ ᠦᠷᠬᠡᠨ ᠠᠨᠲ᠋ᠢᠪᠢᠣᠲ᠋ᠢᠺ ︵ 广谱 抗生素 ︶ ᠲᠠᠷᠢᠨ᠎ᠠ ᠃
Ⅱ ᠮᠠᠰᠠ ᠵᠠᠰᠠᠯ ᠤᠨ ᠲᠠᠷᠠᠭᠠᠬᠢ ᠨᠢᠬᠡ ᠭᠠᠷᠠᠭ ᠲᠣ ᠢᠳᠡᠰᠢᠯᠡᠬᠦ ᠬᠡᠮᠵᠢᠶ᠎ᠡ ᠶ᠋ᠢ ᠨᠢ ᠬᠢᠵᠠᠭᠠᠷᠯᠠᠨ᠎ᠠ ᠂ 7 ᠡᠳᠣᠷ ᠤᠨ ᠲᠠᠷᠠᠭ᠎ᠠ ᠡᠴᠡ ᠠᠭᠠᠵᠢᠮ ᠢᠶ᠋ᠡᠷ ᠬᠡᠪ ᠤᠨ ᠪᠠᠶᠢᠳᠠᠯ ᠢ ᠰᠡᠷᠬᠦᠬᠡᠨ᠎ᠡ ᠂ ᠡᠪᠡᠣᠨᠴᠢᠨ ᠲᠠᠢ ᠮᠠᠯ ᠢ ᠨᠠᠮ ᠲᠤᠭᠳᠠᠭᠤᠨ ᠪᠠᠶᠢᠯᠭᠠᠵᠤ ᠂ ᠰᠢᠷᠣᠬᠦᠨ ᠬᠦᠳᠡᠯᠬᠡᠬᠡᠨ ᠬᠢᠬᠦ ᠶ᠋ᠢ ᠡᠷᠡᠰ ᠬᠤᠷᠢᠭᠯᠠᠨ᠎ᠠ ᠃
Ⅲ ᠮᠠᠰᠠ ᠵᠠᠰᠠᠯ ᠤᠨ ᠲᠠᠷᠠᠭᠠᠬᠢ 10 ᠡᠳᠣᠷ ᠲᠣ ᠭᠠᠳᠠᠷ ᠰᠢᠷᠬᠠᠨ ᠤ ᠣᠳᠠᠰᠣ ᠶ᠋ᠢ ᠲᠡᠬᠦᠨᠡ ᠃
Ⅳ ᠫᠸᠩ ᠰᠠᠷᠠᠪᠴᠢ ᠨᠢ ᠠᠷᠢᠭᠤᠨ ᠴᠡᠪᠡᠷ ᠱᠠᠯᠠ ᠶ᠋ᠢ ᠬᠠᠭᠤᠷᠠᠢ ᠲᠤᠬᠢᠯᠢᠭ ᠪᠠᠶᠢᠯᠭᠠᠵᠤ ᠂ ᠰᠢᠷᠬ᠎ᠠ ᠶ᠋ᠢᠨ ᠪᠠᠺᠲ᠋ᠸᠷᠢ ᠳ᠋ᠣ ᠬᠠᠯᠳᠠᠪᠤᠷᠢᠯᠠᠭᠳᠠᠬᠤ ᠡᠴᠡ ᠰᠡᠷᠬᠡᠶᠢᠯᠡᠨ᠎ᠡ ᠃
⒋ ᠳ᠋ᠦᠩᠨᠡᠯᠳᠡ
⑴ ᠬᠦᠢᠰᠣᠨ ᠤ ᠢᠪᠡᠷᠬᠡᠢ ᠶ᠋ᠢ ᠣᠨᠣᠰᠢᠯᠠᠬᠤ ᠳ᠋ᠣ ᠬᠦᠢᠰᠣᠨ ᠤ ᠬᠡᠰᠡᠭ ᠤᠨ ᠢᠳᠡᠬᠡᠳᠣ ᠬᠠᠪᠣᠳᠠᠷ ᠲᠠᠢ ᠢᠯᠭᠠᠨ ᠰᠠᠯᠭᠠᠨ᠎ᠠ ᠂ ᠢᠳᠡᠬᠡᠳᠣ ᠬᠠᠪᠤᠳᠠᠷ ᠤᠨ ᠬᠡᠰᠡᠭ ᠨᠢ ᠬᠡᠪᠡᠯᠢ ᠶ᠋ᠢᠨ ᠲᠠᠷᠣᠴᠠ ᠶ᠋ᠢᠨ ᠬᠤᠪᠢᠷᠠᠯᠳᠠ ᠶ᠋ᠢ ᠲᠠᠭᠠᠯᠳᠣᠨ ᠬᠤᠪᠢᠷᠠᠬᠤ ᠦᠬᠡᠢ ᠂ ᠲᠡᠮᠳᠡᠷᠢᠬᠦ ᠳ᠋ᠣ ᠬᠠᠳᠠᠭᠤᠯᠢᠭ ᠪᠦᠬᠡᠣᠨ ᠭᠦᠷᠪᠡᠯᠵᠡᠨ ᠬᠦᠳᠠᠯᠵᠣ ᠪᠠᠶᠢᠭ᠎ᠠ ᠰᠢᠭ᠋ ᠰᠡᠷᠡᠭᠳᠠᠯ ᠲᠠᠢ ᠂ ᠬᠡᠪᠡᠴᠣ ᠢᠪᠡᠷᠬᠡᠢ ᠶ᠋ᠢᠨ ᠨᠦᠬᠡ ᠨᠢ ᠲᠡᠮᠳᠡᠷᠢᠭᠳᠡᠬᠦ ᠦᠬᠡᠢ ᠂ ᠣᠨᠣᠰᠢᠯᠠᠯᠳᠠ
ᠬᠢᠬᠦ ᠶᠠᠪᠤᠴᠠ ᠳ᠋ᠣ ᠵᠡᠬᠦᠣ ᠪᠡᠷ ᠬᠠᠣᠨᠬᠣᠬᠣ ᠶ᠋ᠢ ᠡᠷᠡᠰ ᠴᠡᠬᠡᠷᠯᠡᠬᠦ ᠬᠡᠷᠡᠭᠳᠠᠢ ᠂ ᠬᠡᠷᠪᠡ ᠬᠡᠳᠡᠰᠣᠨ ᠪᠦᠷᠬᠦᠬᠦᠯ ᠢ ᠨᠢ ᠬᠠᠭᠠᠯᠪᠠᠯ ᠢᠪᠡᠷᠬᠡᠢ ᠳ᠋ᠡᠬᠢ ᠪᠤᠳᠠᠰ ᠬᠢᠬᠡᠣᠨ ᠰᠢᠷᠬᠡᠭᠯᠢᠭ ᠤᠨ ᠣᠭᠣᠳᠠᠨᠴᠢᠷ ᠨᠢ ᠬᠢᠯᠪᠡᠷᠬᠠᠨ ᠪᠠᠺᠲ᠋ᠸᠷᠢ ᠪᠣᠯᠣᠨ ᠪᠤᠰᠣᠣᠨ ᠪᠤᠳᠠᠰ ᠲᠣ ᠬᠠᠯᠳᠠᠪᠤᠷᠢᠯᠠᠭᠳᠠᠨ ᠬᠦᠢᠰᠣᠨ ᠢᠪᠡᠷᠬᠡᠢ ᠶ᠋ᠢᠨ ᠮᠠᠰᠠ ᠵᠠᠰᠠᠯ ᠤᠨ ᠡᠳᠡᠬᠡᠷᠡᠯᠳᠡ ᠶ᠋ᠢᠨ ᠨᠤᠷᠮ᠎ᠠ ᠶ᠋ᠢ ᠨᠦᠯᠦᠬᠡᠯᠡᠬᠦ ᠪᠦᠬᠡᠣᠨ ᠬᠦᠨᠳᠣ ᠨᠣᠴᠢᠳᠠᠢ ᠦᠶᠡᠰ ᠲᠣ ᠬᠡᠪᠡᠯᠢ ᠶ᠋ᠢᠨ ᠪᠦᠷᠬᠦᠬᠦᠯ ᠤᠨ ᠦᠷᠪᠢᠰᠣᠯ ᠪᠤᠯᠳᠠᠭ ᠃
⑵ ᠰᠠᠶᠢ ᠭᠠᠷᠣᠭᠰᠠᠨ ᠲᠤᠭᠤᠯ ᠤᠨ ᠬᠦᠢᠰᠣ ᠶ᠋ᠢ ᠣᠭᠳᠣᠯᠬᠤ ᠳ᠋ᠣ ᠬᠦᠢᠰᠣ ᠶ᠋ᠢ 10 # ᠶ᠋ᠢᠨ ᠣᠳᠠᠰᠣ ᠪᠡᠷ ᠪᠤᠭᠤᠨ᠎ᠠ ᠂ ᠬᠦᠢᠰᠣ ᠶ᠋ᠢ ᠬᠡᠳᠣᠷᠬᠡᠢ ᠲᠠᠳᠠᠵᠤ ᠪᠤᠯᠬᠤ ᠦᠬᠡᠢ ᠪᠦᠬᠡᠣᠨ ᠣᠭᠳᠣᠯᠬᠣ ᠳ᠋ᠣ ᠣᠷᠳᠣ ᠶ᠋ᠢᠨ ᠬᠡᠮᠵᠢᠶ᠎ᠡ ᠨᠢ ᠲᠤᠬᠢᠷᠠᠮᠵᠢᠳᠠᠢ ᠪᠠᠶᠢᠬᠤ ᠬᠡᠷᠡᠭᠳᠠᠢ ᠂ ᠣᠭᠳᠣᠯᠣᠭᠰᠠᠨ ᠤ ᠰᠡᠬᠦᠯᠡᠷ ᠂ ᠢᠣᠳ᠋ ᠢᠶᠠᠷ ᠠᠷᠢᠭᠤᠤᠨᠬᠠᠨᠠ ᠃
⑶ ᠮᠠᠰᠠ ᠵᠠᠰᠠᠯ ᠬᠢᠬᠦ ᠳ᠋ᠣ ᠵᠣᠬᠢᠰᠳᠠᠢ ᠪᠡᠬᠢᠯᠡᠬᠦ ᠠᠷᠭ᠎ᠠ ᠠᠪᠤᠨ᠎ᠠ ᠂ ᠬᠠᠭᠠᠰ ᠲᠠᠩᠭᠠᠶᠢᠯᠠᠭᠠᠨ ᠬᠡᠪᠳᠡᠬᠦᠯᠵᠣ ᠪᠡᠬᠢᠯᠡᠬᠦ ᠨᠢ ᠬᠠᠮᠤᠭ ᠲᠤᠬᠢᠷᠠᠮᠵᠢᠳᠠᠢ ᠃ ᠢᠩᠬᠢᠪᠡᠯ ᠮᠠᠰᠠ ᠵᠠᠰᠠᠯ ᠬᠢᠬᠦ ᠳ᠋ᠣ ᠲᠦᠬᠦᠮ ᠪᠦᠬᠡᠣᠨ ᠬᠡᠪᠡᠯᠢ ᠶ᠋ᠢᠨ ᠬᠦᠨᠳᠠᠢ ᠶ᠋ᠢᠨ ᠲᠣᠳᠣᠭᠠᠳᠣ ᠲᠠᠷᠣᠴᠠ ᠨᠢ ᠪᠠᠰᠠ ᠨᠡᠯᠢᠶᠡᠣᠨ ᠪᠠᠭ᠎ᠠ ᠪᠠᠶᠢᠳᠠᠭ ᠃
⑷ ᠮᠠᠰᠠ ᠵᠠᠰᠠᠯ ᠤᠨ ᠠᠮᠵᠢᠯᠳᠠ ᠣᠯᠬᠣ ᠡᠰᠡᠬᠦ ᠨᠢ ᠭᠤᠤᠯᠳᠠᠭᠤ ᠢᠪᠡᠷᠬᠡᠢ ᠶ᠋ᠢᠨ ᠨᠦᠬᠡ ᠶ᠋ᠢᠨ ᠬᠤᠶᠠᠷ ᠲᠠᠯ᠎ᠠ ᠶ᠋ᠢ ᠨᠢ ᠲᠠᠳᠠᠨ ᠨᠡᠶᠢᠯᠡᠬᠦᠯᠵᠣ ᠲᠡᠶᠢᠯᠬᠦ ᠡᠰᠡᠬᠦ ᠪᠤᠯᠤᠨ ᠮᠠᠰᠠ ᠵᠠᠰᠠᠯ ᠤᠨ ᠶᠠᠪᠤᠭᠳᠠᠬᠤ ᠣᠷᠴᠢᠨ ᠨᠢ ᠪᠠᠺᠲ᠋ᠸᠷᠢ ᠦᠬᠡᠢ ᠪᠠᠶᠢᠬᠤ ᠵᠡᠷᠬᠡ ᠡᠴᠡ ᠰᠢᠯᠳᠠᠭᠠᠯᠠᠭᠳᠠᠨ᠎ᠠ ᠃