-
31088
ᠳᠠᠯᠠᠢ ᠠᠪᠤᠷᠭᠤ ᠴᠠᠭᠠᠨᠵᠠᠭᠠᠨ ᠳᠠᠭᠠᠨ
2017-04-24 09:16
617
1
ᠤᠨ ᠤᠨ ᠤ ᠤᠯᠠᠷᠢᠯ ᠢᠶᠠᠷ
ᠤᠳᠤᠮ ᠵᠠᠯᠭᠠᠭᠰᠠᠨ ᠰᠠᠶᠢᠨ ᠪᠦᠬᠡ
ᠤᠯᠠᠮ ᠠᠴᠠ ᠤᠯᠠᠮ ᠰᠠᠶᠢᠬᠠᠨ ᠪᠠᠷᠢᠯᠳᠤᠭᠠᠨ ᠲᠠᠢ
ᠤᠷᠠᠨ ᠪᠠᠷᠢᠯᠳᠤᠭᠠᠨᠲᠦ ᠴᠠᠭᠠᠨᠵᠠᠭᠠᠨ
ᠤᠳᠠᠵᠤ ᠶᠡᠷᠤ ᠪᠠᠷᠢᠯᠳᠤᠳᠠᠭ ᠦᠭᠡᠢ
ᠤᠷ᠎ᠠ ᠳᠠᠮ ᠢᠶᠠᠨ ᠭᠠᠶᠢᠬᠠᠭᠤᠯᠳᠠᠭ
ᠤᠭᠰᠠᠷᠠᠭ᠎ᠠ ᠮᠡᠭᠡ ᠶᠢ ᠵᠠᠯᠭᠠᠭᠤᠯᠳᠠᠭ
ᠤᠤᠬᠠᠢ ᠠᠯᠳᠠᠭᠤᠯᠳᠠᠭ ᠴᠠᠭᠠᠨᠵᠠᠭᠠᠨ
ᠤᠭ ᠨᠤᠲᠤᠭ ᠢ ᠨᠢ ᠬᠡᠯᠡᠪᠡᠯ
ᠤᠷᠲᠤ ᠶᠢᠨ ᠳᠠᠭᠤᠤ ᠶᠢᠨ ᠤᠤᠭᠠᠯ ᠨᠤᠲᠤᠭ
ᠲᠠᠭᠱᠢᠨ ᠤᠷᠤᠨ
ᠴᠠᠭᠠᠨ ᠠᠳᠤᠭᠤᠨ ᠤ ᠦᠯᠦᠭᠡᠢ
ᠪᠠᠬᠠᠷᠤᠮ᠎ᠠ ᠰᠠᠶᠢᠬᠠᠨ ᠪᠠᠷᠠᠭᠤᠨ ᠦᠵᠦᠮᠦᠴᠢᠨ ᠦ ᠪᠡᠨ
ᠨᠠᠮ ᠤᠨ ᠬᠤᠷᠢᠶᠠᠨ ᠳᠤ ᠳᠠᠪᠤᠨ ᠵᠢᠯ ᠠᠵᠢᠯᠯᠠᠭᠰᠠᠨᠠ
ᠨᠠᠭᠠᠳᠤᠮ ᠪᠤᠯᠭᠠᠨ ᠢ ᠠᠩᠵᠢᠶᠠᠷᠠᠵᠤ
ᠪᠠᠬᠠᠳᠤᠨ ᠬᠦᠯᠢᠶᠡᠵᠤ ᠬᠠᠷᠠᠳᠠᠭ ᠨᠢ ᠲᠠ ᠪᠢᠯᠡ
ᠬᠦᠮᠦᠨ ᠦ ᠭᠠᠵᠠᠷ
ᠬᠦᠨᠳᠡᠯᠡᠨ ᠦ ᠨᠤᠲᠤᠭ ᠲᠤ
ᠬᠦᠷᠭᠡᠨ ᠪᠤᠯᠵᠤ ᠢᠷᠡᠭᠰᠡᠨ᠎ᠡ
ᠬᠦᠰᠡᠭᠡᠳ ᠬᠦᠰᠡᠭᠡᠳ ᠤᠯᠵᠤ ᠬᠠᠷᠠᠳᠠᠭ ᠦᠭᠡᠢ ᠨᠢ ᠲᠠ ᠪᠢᠯᠡ
ᠠᠪᠤᠷᠭᠤ ᠪᠤᠯᠤᠨ᠎ᠠ ᠭᠡᠳᠡᠭ
ᠠᠮᠠᠷ ᠦᠭᠡᠢ ᠶᠠᠪᠤᠳᠠᠯ ᠡ
ᠠᠬᠢᠭᠠᠳ ᠳᠠᠬᠢᠭᠠᠳ ᠳᠠᠯᠠᠢ ᠠᠪᠤᠷᠭᠤ ᠪᠤᠯᠤᠨ᠎ᠠ
ᠠᠪᠤ ᠶᠢᠨ ᠬᠦᠦ ᠶᠢᠨ ᠰᠢᠨᠳᠠᠰᠤ ᠡ
ᠠᠲᠠᠭ᠎ᠠ ᠶᠢ ᠬᠦᠳᠡᠯᠭᠡᠮᠡᠷ ᠰᠠᠶᠢᠬᠠᠨ ᠪᠠᠷᠢᠯᠳᠤᠳᠠᠭ
ᠠᠷᠭ᠎ᠠ ᠦᠭᠡᠢ ᠯᠠ ᠰᠠᠶᠢᠬᠠᠨ ᠪᠠᠷᠢᠯᠳᠤᠭᠠᠨ ᠲᠠᠢ
ᠠᠪᠤ ᠶᠢᠨ ᠬᠦᠦ ᠶᠢᠨ ᠠᠯᠳᠠᠷ ᠢ ᠲᠤᠷᠠᠳᠪᠠᠯ
ᠠᠬᠠᠮᠠᠳ ᠪᠦᠬᠡ ᠲᠡᠮᠦᠷᠪᠠᠭᠠᠲᠤᠷ ᠤᠨ ᠴᠠᠭᠠᠨᠵᠠᠭᠠᠨ
ᠠᠯᠳᠠᠨ ᠭᠠᠷᠤᠳᠢ ᠶᠢᠨ ᠳᠡᠪᠢᠯᠭᠡ ᠲᠠᠢ
ᠠᠵᠢᠨᠠᠢ ᠬᠦᠯᠦᠭ ᠦᠨ ᠨᠤᠲᠤᠭ ᠲᠠᠢ
ᠲᠤᠯᠭ᠎ᠠ ᠶᠢᠨ ᠭᠤᠷᠪᠠᠨ ᠴᠢᠯᠠᠭᠤ ᠰᠢᠭ
ᠲᠤᠯᠵᠤ ᠪᠤᠰᠤᠭᠰᠠᠨ ᠠᠬ᠎ᠠ ᠳᠡᠭᠦᠦ ᠭᠤᠷᠪᠠᠭᠤᠯᠠ
ᠭᠠᠯᠢᠨᠳᠢᠪᠢ ᠨᠢ ᠰᠠᠶᠢᠬᠠᠨ ᠪᠠᠷᠢᠯᠳᠤᠭᠠᠨ ᠲᠠᠢ
ᠭᠠᠯᠰᠠᠩᠷᠠᠰᠢ ᠨᠢ ᠠᠷᠰᠯᠠᠨ ᠴᠤᠯᠨ ᠲᠠᠢ
ᠴᠠᠭᠠᠨᠵᠠᠭᠠᠨ ᠨᠢ ᠳᠠᠯᠠᠢ ᠠᠪᠤᠷᠭᠤ
ᠴᠠᠰᠢ ᠪᠠᠨ ᠪᠠᠰᠠ ᠳᠠᠷᠬᠠᠨ ᠠᠪᠤᠷᠭᠤ
ᠡᠵᠡᠨ ᠬᠤᠷᠤᠭ᠎ᠠ ᠬᠤᠰᠢᠭᠣᠨᠠ
ᠡᠵᠡᠨ ᠴᠢᠩᠭᠢᠰ ᠦᠨ ᠰᠦᠷᠦᠭ ᠡᠴᠡ
ᠡᠩᠭᠡᠷ ᠶᠤ ᠪᠠᠨ ᠮᠢᠯᠢᠶᠠᠯᠭᠠᠭᠰᠠᠨ
ᠶᠢᠰᠤ ᠶᠢᠰᠤ ᠶᠢᠨ ᠪᠡᠯᠭᠡᠰᠢᠶᠡᠯ ᠲᠠᠢ
ᠡᠷᠡᠮᠡᠭ ᠴᠠᠭᠠᠭᠴᠢᠨ ᠭᠡᠬᠦᠦ ᠶᠢᠨ ᠤᠨᠠᠭ᠎ᠠ
2017.4.17 ᠤᠷᠤᠢ᠂ ᠴᠢᠩᠬᠢᠰ ᠬᠠᠭᠠᠨ ᠤ ᠵᠢᠭᠤᠯᠴᠢᠯᠠᠯ ᠤᠨ ᠭᠠᠵᠠᠷ ᠤᠨ ᠤᠷᠤᠨ
ᠨᠤᠲᠤᠭ ᠤᠨ ᠭᠠᠶᠢᠯᠢ ᠶᠢᠨ ᠪᠠᠭᠤᠳᠠᠯ ᠳᠤ᠂ ᠬᠠᠩᠬᠢᠨ ᠲᠤᠮᠳᠠᠲᠦ ᠰᠤᠷᠭᠠᠭᠤᠯᠢ ᠶᠢᠨ
ᠵᠤᠤ ᠸᠸ᠋ᠨ ᠰᠢᠤᠸᠠᠢ ᠠᠴᠠ
-
2017-04-24