 

ᠶᠡᠷᠦᠩᠭᠡᠢ ᠤᠨᠠᠯᠲᠠ ᠶᠢ 1.3 ᠲᠦᠮᠡᠡ ᠳ᠋ᠦᠩᠰᠢᠭᠤᠷ ᠵᠢᠩ ᠠᠴᠠ ᠳᠡᠭᠡᠭᠰᠢ ᠳᠤ ᠬᠦᠷᠭᠡᠨ᠎ᠠ

2019-12-23 16:15
  215
  0
ᠬᠦᠲᠡᠭᠡ ᠠᠵᠦ ᠠᠬᠤᠢ ᠬᠦᠲᠡᠭᠡ ᠲᠤᠰᠬᠤᠨ ᠤ ᠶᠠᠮᠤᠨ᠄ 2020 ᠤᠨ ᠤ ᠠᠮᠤ ᠪᠤᠲᠠᠭᠠ ᠤ ᠶᠡᠷᠦᠩᠭᠡᠢ ᠤᠨᠠᠯᠲᠠ ᠶᠢ 1.3 ᠲᠦᠮᠡᠡ ᠳ᠋ᠦᠩᠰᠢᠭᠤᠷ ᠵᠢᠩ ᠠᠴᠠ ᠳᠡᠭᠡᠭᠰᠢ ᠳᠤ ᠬᠦᠷᠭᠡᠨ᠎ᠠ

   ᠰᠢᠨᠬᠤᠸᠠ ᠬᠤᠷᠢᠶᠠᠠ ᠤ ᠪᠡᠭᠡᠵᠢᠩ ᠤᠨ 2 ᠰᠠᠷ᠎ᠠ ᠶᠢᠨ 22 ᠤᠨ ᠴᠠᠬᠢᠯᠭᠠᠠ ᠮᠡᠲᠡᠭᠡ ︵ᠰᠤᠷᠪᠤᠯᠵᠢᠯᠠᠭᠴᠢ ᠢᠤᠢ ᠸᠧᠠ ᠵᠢᠩ︶ ᠲᠦᠪ ᠤᠨ ᠬᠦᠲᠡᠭᠡ ᠲᠤᠰᠬᠤᠨ ᠤ ᠠᠵᠢᠯ ᠤᠨ ᠤᠲᠤᠷᠢᠳᠬᠤ ᠲᠤᠭᠤᠢᠢᠯᠠᠩ ᠤᠨ ᠠᠯᠪᠠᠠ ᠭᠡᠷ ᠤᠨ ᠡᠷᠬᠢᠯᠡᠭᠴᠢ᠂ ᠬᠦᠲᠡᠭᠡ ᠠᠵᠦ ᠠᠬᠤᠢ ᠬᠦᠲᠡᠭᠡ ᠲᠤᠰᠬᠤᠨ ᠤ ᠶᠠᠮᠤᠨ ᠤ ᠰᠠᠶᠢᠳ ᠬᠠᠠ ᠴᠠᠩ ᠹᠦ᠋ 22 ᠤᠨ ᠡᠲᠦᠷ᠂ 2020 ᠤᠨ ᠳᠤ ᠪᠦᠬᠦ ᠤᠯᠤᠰ ᠤᠨ ᠠᠮᠤ ᠪᠤᠲᠠᠭᠠᠠ ᠤ ᠲᠠᠷᠢᠮᠠᠯ ᠤᠨ ᠲᠠᠯᠠᠪᠠᠢ ᠶᠢ 14.2 ᠳ᠋ᠦᠩᠰᠢᠭᠤᠷ ᠮᠦ ᠠᠴᠠ ᠲᠡᠭᠡᠭᠰᠢ ᠪᠠᠶᠢᠯᠭᠠᠵᠦ᠂ ᠠᠮᠤ ᠪᠤᠲᠠᠭᠠᠠ ᠤ ᠶᠡᠷᠦᠩᠭᠡᠢ ᠤᠨᠠᠯᠲᠠ ᠶᠢ 1.3 ᠲᠦᠮᠡᠡ ᠳ᠋ᠦᠩᠰᠢᠭᠤᠷ ᠵᠢᠩ ᠠᠴᠠ ᠲᠡᠭᠡᠭᠰᠢ ᠪᠠᠶᠢᠯᠭᠠᠬᠤ ᠶᠢ ᠪᠠᠲᠤᠯᠠᠨ᠎ᠠ ᠭᠡᠵᠦ ᠢᠯᠡᠳᠭᠡᠪᠡ᠃
   ᠬᠠᠠ ᠴᠠᠩ ᠹᠦ᠋ ᠲᠤᠰ ᠡᠲᠦᠷ ᠬᠤᠷᠠᠯᠲᠤᠭᠤᠯᠤᠭᠰᠠᠠ ᠪᠦᠬᠦ ᠤᠯᠤᠰ ᠤᠨ ᠬᠦᠲᠡᠭᠡ ᠠᠵᠦ ᠠᠬᠤᠢ ᠬᠦᠲᠡᠭᠡ ᠲᠤᠰᠬᠤᠨ ᠤ ᠲᠢᠩᠭᠢᠮ ᠲᠤᠪᠴᠢᠶᠠᠨ ᠤ ᠲᠠᠷᠤᠭ᠎ᠠ ᠨᠠᠷ ᠤᠨ ᠬᠤᠷᠠᠯ ᠲᠡᠭᠡᠷ᠎ᠠ᠂ 2019 ᠤᠨ ᠳᠤ ᠠᠮᠤ ᠪᠤᠲᠠᠭᠠᠠ ᠤ ᠦᠢᠯᠡᠳᠪᠦᠷᠢᠯᠡᠯ ᠲᠡᠤᠬᠡ ᠶᠢᠨ ᠰᠢᠨ᠎ᠠ ᠲᠡᠮᠲᠡᠭᠯᠡᠯ ᠢ ᠡᠭᠦᠳᠴᠤ᠂ ᠤᠨᠠᠯᠲᠠ ᠨᠢ 13277 ᠳ᠋ᠦᠩᠰᠢᠭᠤᠷ ᠵᠢᠩ ᠳᠤ ᠬᠦᠷᠴᠤ᠂ 5 ᠵᠢᠯ ᠲᠠᠷᠠᠭᠠᠯᠠᠠ 1.3 ᠲᠦᠮᠡᠡ ᠳ᠋ᠦᠩᠰᠢᠭᠤᠷ ᠵᠢᠩ ᠢ ᠲᠤᠬᠳᠠᠭᠤᠨ ᠢᠶᠠᠷ ᠪᠠᠳᠤᠯᠠᠵᠤ᠂ ᠠᠮᠤ ᠪᠤᠲᠠᠭᠠᠠ ᠤ ᠦᠢᠯᠡᠳᠪᠦᠷᠢᠯᠡᠯ ︽ᠠᠷᠪᠠᠠ ᠵᠢᠷᠭᠤᠭᠠᠠ ᠵᠢᠯ ᠲᠠᠷᠠᠭᠠᠯᠠᠠ ᠡᠯᠪᠡᠭ ᠬᠤᠷᠢᠶᠠᠯᠲᠠ ᠤᠯᠬᠤ︾ ᠶᠢ ᠪᠡᠶᠡᠯᠡᠭᠦᠯᠵᠠᠢ ᠭᠡᠵᠦ ᠬᠡᠯᠡᠪᠡ᠃
   ᠲᠡᠷᠡ᠂ ᠡᠲᠡᠭᠡᠷ ᠵᠢᠯ ᠤᠳ ᠲᠤ ᠠᠮᠤ ᠪᠤᠲᠠᠭ᠎ᠠ ᠵᠢᠯ ᠲᠠᠷᠠᠭᠠᠯᠠᠠ ᠡᠯᠪᠡᠭ ᠬᠤᠷᠢᠶᠠᠯᠲᠠ ᠤᠯᠤᠭᠰᠠᠠ ᠪᠤᠯᠪᠠᠴᠤ ᠠᠮᠤ ᠪᠤᠲᠠᠭᠠᠠ ᠤ ᠦᠢᠯᠡᠳᠪᠦᠷᠢᠯᠡᠯ ᠤᠨ ᠴᠢᠲᠠᠪᠤᠷᠢ ᠪᠠᠰᠠ ᠬᠠᠷᠠᠬᠠᠠ ᠲᠤᠭᠲᠠᠭᠤᠨ ᠪᠤᠰᠤ ᠪᠠᠶᠢᠨ᠎ᠠ᠃ ᠭᠡᠰᠡᠭ ᠭᠠᠵᠠᠷ ᠤᠷᠤᠨ ᠤ ᠠᠮᠤ ᠪᠤᠲᠠᠭᠠᠠ ᠤ ᠦᠢᠯᠡᠳᠪᠦᠷᠢᠯᠡᠯ ᠰᠤᠯᠠᠷᠠᠵᠦ ᠪᠠᠶᠢᠭ᠎ᠠ ᠬᠠᠨᠲᠤᠰᠢ ᠢᠯᠡᠷᠡᠵᠤ᠂ ᠵᠠᠷᠢᠮ ᠭᠠᠵᠠᠷ ᠤᠨ ᠬᠢᠨ ᠴᠢᠨᠠᠬᠰᠢᠯᠠᠪᠠᠯ ᠠᠮᠤ ᠪᠤᠲᠠᠭᠠᠠ ᠤ ᠦᠢᠯᠡᠳᠪᠦᠷᠢᠯᠡᠯ ᠢ ᠪᠠᠭᠠᠰᠬᠠᠵᠦ᠂ ᠠᠮᠤ ᠪᠤᠲᠠᠭ᠎ᠠ ᠲᠠᠷᠢᠬᠤ ᠦᠷ᠎ᠠ ᠠᠰᠢᠭ ᠮᠠᠭᠤᠳᠠᠵᠤ ᠪᠠᠶᠢᠬᠤ ᠵᠡᠷᠭᠡ ᠠᠰᠠᠭᠤᠲᠠᠯ ᠤᠷᠤᠰᠢᠵᠦ ᠪᠠᠶᠢᠨ᠎ᠠ ᠭᠡᠵᠦ ᠰᠡᠷᠡᠮᠵᠢᠯᠡᠭᠦᠯᠦᠨ ᠬᠡᠯᠡᠪᠡ᠃
   ᠬᠠᠠ ᠴᠠᠩ ᠹᠦ᠋᠂ 2020 ᠤᠨ ᠤ ᠠᠮᠤ ᠪᠤᠲᠠᠭᠠᠠ ᠤ ᠦᠢᠯᠡᠳᠪᠦᠷᠢᠯᠡᠯ ᠤᠨ ᠠᠵᠢᠯ ᠨᠢ ᠲᠦᠷᠦ ᠶᠢᠨ ᠪᠤᠲᠤᠯᠭ᠎ᠠ ᠶᠢ ᠲᠤᠭᠲᠠᠪᠤᠷᠢᠵᠢᠭᠤᠯᠵᠦ ᠲᠠᠯᠠᠪᠠᠢ ᠶᠢ ᠲᠤᠭᠲᠠᠪᠤᠷᠢᠵᠢᠭᠤᠯᠵᠦ᠂ ᠠᠮᠤ ᠪᠤᠲᠠᠭᠠᠠ ᠤ ᠠᠮᠤᠷ ᠲᠦᠪᠰᠢᠨ ᠤ ᠲᠤᠬᠠᠢ ᠮᠤᠵᠢ ᠶᠢᠨ ᠲᠠᠷᠤᠭ᠎ᠠ ᠶᠢᠨ ᠬᠠᠷᠢᠭᠤᠴᠠᠯᠭ᠎ᠠ ᠶᠢᠨ ᠬᠢᠨᠠᠠ ᠰᠢᠯᠭᠠᠯᠲᠠ ᠶᠢ ᠴᠢᠩᠭᠠᠳᠬᠠᠵᠦ᠂ ᠠᠮᠤ ᠪᠤᠲᠠᠭᠠᠠ ᠤ ᠭᠤᠤᠯ ᠭᠠᠷᠤᠯᠳᠠ ᠶᠢᠨ ᠮᠤᠵᠢ ᠦᠢᠯᠡᠳᠪᠦᠷᠢᠯᠡᠯ ᠤᠨ ᠴᠢᠲᠠᠪᠤᠷᠢ ᠪᠠᠨ ᠴᠢᠷᠮᠠᠶᠢᠨ ᠲᠡᠭᠡᠭᠰᠢᠯᠡᠭᠦᠯᠵᠦ᠂ ᠠᠮᠤ ᠪᠤᠲᠠᠭᠠᠠ ᠤ ᠭᠤᠤᠯ ᠭᠠᠷᠤᠯᠳᠠ ᠶᠢᠨ ᠪᠤᠰᠤ ᠮᠤᠵᠢ ᠪᠠᠰᠠ ᠦᠪᠡᠷ ᠢ ᠪᠠᠨ ᠬᠠᠨᠭ᠍ᠭᠠᠬᠤ ᠲᠦᠪᠰᠢᠨ ᠢᠶᠠᠨ ᠲᠡᠭᠡᠭᠰᠢᠯᠡᠭᠦᠯᠵᠦ᠂ ᠡᠯ᠎ᠠ ᠮᠤᠵᠢ ᠶᠢᠨ ᠠᠮᠤ ᠪᠤᠲᠠᠭᠠᠠ ᠤ ᠲᠠᠷᠢᠮᠠᠯ ᠤᠨ ᠲᠠᠯᠠᠪᠠᠢ ᠪᠤᠯᠤᠨ ᠤᠨᠠᠯᠲᠠ ᠶᠢ ᠪᠦᠷ ᠦᠨᠲᠦᠰᠦᠨ ᠳᠡᠭᠡᠨ ᠲᠤᠭᠲᠠᠭᠤᠨ ᠪᠠᠶᠢᠯᠭᠠᠬᠤ ᠭᠡᠷᠡᠭᠲᠡᠢ᠃ ᠲᠤᠲᠤᠷᠭ᠎ᠠ ᠪᠤᠭᠤᠲᠠᠢ ᠶᠢᠨ ᠬᠠᠮᠤᠭ ᠤᠨ ᠲᠤᠤᠷ᠎ᠠ ᠬᠤᠲᠠᠯᠲᠤᠠ ᠠᠪᠬᠤ ᠦᠨ᠎ᠠ᠂ ᠲᠤᠲᠤᠷᠭ᠎ᠠ ᠶᠢᠨ ᠨᠦᠬᠦᠪᠦᠷᠢ ᠪᠤᠯᠤᠨ ᠡᠷᠲᠡᠨᠢ ᠰᠢᠰᠢ ᠰᠢᠷ᠎ᠠ ᠪᠤᠷᠴᠠᠭ ᠦᠢᠯᠡᠳᠪᠦᠷᠢᠯᠡᠭᠴᠢᠳ ᠲᠤ ᠨᠦᠬᠦᠪᠦᠷᠢ ᠦᠭᠬᠦ ᠵᠡᠷᠭᠡ ᠲᠦᠷᠦ ᠶᠢᠨ ᠪᠤᠲᠤᠯᠭ᠎ᠠ ᠶᠢ ᠰᠠᠶᠢᠲᠤᠷ ᠨᠠᠶᠢᠲᠠᠪᠤᠷᠢᠵᠢᠭᠤᠯᠵᠦ᠂ ᠠᠮᠤ ᠪᠤᠲᠠᠭᠠᠠ ᠤ ᠦᠢᠯᠡᠳᠪᠦᠷᠢᠯᠡᠯ ᠤᠨ ᠲᠤᠮᠤ ᠰᠢᠶᠠᠠ ᠢ ᠱᠠᠩᠨᠠᠠ ᠬᠦᠬᠢᠭᠦᠯᠬᠦ ᠡᠷᠴᠢᠮ ᠢᠶᠠᠨ ᠴᠢᠩᠭᠠᠷᠠᠭᠤᠯᠬᠤ ᠬᠡᠷᠡᠭᠲᠡᠢ᠃
   ᠡᠭᠦᠨ ᠤ ᠵᠡᠷᠭᠡ ᠪᠠᠷ᠂ ᠦᠨᠲᠦᠷ ᠪᠠᠷᠢᠮᠵᠢᠶᠠᠳᠦ ᠲᠠᠷᠢᠶᠠᠠ ᠭᠠᠵᠠᠷ ᠤᠨ ᠪᠦᠲᠦᠭᠡᠡ ᠪᠠᠶᠢᠭᠤᠯᠤᠯᠲᠠ ᠵᠢᠴᠢ ᠭᠠᠮᠰᠢᠭ ᠢ ᠰᠡᠷᠭᠡᠶᠢᠯᠡᠵᠦ ᠭᠠᠮᠰᠢᠭ ᠢ ᠪᠠᠭᠠᠰᠬᠠᠬᠤ ᠠᠵᠢᠯ ᠢ ᠴᠢᠩᠭᠠᠳᠬᠠᠠ᠂ 8000 ᠲᠦᠮᠡᠡ ᠮᠦ ᠦᠨᠲᠦᠷ ᠪᠠᠷᠢᠮᠵᠢᠶᠠᠳᠦ ᠲᠠᠷᠢᠶᠠᠠ ᠭᠠᠵᠠᠷ ᠪᠤᠯᠤᠨ 2000 ᠲᠦᠮᠡᠡ ᠮᠦ ᠦᠨᠲᠦᠷ ᠪᠦᠳᠦᠮᠵᠢᠳᠠᠢ ᠤᠰᠤ ᠠᠷᠪᠢᠯᠠᠬᠤ ᠤᠰᠤᠯᠠᠯᠲᠠ ᠶᠢᠨ ᠪᠠᠷᠢᠯᠭ᠎ᠠ ᠶᠢ ᠪᠦᠲᠦᠭᠡᠡ ᠪᠠᠶᠢᠭᠤᠯᠬᠤ ᠡᠬᠦᠷᠭᠡ ᠶᠢ ᠪᠡᠶᠡᠯᠡᠭᠦᠯᠬᠦ ᠬᠡᠷᠡᠭᠲᠡᠢ ᠭᠡᠵᠦ ᠢᠯᠡᠳᠭᠡᠪᠡ᠃
   ᠬᠠᠠ ᠴᠠᠩ ᠹᠦ᠋᠂ ᠦᠷᠬᠦᠯᠵᠢᠯᠡᠡ ᠪᠦᠲᠦᠴᠡ ᠶᠢ ᠰᠢᠯᠢᠲᠡᠭᠵᠢᠭᠦᠯᠤᠨ ᠲᠤᠬᠢᠷᠠᠭᠤᠯᠬᠤ ᠬᠡᠷᠡᠭᠲᠡᠢ᠃ ᠭᠠᠭ᠋ᠠᠢ ᠲᠡᠵᠢᠭᠡᠬᠦ ᠦᠢᠯᠡᠰ ᠤᠨ ᠰᠡᠷᠭᠦᠯᠲᠡ ᠪᠤᠯᠤᠨ ᠤᠲᠤ ᠦᠶ᠎ᠠ ᠶᠢᠨ ᠮᠠᠯ ᠠᠵᠦ ᠠᠬᠤᠢ ᠶᠢᠨ ᠬᠦᠭᠵᠢᠯᠲᠠ ᠶᠢ ᠲᠠᠭᠠᠯᠲᠤᠨ᠂ ᠡᠷᠲᠡᠨᠢ ᠰᠢᠰᠢ ᠶᠢᠨ ᠬᠠᠩᠭᠠᠯᠭ᠎ᠠ ᠬᠡᠷᠡᠭᠴᠡᠭᠡᠨ ᠤ ᠪᠠᠶᠢᠲᠠᠯ ᠴᠢᠨᠠᠭᠰᠢᠲᠠ ᠪᠠᠴᠢᠮ ᠪᠤᠯᠬᠤ ᠬᠠᠨᠲᠤᠰᠢ ᠲᠠᠢ ᠪᠠᠶᠢᠨ᠎ᠠ᠂ ᠡᠷᠳᠡᠨᠢ ᠰᠢᠰᠢ ᠶᠢᠨ ᠪᠦᠳᠦᠴᠡ ᠶᠢ ᠲᠤᠬᠢᠷᠠᠭᠤᠯᠬᠤ ᠭᠤᠤᠯᠳᠠᠯᠭ᠎ᠠ ᠲᠠᠢ ᠤᠷᠤᠨ ᠤ ᠲᠤᠬᠢᠷᠠᠭᠤᠯᠤᠯᠲᠠ ᠶᠢᠨ ᠦᠷ᠎ᠡ ᠪᠦᠳᠦᠭᠡᠯ ᠢ ᠪᠠᠬᠢᠵᠢᠭᠦᠯᠵᠦ᠂ ᠤᠮᠠᠷᠠᠲᠦ ᠤᠷᠤᠠ ᠤ ᠲᠠᠷᠢᠶᠠᠯᠠᠩ ᠮᠠᠯ ᠠᠵᠦ ᠠᠬᠤᠢ ᠶᠢᠨ ᠰᠤᠯᠪᠢᠴᠠᠯᠲᠤᠯ ᠤᠷᠤᠨ ᠢᠶᠠᠷ ᠭᠤᠤᠯᠲᠠᠯᠭ᠎ᠠ ᠪᠤᠯᠭᠠᠠ ᠠᠮᠤ ᠪᠤᠲᠠᠭᠠᠨ ᠤ ᠲᠠᠷᠢᠮᠠᠯ ᠢ ᠪᠤᠷᠲᠤᠭᠠᠨ ᠲᠠᠷᠢᠮᠠᠯ ᠪᠤᠯᠭᠠᠠ ᠦᠭᠡᠷᠡᠴᠢᠯᠡᠬᠦ ᠬᠡᠪᠴᠢᠶ᠎ᠠ ᠶᠢ ᠦᠷᠭᠡᠳᠭᠡᠵᠦ᠂ ᠲᠠᠪᠠᠭᠤᠯᠢᠬᠳᠦ ᠭᠠᠷᠤᠯᠳᠠ ᠶᠢᠨ ᠤᠷᠤᠨ ᠤ ᠡᠷᠲᠡᠨᠢ ᠰᠢᠰᠢ ᠶᠢᠨ ᠦᠢᠯᠡᠳᠪᠦᠷᠢᠯᠡᠯ ᠤᠨ ᠴᠢᠲᠠᠪᠤᠷᠢ ᠶᠢ ᠲᠡᠭᠡᠭᠰᠢᠯᠡᠭᠦᠯᠦᠨ᠂ ᠪᠦᠬᠦ ᠤᠯᠤᠰ ᠤᠨ ᠡᠷᠲᠡᠨᠢ ᠰᠢᠰᠢ ᠶᠢᠨ ᠲᠠᠯᠠᠪᠠᠢ ᠶᠢ ᠦᠨᠲᠦᠰᠦᠨ ᠳᠡᠭᠡᠨ ᠲᠤᠭᠲᠠᠭᠤᠨ ᠪᠠᠶᠢᠯᠭᠠᠬᠤ ᠶᠢ ᠪᠠᠲᠤᠯᠠᠨ᠎ᠠ᠃ ᠰᠢᠷ᠎ᠠ ᠪᠤᠷᠴᠠᠭ ᠤᠨ ᠲᠠᠷᠢᠮᠠᠯ ᠤᠨ ᠦᠢᠯᠡᠰ ᠢ ᠬᠦᠭᠵᠢᠭᠦᠯᠦᠨ ᠮᠠᠠᠲᠤᠭᠤᠯᠬᠤ ᠲᠦᠯᠦᠪᠯᠡᠭᠡ ᠶᠢ ᠦᠷᠬᠦᠯᠵᠢᠯᠡᠡ ᠭᠡᠷᠡᠭᠵᠢᠭᠦᠯᠵᠦ᠂ ᠴᠢᠨᠠᠷᠯᠢᠭ ᠲᠤᠰᠬᠠᠢ ᠬᠡᠷᠡᠭᠯᠡᠭᠡᠨ ᠤ ᠤᠰᠤᠨ ᠲᠤᠲᠤᠷᠭ᠎ᠠ᠂ ᠪᠤᠭᠤᠲᠠᠢ ᠶᠢ ᠢᠲᠡᠪᠬᠢᠲᠠᠢ ᠬᠦᠭᠵᠢᠭᠦᠯᠬᠦ ᠬᠡᠷᠡᠭᠲᠡᠢ ᠭᠡᠵᠦ ᠬᠡᠯᠡᠪᠡ᠃



  
     
     