 

 ᠬᠢᠮᠡᠯ ᠳᠠᠭᠠᠭᠤᠯᠢ ᠤᠳᠤ ᠪᠠᠷ ᠡᠵᠡᠮᠳᠡᠬᠦ ᠮᠠᠯ ᠤᠰᠤᠯᠠᠬᠤ ᠰᠢᠰᠲ᠋ᠧᠮ    

2018-06-21 14:37
  236
  0

    ᠦᠪᠦᠷ ᠮᠤᠩᠭᠤᠯ ᠤᠨ ᠤᠳᠤᠨ ᠮᠠᠯᠵᠢᠯ ᠬᠢᠵᠠᠭᠠᠷᠳᠤ ᠺᠤᠮᠫᠠᠨᠢ ᠪᠤᠯᠤᠨ ᠤᠷᠳᠤᠰ ᠬᠤᠳᠠ ᠶᠢᠨ ᠷᠦᠩ ᠲᠠᠢ ᠭᠤᠸᠠᠩ ᠹᠦ᠋ ᠰᠢᠨᠵᠢᠯᠡᠬᠦ ᠤᠬᠠᠭᠠᠨ ᠮᠡᠷᠬᠡᠵᠢᠯ ᠤᠨ ᠬᠢᠵᠠᠭᠠᠷᠳᠤ ᠺᠤᠮᠫᠠᠨᠢ᠂ ᠤᠷᠳᠤᠰ ᠬᠤᠳᠠ ᠶᠢᠨ ᠬᠡᠷᠡᠭᠯᠡᠬᠡᠨ ᠤ ᠮᠡᠷᠬᠡᠵᠢᠯ ᠤᠨ ᠳᠡᠬᠡᠳᠤ ᠰᠤᠷᠭᠠᠭᠤᠯᠢ ᠬᠠᠮᠳᠤᠷᠠᠨ ᠰᠤᠳᠤᠯᠤᠨ ᠨᠡᠭᠡᠭᠡᠭᠰᠡᠨ ᠭᠠᠷ ᠤᠳᠠᠰᠤᠨ ᠳᠤᠬᠢᠶ᠎ᠠ ᠪᠠ ᠰᠦᠯᠵᠢᠶ᠎ᠠ ᠦᠬᠡᠢ ᠭᠠᠵᠠᠷ ᠴᠤ ᠠᠯᠤᠰ ᠠᠴᠠ ᠡᠵᠡᠮᠳᠡᠨ ᠬᠤᠳᠳᠤᠭ ᠤᠨ ᠤᠰᠤ ᠪᠠᠨ ᠳᠠᠯᠪᠢᠵᠤ ᠳᠡᠶᠢᠯᠬᠦ ︽ᠳᠤᠬᠢᠭᠤᠷ ᠳᠤᠯᠤᠭᠠᠨ ᠤᠳᠤ ᠨᠡᠷᠡᠮᠵᠢᠳᠤ ᠬᠢᠮᠡᠯ ᠳᠠᠭᠠᠭᠤᠯᠢ ᠤᠳᠤ ᠪᠠᠷ ᠡᠵᠡᠮᠳᠡᠬᠦ ᠮᠠᠯ ᠤᠰᠤᠯᠠᠬᠤ ᠰᠢᠰᠲ᠋ᠧᠮ︾ 6 ᠰᠠᠷ᠎ᠠ ᠶᠢᠨ 15᠎ ᠤ ᠡᠳᠦᠷ ᠬᠠᠩᠬᠢᠨ ᠬᠤᠰᠢᠭᠤᠨ ᠤ ᠵᠢᠷᠭᠠᠯᠠᠩᠳᠤ ᠪᠠᠯᠭᠠᠰᠤ ᠶᠢᠨ ᠬᠡᠬᠡᠨᠵᠤᠤ ᠭᠠᠴᠠᠭ᠎ᠠ ᠶᠢᠨ ᠮᠠᠯᠴᠢᠨ ᠲᠠᠯᠠᠨᠳᠠᠢ ᠶᠢᠨ ᠬᠢᠨ ᠳᠤ ᠲᠤᠷᠰᠢᠨ ᠤᠭᠰᠠᠷᠠᠵᠤ ᠠᠰᠢᠠᠠᠯᠠᠯᠳᠠ ᠳᠤ ᠤᠷᠤᠪᠠ᠃
     ᠳᠤᠬᠢᠭᠤᠷ ᠳᠤᠯᠤᠭᠠᠨ ᠤᠳᠤ ᠨᠡᠷᠡᠮᠵᠢᠳᠤ ᠬᠢᠮᠡᠯ ᠳᠠᠭᠠᠭᠤᠯᠢ ᠤᠳᠤ ᠪᠠᠷ ᠡᠵᠡᠮᠳᠡᠬᠦ ᠮᠠᠯ ᠤᠰᠤᠯᠠᠬᠤ ᠰᠢᠰᠲ᠋ᠧᠮ ᠨᠢ ᠳᠤᠬᠢᠭᠤᠷ ᠳᠤᠯᠤᠭᠠᠨ ᠤᠳᠤ ᠨᠡᠷᠡᠮᠵᠢᠳᠦ ᠬᠢᠮᠡᠯ ᠳᠠᠭᠠᠭᠤᠯᠢ ᠤᠳᠤᠨ ᠤ ᠡᠵᠡᠮᠳᠡᠬᠦᠷ ᠪᠠ ᠨᠠᠷᠠᠨ ᠡᠨᠧᠷᠬᠢᠳᠦ ᠮᠤᠩᠭᠤᠯ ᠬᠡᠷ ᠢᠶᠠᠷ ᠪᠦᠷᠢᠯᠳᠦᠵᠡᠢ᠃ ᠲᠤᠬᠢᠭᠤᠷ ᠳᠤᠯᠤᠭᠠᠨ ᠤᠳᠤ ᠨᠡᠷᠡᠮᠵᠢᠳᠦ ᠬᠢᠮᠡᠯ ᠳᠠᠭᠠᠭᠤᠯᠢ ᠤᠳᠤᠨ ᠤ ᠡᠵᠡᠮᠳᠡᠬᠦᠷ ᠨᠢ ᠳᠤᠬᠢᠭᠤᠷ ᠳᠤᠯᠤᠭᠠᠨ ᠤᠳᠤ ᠨᠡᠷᠡᠮᠵᠢᠳᠦ ᠬᠢᠮᠡᠯ ᠳᠠᠭᠠᠭᠤᠯᠢ ᠤᠳᠤᠨ ᠳᠤ ᠯᠡ ᠪᠠᠶᠢᠳᠠᠭ ᠴᠠᠬᠢᠮ ᠮᠡᠳᠡᠬᠡᠯᠡᠯ ᠳᠠᠮᠵᠢᠭᠤᠯᠬᠤ ᠴᠢᠳᠠᠮᠵᠢ ᠶᠢ ᠠᠰᠢᠭᠯᠠᠵᠤ᠂ ᠭᠠᠷ ᠤᠳᠠᠰᠤᠨ ᠳᠤᠬᠢᠶ᠎ᠠ ᠪᠠ ᠰᠦᠯᠵᠢᠶ᠎ᠠ ᠦᠬᠡᠢ ᠭᠠᠵᠠᠷ ᠤᠨ ᠮᠠᠯ ᠤᠨ ᠬᠤᠳᠳᠤᠭ ᠢ ᠠᠯᠤᠰ ᠠᠴᠠ ᠡᠵᠡᠮᠳᠡᠨ ᠤᠰᠤ ᠬᠠᠩᠭᠠᠬᠤ ᠶᠢ ᠪᠡᠶᠡᠯᠡᠬᠦᠯᠦᠭᠰᠡᠨ ᠰᠢᠰᠲ᠋ᠧᠮ ᠪᠤᠯᠤᠨ᠎ᠠ᠃ ᠠᠵᠢᠯᠯᠠᠬᠤ ᠤᠭ ᠶᠤᠰᠤ ᠨᠢ ᠭᠡᠪᠡᠯ᠂ ᠳᠤᠰ ᠰᠢᠰᠲ᠋ᠧᠮ ᠤᠨ ᠬᠢᠮᠡᠯ ᠳᠠᠭᠠᠭᠤᠯᠢ ᠤᠳᠤᠨ ᠳᠤ ᠴᠠᠬᠢᠮ ᠮᠡᠳᠡᠭᠡ ᠳᠠᠮᠵᠢᠭᠤᠯᠬᠤ ᠬᠠᠶᠢᠷᠴᠠᠭ ᠢᠶᠠᠷ ᠳᠠᠮᠵᠢᠨ᠂ ᠳᠤᠬᠢᠭᠤᠷ ᠳᠤᠯᠤᠭᠠᠨ ᠤᠳᠤ ᠨᠡᠷᠡᠮᠵᠢᠳᠦ ᠬᠢᠮᠡᠯ ᠳᠠᠭᠠᠭᠤᠯᠢ ᠤᠳᠤᠨ ᠳᠤ ︿ᠤᠰᠤᠨ ᠬᠦᠬᠦᠷᠬᠡ ᠶᠢ ᠠᠵᠢᠯᠯᠠᠭᠤᠯᠬᠤ﹀ ᠪᠤᠶᠤ ︿ᠤᠰᠤᠨ ᠬᠦᠬᠦᠷᠬᠡ ᠶᠢ ᠠᠵᠢᠯᠯᠠᠭᠤᠯᠬᠤ ᠶᠢ ᠵᠤᠭᠰᠤᠭᠠᠬᠤ﹀ ᠲᠤᠬᠢᠶ᠎ᠠ ᠲᠠᠮᠵᠢᠭᠤᠯᠤᠨ᠎ᠠ᠂ ᠳᠠᠭᠠᠭᠤᠯᠢ ᠤᠳᠤ ᠨᠢ ᠡᠨᠡᠬᠦ ᠲᠤᠬᠢᠶ᠎ᠠ ᠶᠢ ᠮᠠᠯ ᠤᠰᠤᠯᠠᠬᠤ ᠶᠢ ᠡᠵᠡᠮᠳᠡᠬᠦ ᠰᠢᠰᠲ᠋ᠧᠮ ᠳᠤ ᠳᠠᠮᠵᠢᠭᠤᠯᠵᠤ᠂ ᠬᠤᠳᠳᠤᠭ ᠤᠨ ᠰᠢᠰᠲ᠋ᠧᠮ ᠢ ᠱᠠᠭᠠᠷᠳᠠᠯᠭ᠎ᠠ ᠶᠤᠰᠤᠭᠠᠷ ᠠᠵᠢᠯᠯᠠᠭᠤᠯᠴᠢᠬᠠᠨ᠎ᠠ᠃ ᠨᠠᠷᠠᠨ ᠡᠨᠧᠷᠬᠢᠳᠦ ᠮᠤᠩᠭᠤᠯ ᠬᠡᠷ ᠨᠢ ᠡᠳᠦᠷ ᠲᠤ 8 ᠭᠷᠠᠳᠦ᠋ᠰ ᠤᠨ ᠴᠠᠬᠢᠯᠭᠠᠨ ᠭᠠᠷᠭᠠᠵᠤ᠂ ᠡᠨᠡᠬᠦ ᠮᠠᠯ ᠤᠰᠤᠯᠠᠬᠤ ᠰᠢᠰᠲ᠋ᠧᠮ ᠢ ᠠᠵᠢᠯᠯᠠᠭᠤᠯᠬᠤ ᠳᠤ ᠴᠠᠬᠢᠯᠭᠠᠨ ᠬᠠᠩᠭᠠᠬᠤ ᠶᠢ ᠪᠠᠳᠤᠯᠠᠬᠤ ᠶᠢᠨ ᠵᠡᠷᠬᠡᠪᠡᠷ ᠮᠠᠯᠴᠢᠳ ᠤᠨ ᠬᠤᠨᠤᠵᠤ ᠬᠡᠪᠳᠡᠬᠦ ᠶᠢ ᠴᠤ ᠰᠢᠢᠳᠪᠦᠷᠢᠯᠡᠴᠢᠬᠡᠨ᠎ᠡ︾ ᠬᠡᠵᠦ ᠴᠢᠯᠠᠭᠤ ᠳᠠᠨᠢᠯᠴᠠᠭᠤᠯᠪᠠ᠃ ᠮᠡᠷᠬᠡᠵᠢᠯ ᠤᠨ ᠬᠦᠮᠦᠰ ᠤᠨ ᠵᠢᠯᠤᠭᠤᠳᠤᠯᠭ᠎ᠠ ᠪᠠᠷ ᠡᠨᠡᠬᠦ ᠮᠠᠯ ᠤᠰᠤᠯᠠᠬᠤ ᠰᠢᠰᠲ᠋ᠧᠮ ᠢᠶᠠᠨ ᠬᠡᠷᠬᠢᠨ ᠬᠡᠷᠡᠭᠯᠡᠬᠦ ᠶᠢ ᠠᠮᠵᠢᠭᠤᠯᠵᠤ ᠰᠤᠷᠤᠭᠰᠠᠨ ᠳᠠᠯᠠᠨᠳᠠᠢ᠄ ︽ᠪᠢᠳᠡ ᠮᠠᠯ ᠬᠠᠷ᠎ᠠ ᠵᠤᠵᠠᠭᠠᠠ ᠠᠶᠢᠯ ᠪᠤᠯᠬᠤᠷ ᠦᠩᠬᠡᠷᠡᠭᠰᠡᠨ ᠳᠤ ᠮᠠᠯ ᠤᠨᠤᠭ᠎ᠠ ᠪᠠᠨ ᠤᠰᠤᠯᠠᠬᠤ ᠬᠡᠵᠦ ᠬᠡᠷᠬᠡᠢ ᠲᠠᠢ ᠪᠠᠨ ᠬᠤᠶᠠᠭᠤᠯᠠ ᠡᠳᠦᠷ ᠤᠨ ᠬᠤᠶᠠᠷ ᠭᠤᠷᠪᠠᠨ ᠴᠠᠭ ᠢᠶᠠᠷ ᠬᠤᠳᠳᠤᠭ ᠠᠴᠠ ᠪᠠᠨ ᠰᠠᠭᠤᠯᠭ᠎ᠠ ᠪᠠᠷ ᠤᠰᠤ ᠳᠠᠳᠠᠵᠤ ᠤᠰᠤᠯᠠᠵᠤ ᠪᠠᠶᠢᠭᠰᠠᠨ᠂ ᠰᠡᠬᠦᠯᠡᠷ ᠨᠢ ᠴᠠᠬᠢᠯᠭᠠᠨ ᠬᠤᠳᠳᠤᠭ ᠵᠠᠷᠤᠭᠠᠳ 4 ᠵᠢᠯ ᠪᠤᠯᠴᠢᠬᠠᠯ᠎ᠠ᠃ ᠬᠡᠪᠡᠴᠦ ᠡᠳᠦᠷ ᠪᠤᠯᠭᠠᠨ ᠮᠠᠯ ᠢᠶᠠᠨ ᠤᠰᠤᠯᠠᠬᠤ ᠳᠤ ᠬᠤᠳᠳᠤᠭ ᠤᠨ ᠢᠶᠠᠨ ᠴᠠᠬᠢᠯᠭᠠᠨ ᠤ ᠨᠡᠬᠡᠬᠡᠯᠬᠡ ᠶᠢ ᠵᠠᠪᠠᠯ ᠬᠠᠵᠠᠭᠤ ᠳᠤᠨᠢ ᠤᠴᠢᠵᠤ ᠨᠡᠬᠡᠬᠡᠬᠦ ᠬᠡᠷᠡᠭᠳᠡᠢ ᠪᠤᠯᠬᠤᠷ ᠤᠳᠤᠷ ᠤᠨ ᠪᠠᠭᠤᠴᠠ ᠠᠴᠠ ᠪᠠᠨ ᠶᠡᠷᠦ ᠨᠢ ᠬᠦᠮᠦᠨ ᠰᠠᠯᠵᠤ ᠴᠢᠳᠠᠬᠤ ᠦᠬᠡᠢ ᠪᠠᠶᠢᠳᠠᠭ᠃ ᠦᠨᠦᠳᠦᠷ ᠤᠨ ᠤᠭᠰᠠᠷᠠᠭᠰᠠᠨ ᠡᠨᠡᠬᠦ ᠬᠢᠮᠡᠯ ᠳᠠᠭᠠᠭᠤᠯᠢ ᠤᠳᠤ ᠪᠠᠷ ᠡᠵᠡᠮᠳᠡᠬᠦ ᠮᠠᠯ ᠤᠰᠤᠯᠠᠬᠤ ᠰᠢᠰᠲ᠋ᠧᠮ ᠪᠠ ᠨᠠᠷᠠᠨ ᠡᠨᠧᠷᠬᠢᠳᠦ ᠮᠤᠩᠭᠤᠯ ᠬᠡᠷ ᠨᠢ ᠬᠡᠷ ᠤᠨ ᠢᠶᠠᠨ ᠬᠤᠶᠢᠮᠤᠷ ᠪᠤᠶᠤ ᠬᠡᠵᠢᠶ᠎ᠠ ᠬᠠᠮᠢᠭ᠎ᠠ ᠶᠠᠪᠤᠵᠤ ᠪᠠᠶᠢᠯ᠎ᠠ ᠴᠤ ᠬᠡᠰᠡᠨ ᠠᠯᠤᠰ ᠠᠴᠠ ᠮᠠᠯ ᠳᠠᠭᠠᠨ ᠤᠰᠤ ᠬᠠᠩᠭᠠᠵᠤ ᠲᠡᠶᠢᠯᠬᠦ ᠪᠤᠯᠤᠯ᠎ᠠ᠃ ᠰᠢᠨᠵᠢᠯᠡᠬᠦ ᠤᠬᠠᠭᠠᠨ ᠮᠡᠷᠬᠡᠵᠢᠯ ᠨᠢ ᠮᠠᠯᠴᠢᠳ ᠤᠨ ᠠᠮᠢᠳᠤᠷᠠᠯ ᠳᠤ ᠮᠠᠰᠢ ᠲᠦᠬᠦᠮ ᠦᠵᠡᠬᠦᠯᠳᠡᠭ ᠶᠤᠮ ᠪᠠᠶᠢᠨ᠎ᠠ︾ ᠬᠡᠵᠦ ᠪᠠᠶᠠᠷᠯᠠᠨ ᠶᠠᠷᠢᠨ᠎ᠠ᠃
     ᠬᠦᠪᠴᠢ ᠶᠢᠨ ᠡᠯᠡᠰᠦᠨ ᠳᠠᠬᠢ ᠮᠠᠯᠴᠢᠳ ᠤᠨ ᠤᠯᠠᠩᠬᠢ ᠨᠢ ᠤᠳᠤᠷ ᠤᠨ ᠪᠡᠯᠴᠢᠬᠡᠷ ᠲᠡᠭᠡᠨ ᠬᠡᠷ ᠪᠠᠶᠢᠰᠢᠩ ᠪᠠᠶᠢᠬᠤ ᠦᠬᠡᠢ᠂ ᠬᠤᠰᠢᠭᠤ ᠪᠠᠯᠭᠠᠰᠤ ᠪᠤᠶᠤ ᠰᠤᠮᠤᠨ ᠳᠤ ᠰᠠᠭᠤᠳᠠᠭ᠃ ᠲᠡᠭᠡᠬᠦᠯᠡᠷ ᠮᠠᠯᠴᠢᠳ ᠡᠳᠦᠷ ᠪᠤᠯᠭᠠᠨ ᠮᠠᠯ ᠢᠶᠠᠨ ᠤᠰᠤᠯᠠᠬᠤ ᠬᠡᠵᠦ ᠮᠠᠰᠢᠨ ᠳᠡᠷᠬᠡ ᠪᠤᠶᠤ ᠮᠤᠲ᠋ᠤᠷ ᠳᠠᠪᠬᠢᠭᠤᠯᠤᠨ ᠭᠡᠷ ᠠᠴᠠ ᠪᠠᠨ ᠲᠦᠴᠢ ᠳᠠᠪᠢᠨ ᠺᠢᠯᠤᠮᠧᠲᠷ ᠵᠠᠶᠢᠳᠠᠢ ᠤᠳᠤᠷ ᠤᠨ ᠪᠡᠯᠴᠢᠬᠡᠷ ᠲᠡᠭᠡᠨ ᠤᠴᠢᠳᠠᠭ ᠠᠴᠠ ᠳᠡᠳᠡᠨ ᠤ ᠮᠠᠯ ᠤᠰᠤᠯᠠᠬᠤ ᠵᠠᠷᠤᠳᠠᠯ ᠨᠢ ᠮᠠᠰᠢ ᠦᠨᠳᠦᠷ ᠪᠠᠶᠢᠳᠠᠭ᠃ ᠵᠠᠷᠢᠮ ᠠᠶᠢᠯ ᠤᠨ ᠬᠢᠨᠢ ᠭᠠᠭᠴᠠᠬᠦ ᠮᠠᠯ ᠤᠰᠤᠯᠠᠬᠤ ᠵᠢᠯ ᠤᠨ ᠵᠠᠷᠤᠯᠭ᠎ᠠ ᠨᠢ ᠬᠡᠳᠦᠨ ᠲᠦᠮᠡᠨ ᠲᠦᠬᠦᠷᠢᠭ ᠬᠦᠷᠳᠡᠭ᠃ ᠡᠨᠡᠬᠦ ᠳᠠᠭᠠᠭᠤᠯᠢ ᠤᠳᠤ ᠪᠠᠷ ᠡᠵᠡᠮᠳᠡᠬᠦ ᠮᠠᠯ ᠤᠰᠤᠯᠠᠬᠤ ᠰᠢᠰᠲ᠋ᠧᠮ ᠤᠨ ᠮᠡᠨᠳᠦᠯᠡᠭᠰᠡᠨ ᠨᠢ ᠮᠠᠯᠴᠢᠳ ᠤᠨ ᠮᠠᠯ ᠤᠰᠤᠯᠠᠬᠤ ᠵᠠᠷᠤᠳᠠᠯ ᠮᠦᠩᠬᠦ᠂ ᠬᠦᠳᠡᠯᠮᠦᠷᠢ ᠬᠦᠴᠦ ᠴᠠᠭ ᠢ ᠠᠷᠪᠢᠯᠠᠵᠤ᠂ ᠮᠠᠯᠴᠢᠳ ᠬᠢᠮᠡᠯ ᠳᠠᠭᠠᠭᠤᠯᠢ ᠤᠳᠤᠨ ᠤ ᠮᠡᠷᠬᠡᠵᠢᠯ ᠢ ᠠᠰᠢᠭᠯᠠᠵᠤ ᠮᠠᠯ ᠢᠶᠠᠨ ᠬᠠᠷᠢᠭᠤᠯᠵᠤ ᠮᠠᠯ ᠢᠶᠠᠨ ᠤᠰᠤᠯᠠᠵᠤ ᠴᠢᠳᠠᠬᠤ ᠪᠤᠯᠤᠮᠵᠢ ᠶᠢ ᠪᠦᠷᠢᠯᠳᠦᠬᠦᠯᠵᠦ᠂ ᠮᠠᠯᠴᠢᠳ ᠤᠨ ᠠᠮᠢᠳᠤᠷᠠᠯ ᠤᠨ ᠴᠢᠨᠠᠷ ᠴᠢᠨᠰᠠᠭ᠎ᠠ ᠶᠢ ᠳᠡᠬᠡᠭᠰᠢᠯᠡᠬᠦᠯᠬᠦ ᠳᠤ ᠦᠢᠯᠡᠳᠦᠯ ᠢᠶᠠᠨ ᠪᠠᠳᠠᠷᠠᠭᠤᠯᠵᠦ ᠡᠬᠢᠯᠡᠭᠰᠡᠨ ᠪᠠᠶᠢᠨ᠎ᠠ᠃   



  
     
     