 

ᠾᠦᠩᠨᠦ ᠭᠦᠷᠦᠨ ᠤ ᠬᠤᠢᠳᠦ ᠬᠢᠯᠢ

2018-09-23 11:12
  229
  0
     
ᠾᠦᠩᠨᠦ ᠭᠦᠷᠦᠨ ᠤ ᠬᠤᠢᠳᠦ ᠬᠢᠯᠢ     
              - ᠾᠦᠩᠨᠦ ᠡᠴᠡ ᠬᠤᠢᠭᠤᠷ ᠪᠤᠢ ᠲᠠᠪᠤᠨ ᠠᠢᠮᠠᠭ ᠤᠨ ᠵᠢᠱᠢᠶᠠᠨ ᠳᠡᠭᠡᠷ᠎ᠠ     
     
ᠲᠤᠪᠴᠢ ᠠᠭᠤᠯᠭ᠎ᠠ᠄ ᠮᠤᠳᠤᠭᠤ ᠨᠢ ᠱᠠᠨ ᠢᠥᠢ ᠶᠢᠨ ᠤᠷᠤ ᠳᠤ ᠰᠠᠭᠤᠭᠰᠠᠨ  ᠤ ᠳᠠᠷᠠᠭ᠎ᠠ᠂ ᠳ᠋ᠦᠩᠬᠤ ᠲᠠᠢ ᠬᠢᠭᠰᠡᠨ ᠳᠠᠢᠨ ᠨᠢ ᠶᠡᠬᠡ ᠾᠦᠩᠨᠦ ᠭᠦᠷᠦᠨ ᠢ ᠪᠠᠢᠭᠤᠯᠬᠤ ᠶᠢᠨ ᠡᠬᠢᠯᠡᠯ ᠪᠤᠯᠤᠭᠰᠠᠨ ᠪᠠᠢᠨ᠎ᠠ᠂ ᠾᠦᠩᠨᠦ ᠭᠦᠷᠦᠨ ᠵᠡᠬᠦᠨᠰᠢ ᠪᠡᠨ ᠬᠢᠩᠭᠠᠨ ᠠᠭᠤᠯᠨ ᠳᠠᠪᠠᠵᠤ᠂ ᠤᠷᠤᠭᠰᠢ ᠪᠠᠨ ᠴᠠᠭᠠᠨ ᠬᠡᠷᠡᠮ ᠲᠤᠯᠵᠤ᠂ ᠪᠠᠷᠠᠭᠤᠨᠰᠢ ᠪᠠᠨ ᠠᠯᠲᠠᠢ ᠠᠭᠤᠯᠨ ᠬᠦᠷᠦᠭᠰᠡᠨ ᠪᠠᠢᠳᠠᠭ᠂ ᠡᠨᠡ ᠦᠬᠦᠯᠡᠯ ᠳᠦ ᠬᠤᠢᠳᠦ ᠬᠢᠯᠢ ᠶᠢᠨ ᠭᠠᠵᠠᠷ ᠵᠦᠢ ᠶᠢᠨ ᠪᠠᠢᠷᠢᠰᠢᠯ ᠢ ᠲᠤᠳᠤᠷᠠᠭᠤᠯᠬᠤ ᠶᠢ ᠬᠢᠴᠢᠶᠠᠭᠰᠠᠨ ᠪᠤᠯᠤᠨ᠎ᠠ᠃     
ᠲᠦᠯᠬᠢᠬᠦᠷ ᠦᠬᠡ᠄ ᠾᠦᠨ ᠢᠥᠢ᠂ ᠴᠢᠥᠢ ᠱᠧ  ᠳ᠋ᠢᠩᠯᠢᠩ᠂ ᠭᠧ ᠺᠦᠨ᠂ ᠰᠢᠨ ᠯᠢ ᠶᠢᠨ ᠤᠯᠤᠰ     
     
ᠠᠭᠤᠯᠭ᠎ᠠ     
ᠰᠧ ᠮᠠ ᠴᠢᠶᠠᠨ ‍ᠣ  ᠲᠡᠥᠬᠡᠨ ᠰᠤᠷᠪᠤᠯᠵᠢ᠂ ᠾᠦᠩᠨᠦ ᠶᠢᠨ ᠱᠠᠰᠲᠢᠷ  ᠳᠤ᠂ ᠮᠤᠳᠤᠭᠤ ᠱᠠᠨ ᠢᠥᠢ ᠨᠢ ᠁ ᠳᠠᠷᠠᠭ᠎ᠠ ᠨᠢ ᠬᠤᠢᠰᠢ ᠪᠡᠨ ᠾᠦᠨ ᠢᠥᠢ᠂ ᠴᠢᠥᠢ   ᠳ᠋ᠢᠩᠯᠢᠩ᠂  ᠺᠦᠨ᠂ ᠰᠢᠨ ᠯᠢ ᠶᠢᠨ ᠤᠯᠤᠰ  ᠢ ᠨᠢᠬᠡᠳᠬᠡᠵᠤ ᠠᠪᠤᠭᠰᠠᠨ  1 ᠭᠡᠰᠡᠨ ᠲᠡᠮᠳᠡᠭᠯᠡᠯ ᠪᠤᠢ᠂ ᠡᠨᠳ᠋ᠨ ᠤᠯᠤᠰ ᠬᠡᠮᠡᠨ ᠲᠡᠮᠳᠡᠭᠯᠡᠭᠰᠡᠨ ᠪᠤᠯᠪᠠᠴᠤ᠂ ᠠᠢᠮᠠᠭ ᠪᠠᠢᠭᠰᠠᠨ ᠭᠡᠵᠤ ᠦᠵᠡᠳᠡᠭ᠃     
ᠰᠦᠩ ᠤᠯᠤᠰ ᠤᠨ ᠵᠠᠩ ᠱᠸᠤ ᠵᠢᠶᠧ ᠬᠡᠳᠡᠭ ᠬᠦᠮᠦᠨ ‍ᠣ ᠲᠠᠢᠯᠪᠤᠷᠢ ᠵᠡᠬᠦᠯᠳ᠋ᠨ ᠬᠠᠳᠠᠭᠰᠠᠨ  ᠲᠡᠥᠬᠡᠨ ᠲᠡᠮᠳᠡᠭᠯᠡᠯ ᠦᠨ ᠲᠦᠪ ᠤᠳᠬ᠎ᠠ  ᠳᠦ᠂  ᠡᠳᠡᠭᠡᠷ ᠲᠠᠪᠤᠨ ᠤᠯᠤᠰ ᠨᠢ ᠾᠦᠩᠨᠦ ᠡᠴᠡ ᠬᠤᠢᠭᠤᠷ ᠪᠤᠢ︾ ᠭᠡᠵᠡᠢ᠂ ᠰᠧ ᠮᠠ ᠴᠢᠶᠠᠨ ᠡᠴᠡ  ᠲᠡᠥᠬᠡᠨ ᠰᠤᠷᠪᠤᠯᠵᠢ᠂ ᠾᠦᠩᠨᠦ ᠶᠢᠨ ᠱᠠᠰᠲᠢᠷ  ᠳᠤ ᠪᠡᠨ  ᠁ ᠾᠦᠨ ᠢᠥᠢ᠂ ᠴᠢᠥᠢ ᠱᠧ  ᠳ᠋ᠢᠩᠯᠢᠩ᠂ ᠭᠧ ᠺᠦᠨ᠂ ᠰᠢᠨ ᠯᠢ ᠁ ᠭᠡᠵᠤ ᠳᠠᠷᠠᠭᠠᠢᠯᠠᠨ ᠲᠡᠮᠳᠡᠭᠯᠡᠭᠰᠡᠨ ᠨᠢ ᠾᠦᠩᠨᠦ ᠶᠢᠨ ᠬᠢᠯᠢ  ᠶᠢᠨ ᠪᠠᠷᠠᠭᠤᠨ ᠪᠤᠶᠤ ᠪᠠᠷᠠᠭᠤᠨ ᠬᠤᠢᠨ᠎ᠠ ᠠᠴᠠ ᠵᠡᠬᠦᠨᠰᠢᠯᠡᠬᠦ ᠴᠢᠭᠯᠡᠯ ᠢᠶᠡᠷ ᠾᠦᠩᠨᠦ ᠶᠢᠨ ᠬᠢᠯᠢ  ᠶᠢᠨ ᠵᠡᠬᠦᠨ ᠪᠤᠶᠤ ᠵᠡᠬᠦᠨ ᠬᠤᠢᠨ᠎ᠠ  ᠬᠦᠷᠲᠡᠯ᠎ᠠ ᠬᠡᠯᠡᠭᠳᠡᠭᠰᠡᠨ ᠬᠡᠮᠡᠨ ᠤᠢᠯᠠᠭᠠᠭᠳᠠᠵᠤ ᠪᠠᠢᠨ᠎ᠠ᠃     
1.ᠾᠦᠨ ᠢᠥᠢ 渾庾hún yǔ᠂ ᠪᠠᠰᠨ 浑窳 ᠭᠡᠵᠤ ᠲᠡᠮᠳᠡᠭᠯᠡᠳᠡᠭ᠂ ᠵᠢᠱᠢᠶᠡᠯᠡᠪᠡᠯ᠂ ᠲᠠᠩ ᠤᠯᠤᠰ ᠤᠨ ᠦᠶ᠎ᠡ ᠶᠢᠨ ᠰᠧ ᠮᠠ ᠵᠧᠨ ‍ᠣ ᠪᠢᠴᠢᠭᠰᠡᠨ  ᠲᠡᠥᠬᠡᠨ ᠲᠡᠮᠳᠡᠭᠯᠡᠯ ᠦᠨ ᠬᠠᠢᠯᠳ᠋ᠨ  ᠳᠦ᠂  ᠪᠠᠰᠨ ᠦᠬᠦᠯᠡᠬᠦ ᠨᠢ ᠾᠦᠩᠨᠦ ᠶᠢᠨ ᠬᠤᠢᠭᠤᠷ 浑窳 ᠤᠯᠤᠰ ᠪᠠᠢᠵᠠᠢ︾ ᠬᠡᠪᠠ᠂ ᠡᠨᠳ᠋ᠨ ᠡᠴᠡ ᠬᠠᠷᠠᠬᠤ ᠳᠤ᠂ ᠾᠦᠨ ᠢ ᠨᠢ ᠪᠠᠰᠨ 浑窳 ᠭᠡᠰᠡᠨ ᠨᠡᠷ᠎ᠠ ᠲᠠᠢ ᠪᠠᠢᠪᠠ᠂ ᠤᠳᠬ᠎ᠠ ᠲᠤᠳᠤᠷᠬᠠᠢ ᠦᠬᠡᠢ ᠭᠠᠯᠢᠭᠴᠢᠯᠠᠨ ᠪᠠᠭᠤᠯᠭᠠᠭᠰᠠᠨ ᠦᠬᠡ ᠭᠡᠵᠤ ᠪᠢᠳ᠋ᠨ ᠦᠵᠡᠵᠤ ᠪᠠᠢᠨ᠎ᠠ᠃ ᠡᠬᠦᠨ ᠡᠴᠡ ᠦᠬᠡᠷ᠎ᠠ᠂ ᠡᠨᠡ ᠠᠢᠮᠠᠭ ᠤᠨ ᠲᠤᠬᠠᠢ ᠲᠡᠥᠬᠡᠨ ᠰᠤᠷᠪᠤᠯᠵᠢ ᠳᠤ ᠲᠤᠳᠤᠷᠬᠠᠢ ᠮᠡᠳᠡᠭᠡ ᠠᠯᠠᠭ᠎ᠠ᠃     
2.ᠴᠢᠥᠢ ᠱᠧ屈射qū shè᠂  ᠲᠡᠥᠬᠡᠨ ᠲᠡᠮᠳᠡᠭᠯᠡᠯ ᠦᠨ ᠬᠠᠢᠯᠳ᠋ᠨ  ᠳᠦ᠂ ᠤᠯᠤᠰ ᠤᠨ ᠨᠡᠷ᠎ᠠ᠂ ᠱᠸᠢ ᠶᠢᠨ ᠲᠠᠭᠤᠳᠠᠯᠭ᠎ᠠ ᠨᠢ ᠢ᠂ ᠪᠠᠰᠨ ᠲᠠᠭᠤᠳᠠᠯᠭ᠎ᠠ ᠨᠢ ᠱᠢ ᠬᠡᠪᠡ᠂ ᠦᠬᠡᠷ᠎ᠠ ᠢᠶᠠᠷ ᠬᠡᠯᠡᠪᠡᠯ᠂ ᠴᠢᠥᠢ ᠱᠧ ᠬᠡᠳᠡᠭ ᠢ ᠪᠠᠰᠨ ᠴᠢᠥᠢ ᠢ ᠪᠤᠶᠤ ᠴᠢᠥᠢ ᠱᠢ ᠭᠡᠵᠤ ᠤᠩᠰᠢᠵᠤ ᠪᠤᠯᠤᠨ᠎ᠠ ᠭᠡᠰᠡᠨ ᠦᠬᠡ᠃ ᠬᠢᠲᠠᠳ ᠦᠰᠦᠭ ᠨᠢ ᠳᠦᠷᠰᠦᠲᠤ ᠦᠰᠦᠭ ᠡᠴᠡ ᠤᠯᠠᠷᠢᠴᠦ ᠢᠷᠡᠭᠰᠡᠨ ᠬᠡᠳᠡᠭ ᠢ ᠪᠢᠳ᠋ᠨ ᠮᠡᠳᠡᠳᠡᠭ᠂ ᠡᠨᠡ ᠬᠤᠶᠠᠷ ᠬᠢᠲᠠᠳ ᠦᠰᠦᠭ ᠦᠨ ᠳᠦᠷᠰᠦ᠂ ᠵᠢᠷᠤᠯᠭ᠎ᠠ ᠠᠴᠠ ᠡᠬᠦᠳᠦᠭᠰᠡᠨ ᠤᠳᠬ᠎ᠠ ᠰᠠᠨᠠᠭ᠎ᠠ ᠶᠢ ᠳᠡᠯᠬᠡᠷᠡᠭᠦᠯᠵᠦ ᠦᠵᠡᠪᠡᠯ᠂ ᠴᠠᠰᠦᠨ ᠳᠤ ᠭᠤᠯᠭᠤᠬᠤ ᠶᠢᠨ ᠳᠠᠭᠠᠤ᠂ ᠨᠤᠮᠤ ᠬᠠᠷᠪᠤᠭᠴᠢᠳ ᠭᠡᠰᠡᠨ ᠰᠠᠨᠠᠭ᠎ᠠ ᠶᠢ ᠭᠠᠷᠭᠠᠨ᠎ᠠ ᠭᠡᠵᠤ ᠪᠢᠳ᠋ᠨ ᠦᠵᠡᠵᠤ ᠪᠤᠢ᠂ ᠳᠤᠤᠷ᠎ᠠ ᠳᠦᠬᠦᠮ ᠲᠤᠳᠤᠷᠬᠠᠢᠯᠠᠪᠠᠯ᠂ ᠴᠢᠥᠢ屈ᠭᠡᠳᠡᠭ ᠬᠢᠲᠠᠳ ᠦᠰᠦᠭ ᠦᠨ ᠦᠨᠳᠦᠰᠦᠨ ᠤᠳᠬ᠎ᠠ ᠨᠢ ᠡᠪᠦᠳᠡᠭ ᠢᠶᠡᠨ ᠲᠠᠬᠢᠢᠯᠭᠠᠬᠤ ᠭᠡᠰᠡᠨ ᠤᠳᠬ᠎ᠠ ᠭᠠᠷᠭᠠᠨ᠎ᠠ᠂ ᠮᠦᠨ ᠡᠨᠡ ᠦᠰᠦᠭ ᠦᠨ ᠳᠦᠷᠰᠦ ᠨᠢ ᠳᠤᠤᠷ᠎ᠠ ᠪᠠᠨ ᠬᠤᠶᠠᠷ ᠮᠤᠳᠤ ᠤᠭᠯᠠᠭᠰᠠᠨ᠂ ᠬᠦᠮᠦᠨ ᠦ ᠬᠡᠯᠪᠡᠷᠢ ᠲᠠᠢ ᠪᠠᠢᠳᠠᠭ᠂ ᠱᠧ 射ᠬᠡᠳᠡᠭ ᠨᠢ ᠬᠠᠷᠪᠤᠬᠤ ᠬᠡᠰᠡᠨ ᠤᠳᠬ᠎ᠠ ᠶᠢ ᠭᠠᠷᠭᠠᠨ᠎ᠠ᠂ ᠨᠡᠢᠯᠡᠭᠡᠳ ᠡᠪᠦᠳᠡᠭ ᠢᠶᠡᠨ ᠲᠠᠬᠢᠢᠯᠭᠠᠨ ᠬᠠᠷᠪᠤᠬᠤ ᠭᠡᠰᠡᠨ ᠰᠠᠨᠠᠭ᠎ᠠ ᠶᠢ ᠵᠢᠭᠠᠨ᠎ᠠ᠃ ᠲᠤᠮᠳᠠᠳᠤ ᠤᠯᠤᠰ ᠤᠨ ᠠᠯᠲᠠᠢ ᠠᠢᠮᠠᠭ ᠤᠨ ᠬᠠᠨᠳᠠᠭᠠᠢᠲᠤ ᠮᠤᠩᠭᠤᠯ ᠰᠢᠶᠠᠩ ᠤᠨ ᠭᠤᠳᠪᠤᠯᠠᠭ ᠤᠨ ᠬᠠᠳᠠᠨ ᠵᠢᠷᠤᠭ ᠳᠡᠭᠡᠷ᠎ᠠ ᠴᠠᠰᠦᠨ ᠳᠤ ᠭᠤᠯᠭᠤᠵᠤ ᠪᠤᠢ ᠬᠦᠮᠦᠨ ᠳᠦᠷᠰᠦ ᠪᠤᠢ᠂ ᠮᠤᠩᠭᠤᠯ ᠤᠯᠤᠰ ᠤᠨ ᠪᠠᠶᠠᠨ- ᠦᠯᠦᠬᠡᠢ ᠠᠢᠮᠠᠭ ᠤᠨ ᠴᠠᠭᠠᠨ ᠰᠠᠯᠠᠭ᠎ᠠ ᠬᠡᠳᠡᠭ ᠭᠠᠵᠠᠷ ᠲᠤ ᠬᠠᠳᠠᠨ ᠵᠢᠷᠤᠭ ᠳᠡᠭᠡᠷ᠎ᠠ ᠮᠦᠨ ᠬᠦᠯ ᠳᠡᠬᠡᠨ ᠴᠠᠨ᠎ᠠ ᠤᠭᠯᠠᠵᠤ ᠰᠤᠮᠤᠪᠡᠷ ᠶᠠᠩᠬᠢᠷ ᠬᠠᠷᠪᠤᠵᠤ ᠪᠤᠢ ᠬᠦᠮᠦᠨ ᠢ ᠬᠠᠷᠠᠭᠤᠯᠤᠭᠰᠠᠨ ᠬᠠᠳᠠᠨ ᠵᠢᠷᠤᠭ ᠪᠤᠢ᠂ ᠡᠨᠡ ᠬᠤᠶᠠᠷ ᠬᠠᠳᠠᠨ ᠵᠢᠷᠤᠭ ᠤᠨ ᠨᠠᠰᠦ10000 ᠵᠢᠯ ᠦᠨ ᠲᠡᠷᠲᠡᠭᠡ ᠭᠡᠵᠤ ᠰᠤᠳᠤᠯᠭᠠᠴᠢᠳ ᠪᠠᠲᠤᠯᠠᠭᠰᠠᠨ ᠪᠠᠢᠨ᠎ᠠ᠂  ᠲᠡᠥᠬᠡᠨ ᠲᠡᠮᠳᠡᠭᠯᠡᠯ᠂ ᠾᠦᠩᠨᠦ ᠱᠠᠰᠲᠢᠷ  ᠲᠤ 屈射 ᠭᠡᠵᠤ ᠲᠡᠮᠳᠡᠭᠯᠡᠬᠦ ᠦᠶ᠎ᠡ᠂ ᠬᠢᠲᠠᠳ ᠲᠤ ᠴᠠᠨ᠎ᠠ ᠪᠤᠶᠤ ᠴᠠᠰᠤᠨ ᠳᠤ ᠭᠤᠯᠭᠤᠬᠤ ᠲᠤᠬᠠᠢ ᠤᠢᠯᠠᠭᠠᠯᠳ᠋ᠨ ᠪᠠᠢᠭ᠎ᠠ ᠦᠬᠡᠢ ᠡᠴᠡ ᠴᠠᠨ᠎ᠠ ᠪᠤᠶᠤ ᠴᠠᠰᠤᠨ ᠳᠤ ᠭᠤᠯᠭᠤᠬᠤ ᠭᠡᠳᠡᠭ ᠢ屈ᠭᠡᠰᠡᠨ ᠬᠢᠲᠠᠳ ᠦᠰᠦᠭ ᠢᠶᠡᠷ ᠲᠦᠰᠦᠬᠡᠯᠡᠨ ᠢᠯᠡᠷᠬᠡᠢᠯᠡᠭᠰᠡᠨ ᠭᠡᠵᠤ ᠪᠢᠳ᠋ᠨ ᠦᠵᠡᠵᠦ ᠪᠤᠢ᠂ ᠬᠠᠷᠢᠨ ᠰᠦᠢ ᠲᠠᠩ ᠤᠯᠤᠰ ᠤᠨ ᠦᠶ᠎ᠡ ᠬᠦᠷᠦᠭᠡᠳ᠂ ᠡᠨᠡ ᠲᠤᠬᠠᠢ ᠲᠤᠳᠤᠷᠬᠠᠢ ᠤᠢᠯᠭᠠᠯᠳ᠋ᠨ ᠲᠠᠢ ᠪᠤᠯᠤᠭᠰᠠᠨ ᠪᠦᠬᠡᠳ ᠦᠰᠦᠭ ᠪᠢᠴᠢᠭ ᠦᠨ ᠲᠡᠮᠳᠡᠭᠯᠡᠯ ᠦᠯᠡᠳᠡᠭᠡᠪᠡ᠂ ᠡᠨᠡᠬᠦ ᠴᠠᠨ᠎ᠠ ᠠᠰᠢᠭᠯᠠᠨ ᠴᠠᠰᠤᠨ ᠳᠤ ᠭᠤᠯᠭᠤᠳᠠᠭ ᠬᠦᠮᠦᠨ ᠠᠷᠠᠳ ᠨᠢ ᠠᠯᠲᠠᠢ ᠠᠭᠤᠯᠨ ᠶᠢᠨ ᠤᠷᠴᠢᠮ ᠢᠶᠠᠷ ᠠᠮᠢᠳᠤᠷᠴᠤ ᠪᠠᠢᠭᠰᠠᠨ ᠤᠷᠢᠶᠠᠩᠬᠠᠢᠴᠤᠳ ᠲᠠᠢ ᠬᠤᠯᠪᠤᠭ᠎ᠠ ᠲᠠᠢ ᠪᠤᠯᠪᠠ ᠦᠦ ᠭᠡᠰᠡᠨ ᠰᠠᠨᠠᠯ ᠢ ᠳᠡᠪᠰᠢᠬᠦᠯᠵᠤ ᠪᠠᠢᠨ᠎ᠠ᠃     
3.ᠳ᠋ᠢᠩᠯᠢᠩ 丁零dīng líng᠂  ᠱᠠᠨ ᠬᠠᠢ ᠵᠢᠩ  ᠳᠦ钉灵   ᠲᠡᠥᠬᠡᠨ ᠲᠡᠮᠳᠡᠭᠯᠡᠯ᠂ ᠾᠦᠩᠨᠦ ᠶᠢᠨ ᠱᠠᠰᠲᠢᠷ  ᠲᠤ 丁灵᠂  ᠬᠠᠨ ᠤᠯᠤᠰ ᠤᠨ ᠪᠢᠴᠢᠭ᠂ ᠰᠤ᠋ ᠦ᠋ ᠶᠢᠨ ᠨᠠᠮᠲᠠᠷ  ᠲᠤ丁零᠂  ᠸᠧᠢ ᠤᠯᠤᠰ ᠤᠨ ᠪᠤᠳᠤᠯᠭ᠎ᠠ  ᠳᠤ 丁令 ᠭᠡᠵᠤ ᠲᠡᠮᠳᠡᠭᠯᠡᠵᠦ ᠪᠠᠢᠪᠠ᠂ ᠪᠠᠰᠨ 高车᠂狄历᠂铁勒᠂敕勒 ᠬᠡᠮᠡᠨ ᠲᠡᠮᠳᠡᠭᠯᠡᠭᠳᠡᠭᠰᠡᠨ ᠢ ᠳ᠋ᠢᠩᠯᠢᠩ ᠦᠨ ᠨᠡᠷᠠᠰᠢᠯ ᠤᠨ ᠬᠤᠪᠢᠯᠠᠪᠤᠷᠢ ᠭᠡᠵᠤ᠂ ᠳ᠋ᠢᠩᠯᠢᠩ ᠭᠡᠳᠡᠭ ᠢ ᠲᠦᠷᠦᠭ  ᠬᠡᠮᠡᠬᠦ ᠦᠬᠡᠨ ‍ᠣ ᠠᠩᠬᠠᠨ ‍ᠣ ᠬᠡᠯᠪᠡᠷᠢ᠂ ᠳ᠋ᠢᠩᠯᠢᠩᠴᠤᠳ ᠲᠦᠷᠦᠭ ᠤᠭᠰᠠᠭᠠᠲᠠᠨ ᠪᠠᠢᠵᠠᠢ ᠭᠡᠵᠤ ᠬᠢᠲᠠᠳ ᠰᠤᠳᠤᠯᠭᠠᠴᠢᠳ ᠦᠵᠡᠳᠡᠭ᠃  ᠲᠡᠥᠬᠡᠨ ᠲᠡᠮᠳᠡᠭᠯᠡᠯ ᠦᠨ ᠬᠠᠢᠯᠳ᠋ᠨ  ᠳᠦ᠂ ᠸᠸᠢ ᠤᠯᠤᠰ ᠤᠨ ᠪᠤᠳᠤᠯᠭ᠎ᠠ ᠳᠤ ᠦᠬᠦᠯᠡᠭᠰᠡᠨ ᠢᠶᠡᠷ ᠪᠤᠯ  ᠳ᠋ᠢᠩᠯᠢᠩ ᠨᠢ ᠺᠠᠩ ᠵᠢᠥᠢ ᠶᠢᠨ ᠬᠤᠢᠭᠤᠷ ᠪᠤᠢ᠂ ᠾᠦᠩᠨᠦ ᠶᠢᠨ ᠱᠠᠨ ᠢᠥᠢ ᠶᠢᠨ ᠦᠷᠬᠦᠭᠡ ᠪᠤᠢ ᠵᠢᠶᠧ ᠱᠢ ᠭᠤᠤᠯ ᠬᠦᠷᠬᠦ ᠳᠦ ᠳᠤᠯᠤᠭᠠᠨ ᠮᠢᠩᠭᠠᠨ ᠯᠢ ᠪᠠᠢᠨ᠎ᠠ 2ᠭᠡᠵᠡᠢ᠂  ᠱᠠᠩ ᠱᠤ᠋ ᠪᠢᠴᠢᠭ᠂ ᠶᠡᠬᠡ ᠱᠠᠰᠲᠢᠷ ᠂ ᠭᠤᠷᠪᠠᠳᠤᠭᠠᠷ ᠪᠦᠯᠦᠭ ᠲᠤ᠂  ᠬᠤᠢᠳᠤ ᠭᠠᠵᠠᠷ ᠤᠨ ᠬᠢᠵᠠᠭᠠᠷ ᠨᠢ ᠳ᠋ᠢᠩᠯᠢᠩ ᠡᠴᠡ ᠬᠤᠢᠰᠢ ᠪᠡᠨ ᠴᠠᠰᠤ ᠶᠡᠬᠡ ᠤᠷᠤᠬᠤ ᠬᠦᠳᠡᠭᠡ ᠬᠦᠷᠦᠨ᠎ᠠ  ᠭᠡᠵᠡᠢ᠃   ᠤᠯᠤᠰ ᠤᠨ ᠪᠢᠴᠢᠭ᠂ ᠰᠤ᠋ ᠦ᠋ ᠶᠢᠨ ᠨᠠᠮᠲᠠᠷ  ᠲᠤ᠂ ᠰᠤ᠋ ᠦ᠋ ᠨᠢ ᠬᠤᠢᠳᠦ ᠳᠠᠯᠠᠢ ᠶᠢᠨ ᠬᠤᠢᠭᠤᠷ ᠰᠠᠭᠤᠵᠤ ᠪᠠᠢᠲᠠᠯ᠎ᠠ᠂ ᠳ᠋ᠢᠩᠯᠢᠩ ᠲᠡᠭᠦᠨ ‍ᠣ ᠦᠬᠡᠷ ᠬᠤᠨᠢ ᠶᠢ ᠬᠤᠯᠠᠭᠠᠢᠯᠠᠪᠠ  ᠭᠡᠵᠡᠢ᠃     
 ᠳᠡᠭᠡᠷᠡᠬᠢ ᠪᠠᠷᠢᠮᠳ᠋ᠨ ᠳᠤ ᠠᠵᠢᠯᠯᠠᠪᠠᠯ᠂ ᠨᠢᠬᠡ ᠳᠦ᠂ ︽ᠺᠠᠩ ᠵᠢᠥᠢ ᠡᠴᠡ ᠬᠤᠢᠭᠤᠷ ᠳ᠋ᠢᠩᠯᠢᠩ ᠪᠤᠢ︾ ᠭᠡᠰᠡᠨ ᠡᠴᠡ ᠺᠠᠩ ᠵᠢᠥᠢ ᠨᠢ ᠠᠯᠲᠠᠢ ᠠᠭᠤᠯᠨ ᠠᠴᠠ ᠪᠠᠷᠠᠭᠤᠨᠰᠢ᠂ ᠤᠳᠤ ᠶᠢᠨ ᠳᠤᠷᠤᠨᠠᠳᠤ ᠬᠠᠰᠠᠭᠰᠲᠠᠨ ᠤᠷᠴᠢᠮ ᠪᠠᠢᠭᠰᠠᠨ ᠭᠡᠵᠤ ᠦᠵᠡᠪᠡᠯ᠂ ᠳ᠋ᠢᠩᠯᠢᠩ ᠦᠳ ᠨᠢ ᠲᠡᠬᠦᠨ ᠡᠴᠡ ᠵᠡᠬᠦᠨ ᠬᠤᠢᠰᠢ ᠪᠠᠨ ᠪᠠᠢᠵᠠᠢ᠃ ᠬᠤᠶᠠᠷ ᠲᠤ᠂ ᠬᠤᠢᠳᠤ ᠭᠠᠵᠠᠷ ᠤᠨ ᠬᠢᠵᠠᠭᠠᠷ ᠨᠢ ᠳ᠋ᠢᠩᠯᠢᠩ ᠡᠴᠡ ᠬᠤᠢᠰᠢ ᠪᠡᠨ ᠴᠠᠰᠤ ᠶᠡᠬᠡ ᠤᠷᠤᠬᠤ ᠬᠦᠳᠡᠭᠡ ᠬᠦᠷᠦᠨ᠎ᠡ ᠭᠡᠳᠡᠭ ᠡᠴᠡ ᠡᠪᠤᠯ ᠪᠤᠯᠬᠤ ᠳᠤ ᠳ᠋ᠢᠩᠯᠢᠩ ᠡᠴᠡ ᠬᠤᠢᠰᠢ ᠪᠡᠨ ᠶᠡᠬᠡ ᠴᠠᠰᠤ ᠤᠷᠤᠳᠠᠭ ᠭᠡᠰᠡᠨ ᠦᠬᠡ᠂ ᠡᠨᠡ ᠨᠢ ᠰᠢᠪᠢᠷᠢ ᠶᠢᠨ ᠦᠷᠬᠡᠨ ᠠᠭᠤᠳᠠᠮ ᠲᠠᠯ᠎ᠠ ᠨᠤᠲᠤᠭ ᠢ ᠵᠢᠭᠠᠵᠤ ᠪᠠᠢᠭ᠎ᠠ ᠨᠢ ᠲᠤᠳᠤᠷᠬᠠᠢ᠂ ᠭᠤᠷᠪᠠ᠂ ᠬᠠᠨ ᠤᠯᠤᠰ ᠤᠨ ᠡᠯᠴᠢ ᠰᠤ᠋ ᠦ᠋ ᠶᠢᠨ ᠲᠤᠬᠠᠢ ᠮᠡᠳᠡᠭᠡᠨ ᠡᠴᠡ ᠬᠠᠷᠠᠬᠤ ᠳᠤ᠂ ᠳ᠋ᠢᠩᠯᠢᠩᠴᠤᠳ ᠪᠠᠢᠭᠠᠯ ᠨᠠᠭᠤᠷ ᠡᠴᠡ ᠬᠤᠯᠨ ᠦᠬᠡᠢ ᠪᠠᠢᠭᠰᠠᠨ ᠪᠤᠯᠤᠯᠲᠠᠢ᠂ ᠳ᠋ᠢᠩᠯᠢᠩ ᠭᠡᠵᠤ ᠶᠠᠺᠦᠢ᠌ᠲ ᠤᠳ ᠪᠠᠢᠬᠤ ᠮᠠᠭᠠᠳᠯᠠᠯ ᠶᠡᠬᠡ ᠪᠠᠢᠨ᠎ᠠ᠃     
4. ᠭᠧ ᠺᠦᠨ 鬲昆gé kūn᠂  ᠲᠡᠥᠬᠡᠨ ᠲᠡᠮᠳᠡᠭᠯᠡᠯ  ᠳᠦ 鬲昆 ᠪᠤᠶᠤ隔昆 ᠭᠡᠵᠤ ᠠᠩᠬ᠎ᠠ ᠲᠡᠮᠳᠡᠭᠯᠡᠪᠡ᠂ ᠬᠠᠨ ᠪᠤᠯᠤᠨ ᠵᠢᠨ ᠤᠯᠤᠰ ᠤᠨ ᠦᠶ᠎ᠡ᠂ 坚昆᠂ ᠡᠮᠦᠨ᠎ᠠ ᠤᠮᠠᠷᠠᠳᠤ ᠲᠦᠷᠦ ᠪᠤᠯᠤᠨ ᠰᠦᠢ ᠤᠯᠤᠰ ᠤᠨ ᠦᠶ᠎ᠡ结骨᠂ 纥骨᠂ 契骨᠂ 护骨᠂ ᠲᠠᠩ ᠤᠯᠤᠰ ᠤᠨ ᠦᠶ᠎ᠡ ᠭᠤᠤᠯᠳᠠᠭᠤ黠戛斯᠂ ᠵᠠᠷᠢᠮ ᠦᠶ᠎ᠡ ᠳᠡᠬᠡᠨ坚昆᠂ 纥挖斯᠂ ᠯᠢᠶᠤᠤ᠂ ᠰᠦᠩ᠂ ᠠᠯᠲᠠᠨ ᠤᠯᠤᠰ ᠤᠨ ᠦᠶ᠎ᠡ᠂辖戛斯᠂ 黠戛司᠂ 纥里迄斯᠂ ᠶᠡᠬᠡ ᠮᠤᠩᠭᠤᠯ ᠤᠯᠤᠰ ᠤᠨ ᠦᠶ᠎ᠡ吉利吉思᠂ 乞儿吉思 ᠬᠡᠮᠡᠨ ᠲᠡᠮᠳᠡᠭᠯᠡᠵᠦ ᠢᠷᠡᠪᠡ᠂ ᠡᠬᠦᠨ ᠢ ᠲᠡᠥᠬᠡᠨ ᠠᠳᠠᠯᠢ ᠪᠤᠰᠤ ᠴᠠᠭ ᠦᠶ᠎ᠡ ᠶᠢᠨ ᠡᠷᠲᠡᠨ ᠤ ᠬᠢᠲᠠᠳ ᠲᠡᠥᠬᠡᠨ ᠰᠤᠷᠪᠤᠯᠵᠢ ᠳᠤ ᠲᠡᠮᠳᠡᠭᠯᠡᠭᠳᠡᠭᠰᠡᠨ ᠬᠢᠷᠬᠢᠰ  ᠨᠡᠷ᠎ᠠ ᠶᠢᠨ ᠠᠳᠠᠯᠢ ᠪᠤᠰᠤ ᠬᠤᠪᠢᠯᠡᠪᠤᠷᠢ ᠭᠡᠵᠤ ᠦᠵᠡᠳᠡᠭ᠃ ᠡᠷᠲᠡᠨ ᠤ ᠬᠢᠷᠬᠢᠰ ᠦᠳ ᠨᠢ ᠭᠠᠵᠠᠷ ᠨᠤᠲᠤᠭ ᠤᠨ ᠬᠤᠪᠢ ᠳᠤ᠂ ᠰᠠᠶᠠᠨ ᠠᠭᠤᠯᠨ ᠪᠤᠯᠤᠨ ᠲᠠᠩᠨᠤ ᠠᠭᠤᠯᠨ ᠶᠢᠨ ᠬᠤᠭᠤᠷᠤᠨᠳᠤ ᠰᠠᠭᠤᠵᠤ ᠪᠠᠢᠪᠠ᠃ ᠲᠠᠩ ᠤᠯᠤᠰ ᠤᠨ ᠦᠶ᠎ᠡ ᠶᠢᠨ ᠲᠡᠥᠬᠡᠨ ᠰᠤᠷᠪᠤᠯᠵᠢ ᠪᠤᠯᠬᠤ  ᠲᠦᠩ ᠳ᠋ᠢᠶᠠᠨ ᠪᠢᠴᠢᠭ ᠂  ᠬᠠᠭᠤᠴᠢᠨ ᠲᠠᠩ ᠤᠯᠤᠰ ᠤᠨ ᠪᠢᠴᠢᠭ ᠂  ᠰᠢᠨ᠎ᠠ ᠲᠠᠩ ᠤᠯᠤᠰ ᠤᠨ ᠪᠢᠴᠢᠭ ᠲᠦ᠂ ᠬᠢᠷᠬᠢᠰ ᠦᠳ ᠲᠠᠢ ᠪᠠᠢᠩᠭᠤ ᠪᠠᠢᠯᠳᠤᠳᠠᠭ 曷刺者 ᠬᠡᠮᠡᠭᠴᠢᠳ ᠨᠢ ᠤᠢᠷᠠᠳ ᠪᠠᠢᠪᠠ᠂ ᠡᠷᠲᠡᠨ ᠤ ᠬᠢᠷᠬᠢᠰ ᠦᠳ ᠲᠠᠢ ᠤᠢᠷᠠᠳ ᠬᠦᠷᠰᠢ ᠪᠤᠶᠤ ᠭᠠᠵᠠᠷ ᠵᠦᠢ ᠶᠢᠨ ᠬᠤᠪᠢ ᠳᠤ ᠪᠠᠢᠭᠠᠯ ᠨᠠᠭᠤᠷ ᠠᠴᠠ ᠪᠠᠷᠠᠭᠤᠨᠰᠢ ᠭᠠᠵᠠᠷ ᠨᠤᠲᠤᠭ ᠲᠤ ᠰᠠᠭᠤᠵᠤ ᠪᠠᠢᠭᠰᠠᠨ ᠨᠢ ᠪᠤᠰᠤᠳ ᠲᠡᠥᠬᠡᠨ ᠲᠡᠮᠳᠡᠭᠯᠡᠯ ᠲᠠᠢ ᠨᠡᠢᠴᠡᠵᠦ ᠪᠠᠢᠨ᠎ᠠ᠃     
5.ᠰᠢᠨ ᠯᠢ 薪犂xīn lí᠂ ᠰᠢᠨ ᠯᠢ ᠡᠴᠡ ᠴᠠᠭᠠᠰᠢ ᠵᠠᠯᠭᠠᠵᠤ ᠠᠬᠢᠵᠤ ᠶᠠᠮᠠᠷ ᠨᠢᠬᠡᠨ ᠠᠢᠮᠠᠭ ᠢ ᠲᠡᠮᠳᠡᠭᠯᠡᠭᠰᠡᠨ ᠦᠬᠡᠢ᠂ ᠮᠡᠳᠡᠭᠡᠵᠢ ᠪᠡᠷ᠂ ᠾᠦᠩᠨᠦ ᠶᠢᠨ ᠵᠡᠬᠦᠨ ᠲᠠᠯ᠎ᠠ ᠳᠤ ᠵᠡᠬᠦᠨ ᠬᠤ᠋ ᠪᠤᠶᠤ ᠳ᠋ᠦᠩᠬᠤ ᠠᠢᠮᠠᠭ ᠪᠠᠢᠪᠠ᠂ ᠳ᠋ᠦᠩᠬᠤ ᠶᠢ ᠾᠦᠩᠨᠦ ᠬᠠᠮᠤᠭ ᠤᠨ ᠠᠩᠬ᠎ᠠ ᠳᠠᠢᠯᠠᠨ ᠨᠢᠭᠡᠳᠭᠡᠵᠤ ᠠᠪᠤᠭᠰᠠᠨ ᠠᠪᠤᠪᠠ᠂ ᠲᠡᠢᠮᠦ ᠡᠴᠡ ᠰᠢᠨ ᠯᠢ ᠠᠢᠮᠠᠭ ᠦᠨ ᠭᠠᠵᠠᠷ ᠨᠤᠲᠤᠭ ᠨᠢ ᠾᠦᠩᠨᠦ ᠡᠴᠡ ᠵᠡᠬᠦᠨ ᠬᠤᠢᠰᠢ᠂ ᠪᠠᠷᠤᠭᠴᠠᠭᠠᠳ ᠪᠠᠢᠭᠠᠯ ᠨᠠᠭᠤᠷ ᠡᠴᠡ ᠵᠡᠬᠦᠨᠰᠢ ᠪᠡᠨ ᠪᠠᠢᠭᠰᠠᠨ ᠪᠤᠯᠤᠯᠲᠠᠢ᠃     
ᠳ᠋ᠦᠩᠨᠡᠵᠤ ᠦᠵᠡᠪᠡᠯ᠂ ᠡᠷᠲᠡᠨ ᠦ ᠬᠢᠲᠠᠳ ᠲᠡᠥᠬᠡᠨ ᠰᠤᠷᠪᠤᠯᠵᠢ ᠳᠤ ᠲᠡᠮᠳᠡᠭᠯᠡᠭᠳᠡᠭᠰᠡᠨ ᠾᠦᠩᠨᠦ ᠶᠢᠨ ᠬᠤᠢᠭᠤᠷ ᠪᠤᠢ ᠲᠠᠪᠤᠨ ᠠᠢᠮᠠᠭ ᠢ ᠡᠵᠡᠯᠡᠵᠤ ᠠᠪᠬᠤ ᠠᠴᠠ ᠡᠮᠦᠨᠠᠬᠢ ᠾᠦᠩᠨᠦ ᠭᠦᠷᠦᠨ ᠤ ᠭᠠᠵᠠᠷ ᠨᠤᠲᠤᠭ ᠢ ᠾᠦᠩᠨᠦᠴᠤᠳ ᠤᠨ ᠤᠭᠤᠭᠠᠯᠢ ᠨᠤᠲᠤᠭ ᠪᠠᠢᠭᠰᠠᠨ ᠭᠡᠵᠤ ᠦᠵᠡᠪᠡᠯ᠂ ᠡᠳᠡᠭᠡᠷ ᠲᠠᠪᠤᠨ ᠠᠢᠮᠠᠭ ᠢ ᠡᠵᠡᠯᠡᠭᠰᠡᠨ ᠢᠶᠡᠷ ᠾᠦᠩᠨᠦ ᠭᠦᠷᠦᠨ ᠤ ᠭᠠᠵᠠᠷ ᠨᠤᠲᠤᠭ ᠪᠠᠷᠠᠭᠤᠨᠰᠢ ᠪᠠᠨ ᠠᠯᠲᠠᠢ ᠠᠭᠤᠯᠨ ᠳᠠᠪᠠᠵᠤ᠂ ᠪᠠᠷᠠᠭᠤᠨ ᠬᠤᠢᠰᠢ ᠪᠠᠨ ᠪᠠᠷᠠᠭᠤᠨ ᠰᠠᠶᠠᠨ ᠠᠭᠤᠯᠨ ᠬᠦᠷᠴᠦ᠂ ᠬᠤᠢᠰᠢ ᠪᠠᠨ ᠶᠠᠺᠦ᠋ᠲ ᠦᠨ ᠤᠷᠢᠳᠦ ᠬᠡᠰᠡᠭ᠂ ᠵᠡᠬᠦᠨ ᠬᠤᠢᠰᠢ ᠪᠠᠨ ᠪᠠᠢᠭᠠᠯ ᠨᠠᠭᠤᠷ ᠤᠨ ᠵᠡᠬᠦᠨ ᠬᠤᠢᠳᠦ ᠬᠡᠰᠡᠭ ᠬᠦᠷᠦᠭᠰᠡᠨ ᠬᠡᠮᠡᠨ ᠦᠵᠡᠵᠤ ᠪᠤᠯᠬᠤ ᠶᠤᠮ ᠪᠠᠢᠨ᠎ᠠ᠃     



  
     
     