-
2146640
ᠥᠷᠥᠮ᠎ᠠ ᠬᠢᠬᠦ ᠠᠷᠭ᠎ᠠ
2019-05-21 10:58
627
0
ᠥᠷᠥᠮ᠎ᠠ ᠪᠤᠯ ᠮᠣᠩᠭᠤᠯᠴᠣᠳ ᠤᠨ ᠡᠳ᠋ᠰᠢᠬᠦᠯᠥᠨ ᠪᠤᠯᠪᠠᠰᠣᠷᠠᠭᠤᠯᠳᠠᠬ ᠲᠠᠬᠡᠳᠥ ᠲᠠᠰ ᠤᠨ ᠢᠳᠡᠬᠡᠨ ᠤ ᠨᠢᠬᠡ ᠶᠣᠮ᠃
ᠥᠷᠥᠮ᠎ᠠ ᠶᠢ ᠵᠠᠷᠢᠮ ᠭᠠᠵᠠᠷ ᠲᠤ ᠴᠣᠬᠤᠷ ᠥᠷᠥᠮ᠎ᠠ᠂ ᠬᠠᠪᠳᠠᠭᠠᠢ ᠥᠷᠥᠮ᠎ᠠ ᠬᠡᠬᠦ ᠪᠤᠶᠣ ᠬᠥᠰᠢᠬᠡᠭᠰᠡᠨ ᠥᠷᠥᠮ᠎ᠠ ᠬᠡᠵᠥ ᠬᠡᠯᠡᠳᠡᠭ᠃ ᠲᠠᠬᠦᠨ ᠢ ᠥᠨᠢᠶᠠᠨ ᠰᠥ᠂ ᠬᠤᠨᠢ ᠢᠮᠠᠭᠠᠨ ᠰᠥ᠂ ᠲᠠᠮᠠᠬᠡᠨ ᠰᠥ ᠪᠠᠷ ᠪᠥᠷ ᠵᠠᠮᠣᠷᠭᠠᠵᠥ ᠪᠤᠯᠣᠨ᠎ᠠ᠃ ᠮᠣᠩᠭᠤᠯᠴᠣᠳ ᠵᠣᠨ ᠤ ᠣᠯᠠᠷᠢᠯ ᠳᠤ ᠬᠤᠨᠢ ᠬᠤᠯᠪᠤᠨ ᠰᠠᠭᠠᠳᠠᠬ ᠪᠤᠯᠬᠤᠷ ᠬᠤᠨᠢᠨ ᠰᠥ ᠶᠢᠨ ᠥᠷᠥᠮ᠎ᠠ ᠵᠠᠮᠣᠷᠭᠠᠳᠠᠬ᠃ ᠬᠤᠨᠢᠨ ᠰᠥ ᠠᠬᠰᠢᠭᠤᠨ ᠲᠣᠰᠣᠯᠢᠬ ᠲᠣᠯᠠ ᠥᠷᠥᠮ᠎ᠠ ᠵᠣᠵᠠᠭᠠᠨ ᠰᠠᠭᠤᠳᠠᠬ᠃
ᠥᠷᠥᠮ᠎ᠠ ᠵᠠᠮᠣᠷᠭᠠᠬᠤ ᠪᠤᠯ ᠮᠠᠷᠬᠡᠵᠢᠯ ᠤᠨ ᠴᠢᠨᠠᠷᠳᠡᠢ ᠠᠵᠢᠯ ᠪᠥᠬᠡᠳ ᠰᠢᠨ᠎ᠠ ᠰᠠᠭᠠᠬᠰᠠᠨ ᠰᠥ
ᠱᠠᠭᠠᠷᠳᠠᠬᠳᠠᠨ᠎ᠠ ᠃ ᠰᠠᠶ᠋ᠢᠬᠠᠨ ᠰᠠᠭᠠᠬᠰᠠᠨ ᠰᠥ ᠪᠠᠨ ᠠᠷᠭᠠᠯ ᠤᠨ ᠵᠥᠬᠡᠯᠡᠨ ᠭᠠᠯ ᠲᠠᠬᠡᠷ᠎ᠠ ᠲᠠᠯᠪᠢᠬᠰᠠᠨ ᠣᠡᠭᠬᠤᠷ ᠲᠣᠭᠤᠭᠠᠨ ᠳᠠᠭᠠᠨ ᠲᠣᠩᠭᠠᠭᠠᠨ ᠬᠢᠵᠥ ᠪᠤᠴᠠᠯᠠᠬᠤ ᠰᠢᠬ ᠪᠤᠯᠬᠤ ᠳᠤ ᠭᠠᠯ ᠢ ᠨᠢ ᠵᠣᠬᠰᠣᠭᠠᠵᠥ ᠲᠠᠰᠣᠷᠠᠯ ᠥᠬᠡᠢ ᠰᠠᠮᠣᠷᠴᠥ ᠬᠥᠬᠡᠰᠣᠷᠠᠬᠦᠯᠥᠨ ᠰᠠᠯᠬᠢ ᠵᠢᠪᠠᠷ ᠠᠪᠤᠭᠤᠯᠬᠤ ᠥᠬᠡᠢ ᠪᠠᠷ ᠠᠶ᠎ᠠ ᠪᠠᠷ ᠨᠢ ᠵᠠᠮᠣᠷᠭᠠᠵᠥ ᠬᠥᠰᠢᠬᠡᠨᠠ᠃ ᠬᠥᠰᠢᠬᠡᠭᠰᠡᠨ ᠥᠷᠥᠮ᠎ᠠ ᠶᠢᠨ ᠴᠠᠬ ᠨᠢ ᠣᠷᠳᠥ ᠪᠤᠯ ᠵᠣᠵᠠᠭᠠᠨ ᠪᠤᠯᠵᠥ᠂ ᠣᠬᠤᠷ ᠴᠠᠬ ᠲᠤ ᠠᠪᠤᠪᠠᠯ ᠨᠢᠮᠬᠡᠨ ᠪᠤᠯᠳᠠᠬ᠃ ᠵᠣᠵᠠᠭᠠᠨ ᠰᠠᠭᠤᠬᠰᠠᠨ ᠥᠷᠥᠮ᠎ᠠ ᠪᠠᠨ ᠲᠡᠭᠰᠢ ᠶᠠᠭᠤᠮᠠᠨ ᠲᠠᠬᠡᠷ᠎ᠠ ᠲᠠᠯᠪᠢᠵᠥ ᠨᠢᠬᠡ ᠲᠠᠯ᠎ᠠ ᠲᠠᠬᠡᠷ᠎ᠠ ᠨᠢ ᠬᠠᠭᠤᠷᠣᠬᠰᠠᠨ ᠪᠤᠳᠠᠭ᠎ᠠ ᠪᠤᠶᠣ ᠪᠤᠷᠠᠮ ᠱᠠᠭᠠᠳᠡᠩ ᠥᠷᠥᠵᠥ᠂ ᠨᠥᠬᠦᠬᠡ ᠲᠠᠯ᠎ᠠ ᠶᠢ ᠨᠢ ᠲᠠᠬᠡᠬᠦᠷ ᠨᠢ ᠨᠣᠭᠤᠯᠵᠥ ᠬᠠᠪᠰᠣᠷᠣᠨ᠎ᠠ᠃ ᠴᠠᠬ ᠨᠢ ᠣᠬᠤᠷ ᠪᠤᠶᠣ ᠬᠤᠶᠠᠷ ᠭᠤᠷᠪᠠᠳᠣᠭᠠᠷ ᠲᠣᠭᠤᠭᠠᠨ ᠤ ᠥᠷᠥᠮ᠎ᠠ ᠨᠢ ᠨᠢᠮᠬᠡᠨ ᠰᠠᠭᠤᠳᠠᠬ ᠪᠤᠯᠬᠤᠷ ᠵᠥᠬᠡᠬᠡᠢ ᠰᠢᠭ ᠬᠠᠮᠣᠵᠥ ᠠᠪᠳᠠᠬ᠃
ᠵᠠᠷᠢᠮ ᠭᠠᠵᠠᠷ ᠤᠨ ᠮᠣᠩᠭᠤᠯᠴᠣᠳ ᠬᠠᠮᠣᠵᠥ ᠠᠪᠤᠬᠰᠠᠨ ᠥᠷᠥᠮ᠎ᠠ ᠪᠠᠨ ᠮᠣᠳᠣᠨ ᠠᠭᠠᠷᠣᠣ ᠪᠤᠶᠣ ᠬᠤᠨᠭ᠍ᠭᠤ ᠳᠤ ᠬᠤᠷᠢᠶᠠᠨ ᠬᠠᠳᠠᠭᠠᠯᠠᠵᠥ᠂ ᠠᠮᠣᠷ ᠤᠨ ᠰᠠᠷᠢᠬᠦᠨ ᠣᠷᠣᠬᠰᠠᠨ ᠤ ᠬᠤᠶᠢᠨ᠎ᠠ ᠲᠠᠬᠢᠨ ᠬᠠᠯᠠᠭᠠᠵᠥ ᠨᠣᠬᠤᠵᠥ ᠨᠠᠶᠢᠯᠠᠬᠦᠯᠥᠬᠡᠳ ᠬᠤᠨᠢᠨ ᠤ ᠬᠥᠵᠠᠬᠡᠨ ᠳᠤ ᠬᠢᠵᠥ ᠬᠠᠳᠠᠭᠠᠯᠠᠭᠠᠳ ᠡᠪᠤᠯ ᠳᠡᠭᠡᠨ ᠢᠳᠡᠬᠦ ᠳᠤ ᠪᠠᠯᠠᠳᠬᠡᠳᠡᠭ᠃