-
115917
ᠴᠠᠬᠠᠷᠴᠣᠳ
2021-01-10 11:11
36
0
ᠴᠠᠬᠢᠷᠬᠣ ᠢᠯᠳᠣᠨ ᠤ ᠪᠠᠮᠪᠠᠢ ᠪᠣᠯᠣᠭᠰᠠᠨ
ᠴᠠᠬᠢᠯᠬᠣ ᠰᠣᠮᠣᠨ ᠤ ᠳᠠᠷᠣᠯᠭᠠ ᠪᠣᠯᠣᠭᠰᠠᠨ
ᠴᠠᠭ ᠡᠷᠡᠨ ᠳᠡᠭᠡᠨ ᠬᠢᠯᠠᠯᠵᠠᠭᠣᠯᠵᠣ ᠶᠠᠪᠣᠭᠰᠠᠨ
ᠴᠡᠪᠡᠬᠥᠨ ᠴᠠᠭ ᠤᠨ ᠳᠠᠷᠣᠯᠭᠠ
ᠴᠠᠬᠠᠷᠴᠣᠳ ᠴᠠᠬᠠᠷᠴᠣᠳ
ᠴᠠᠭᠯᠠᠰᠢ ᠥᠭᠡᠢ ᠪᠠᠭᠠᠳᠣᠷ
ᠴᠣᠴᠠᠰᠢ ᠥᠬᠡᠢ ᠡᠷᠡᠯᠬᠡᠭ
ᠴᠢᠮᠠᠯᠠᠰᠢ ᠥᠭᠡᠢ ᠬᠥᠴᠥᠷᠬᠡᠭ
ᠴᠢᠳᠠᠰᠢ ᠥᠭᠡᠢ ᠬᠡᠢᠮᠣᠷᠢᠳᠠᠢ
ᠴᠠᠬᠠᠷᠴᠣᠳ ᠴᠠᠬᠠᠷᠴᠣᠳ
ᠡᠷᠡᠨ ᠴᠠᠭ ᠢ ᠰᠣᠴᠢᠭᠠᠵᠥ
ᠡᠨᠡ ᠳᠡᠯᠡᠬᠡᠢ ᠶᠢ ᠭᠡᠷᠡᠯᠳᠡᠬᠥᠯᠵᠥ
ᠡᠷᠡᠯᠬᠡᠭ ᠠᠯᠳᠠᠷ ᠢᠶᠠᠨ ᠮᠠᠨᠳᠠᠭᠣᠯᠵᠥ
ᠡᠴᠡᠵᠥ ᠴᠣᠴᠠᠰᠢ ᠥᠬᠡᠢ ᠭᠠᠪᠰᠢᠭᠠᠢᠯᠠᠭᠰᠠᠨ
ᠴᠠᠬᠠᠷᠴᠣᠳ ᠴᠠᠬᠠᠷᠴᠣᠳ
ᠠᠯᠳᠠᠷ ᠨᠡᠷᠡ ᠪᠡᠨ ᠳᠠᠭᠣᠷᠢᠰᠬᠠᠵᠥ
ᠠᠳᠠᠭᠠᠳᠠᠨ ᠳᠠᠢᠰᠣᠨ ᠤ ᠢᠶᠠᠨ ᠰᠥᠬᠥᠳᠬᠡᠵᠥ
ᠠᠯᠳᠠᠨ ᠳᠣᠭᠣᠯᠭᠠ ᠪᠠᠨ ᠬᠢᠯᠠᠯᠵᠠᠭᠣᠯᠵᠣ
ᠠᠵᠠ ᠬᠡᠢ ᠮᠣᠷᠢ ᠪᠠᠨ ᠡᠷᠭᠥᠭᠰᠡᠨ
ᠴᠠᠬᠠᠷᠴᠣᠳ ᠴᠠᠬᠠᠷᠴᠣᠳ
ᠳᠥᠮᠡᠨ ᠴᠠᠬᠠᠷ ᠴᠠᠬᠠᠷ
ᠳᠥᠮᠡᠨ ᠣᠯᠠᠨ ᠳᠠᠭᠠᠨ ᠳᠥᠰᠢᠭ ᠪᠣᠯᠣᠭᠰᠠᠨ
ᠳᠥᠷᠬᠡᠨ ᠴᠠᠬᠠᠷ ᠬᠣᠷᠳᠣᠨ ᠴᠠᠬᠠᠷ
ᠳᠣᠩ ᠣᠯᠠᠨ ᠳᠠᠭᠠᠨ ᠬᠡᠷᠡᠮ ᠪᠣᠯᠣᠭᠰᠠᠨ
ᠴᠠᠬᠠᠷᠴᠣᠳ ᠴᠠᠬᠠᠷᠴᠣᠳ
ᠴᠠᠬᠠᠷᠴᠣᠳ ᠴᠠᠬᠠᠷᠴᠣᠳ