

ᠡᠮᠡᠭᠡ ᠶᠢᠨ ᠨᠢᠯᠪᠤᠰᠤ / ᠬᠦᠦᠷᠨᠢᠯ ᠥᠭᠦᠯᠡᠯᠭᠡ/ 2

2016-08-24 11:28
  928
  0
ᠡᠮᠡᠭᠡ ᠶᠢᠨ ᠨᠢᠯᠪᠤᠰᠤ / ᠬᠦᠦᠷᠨᠢᠯ ᠥᠭᠦᠯᠡᠯᠭᠡ/  2

ᠣᠷᠣᠰ ᠪᠠᠨᠳᠢ ᠨᠢ ᠲᠣᠮᠣ ᠪᠣᠯᠵᠤ ᠠᠨᠠᠭᠠᠬᠤ ᠳᠤ ᠣᠷᠣᠵᠤ ᠠᠩᠭᠢ ᠶᠢᠨ ᠢᠶᠠᠨ ᠬᠥᠭᠡᠷᠦᠬᠦᠨ ᠥᠬᠢᠨ ᠲᠠᠢ ᠰᠠᠭᠤᠵᠤ ᠠᠵᠢᠯ ᠠᠮᠢᠳᠤᠷᠠᠯ ᠵᠢᠭᠳᠡᠷᠡᠭᠡᠳ ᠤᠯᠤᠰ ᠤᠨ ᠲᠣᠮᠣᠬᠠᠨ ᠡᠮᠨᠡᠯᠭᠡ ᠳᠦ ᠮᠡᠰᠡ ᠵᠠᠰᠠᠯ ᠤᠨ ᠡᠮᠴᠢ ᠪᠡᠷ ᠠᠵᠢᠯᠯᠠᠳᠠᠭ ᠪᠣᠯᠵᠤ᠃ ᠡᠮᠡᠭᠡ ᠳᠦ ᠲᠡᠮᠦᠷ ᠵᠠᠮ ᠠᠴᠠ ᠬᠦᠨᠳᠦᠲᠦ ᠠᠵᠢᠯᠴᠢᠨ ᠭᠡᠵᠦ ᠪᠠᠶᠢᠷᠢ ᠪᠠᠷ ᠱᠠᠩᠨᠠᠭᠤᠯᠵᠤ ᠣᠯᠠᠨ ᠠᠴᠢᠲᠠᠢ ᠪᠣᠯᠵᠤ ᠠᠮᠤᠷ ᠰᠠᠶᠢᠬᠠᠨ ᠳᠤ ᠪᠠᠨ ᠵᠢᠷᠭᠠᠵᠠᠢ… ᠡᠶᠢᠮᠦ ᠯᠠ ᠪᠠᠶᠢᠬᠤ ᠪᠠᠶᠢᠭᠰᠠᠨ ᠶᠤᠮ᠃ ᠳᠠᠩᠴᠤ ᠪᠡᠷᠢ ᠨᠢ ᠬᠡᠦᠬᠡᠳ ᠭᠠᠷᠭᠠᠵᠤ ᠴᠢᠳᠠᠳᠠᠭ ᠦᠭᠡᠢ ᠪᠠᠶᠢᠵᠤ᠃ ᠪᠣᠯᠤᠨ᠎ᠠ ᠪᠠᠶᠢᠯ ᠦᠭᠡᠢ ᠳ᠋ᠡ ᠪᠦᠲᠦᠨ᠎ᠡ ᠪᠠᠶᠢᠬᠤ ᠭᠡᠵᠦ ᠠᠭᠤᠵᠢᠮ ᠤᠬᠠᠭᠠᠨ ᠭᠠᠷᠭᠠᠵᠤ ᠪᠡᠷᠢ ᠪᠡᠨ ᠬᠠᠶᠢᠷᠠᠯᠠᠵᠤ ᠥᠷᠦᠪᠳᠦᠳᠡᠭ ᠪᠠᠶᠢᠵᠤ᠃ 

ᠲᠡᠷᠡ ᠡᠳᠦᠷ ᠬᠦᠦ ᠨᠢ ᠣᠶᠢᠷ᠎ᠠ ᠳᠤ ᠠᠭᠤᠯᠵᠠᠭ᠎ᠠ ᠦᠭᠡᠢ ᠨᠠᠶᠢᠵᠠ ᠶᠢᠨ ᠳᠤ ᠪᠠᠨ ᠭᠡᠨᠡᠳᠲᠡ ᠶᠢᠨ ᠠᠭᠤᠯᠵᠠᠯᠲᠠ ᠪᠣᠯᠭᠠᠬᠤ ᠪᠠᠷ ᠣᠴᠢᠬᠤ ᠪᠠᠷ ᠰᠢᠢᠳᠡᠭᠰᠡᠨ ᠨᠢ ᠭᠠᠢ ᠪᠣᠯᠵᠠᠢ ᠳᠠ ᠃ ᠨᠠᠶᠢᠵᠠ ᠶᠢᠨ ᠢᠶᠠᠨ ᠭᠡᠷ ᠲᠦ ᠣᠷᠣᠭᠠᠳ ᠨᠠᠶᠢᠵᠠ ᠨᠢ ᠨᠡᠯᠢᠶᠡᠨ ᠵᠣᠳᠣᠭᠤᠯᠤᠭᠠᠳ ᠬᠢᠲᠤᠭᠠᠯᠠᠭᠤᠯᠤᠭᠰᠠᠨ ᠪᠥᠭᠡᠮ ᠴᠢᠰᠤᠨ ᠳᠤᠮᠳᠠ ᠬᠡᠪᠲᠡᠵᠦ ᠪᠠᠶᠢᠵᠠᠢ ᠃ ᠡᠮᠴᠢ ᠬᠦᠮᠦᠨ ᠪᠣᠯᠤᠭᠰᠠᠨ ᠬᠣᠶᠢᠨ᠎ᠠ ᠶᠠᠭᠠᠷᠠᠯ ᠲᠠᠢ ᠲᠤᠰᠠᠯᠠᠮᠵᠢ ᠦᠵᠡᠭᠦᠯᠵᠦ ᠠᠮᠢ ᠶᠢ ᠨᠢ ᠠᠪᠤᠷᠠᠬᠤ ᠭᠡᠵᠦ ᠣᠷᠣᠯᠳᠤᠵᠤ ᠪᠠᠶᠢᠭᠠᠳ ᠳᠡᠶᠢᠯᠦᠯ ᠦᠭᠡᠢ ᠥᠩᠭᠡᠷᠡᠭᠦᠯᠵᠡᠢ᠃ ᠤᠯᠠᠭᠠᠨ ᠴᠢᠰᠤᠨ ᠳᠤᠮᠳᠠ ᠨᠠᠶᠢᠵᠠ ᠶᠢ ᠪᠠᠨ ᠠᠪᠤᠷᠠᠬᠤ ᠭᠡᠵᠦ ᠰᠠᠭᠤᠭᠰᠠᠨ ᠲᠡᠭᠦᠨ ᠢ ᠭᠠᠳᠠᠨ᠎ᠠ ᠠᠴᠠ ᠣᠷᠣᠵᠤ ᠢᠷᠡᠭᠰᠡᠨ ᠨᠠᠶᠢᠵᠡ ᠬᠦᠦ ᠨᠢ ᠡᠬᠡᠨᠡᠷ ᠳᠡᠭᠦᠦ 2 ᠨᠢ ᠠᠯᠠᠭᠤᠷᠴᠢᠨ ᠭᠡᠵᠦ ᠣᠶᠢᠯᠠᠭᠠᠵᠠᠢ᠃ ᠡᠮᠡᠭᠡ ᠶᠢᠨ ᠬᠦᠦ ᠬᠦᠮᠦᠨ ᠦ ᠠᠮᠢ ᠠᠪᠤᠷᠠᠬᠤ ᠡᠮᠴᠢ ᠶᠢᠨ ᠲᠠᠩᠭᠠᠷᠢᠭ ᠲᠠᠢ ᠦᠨᠡᠨᠴᠢ ᠪᠠᠶᠢᠭᠰᠠᠨ ᠪᠣᠯᠬᠤ ᠪᠡᠷ ᠠᠮᠠ ᠶᠢ ᠯᠠ ᠠᠪᠤᠷᠠᠬᠤ ᠭᠡᠵᠦ ᠣᠷᠣᠯᠳᠤᠭᠰᠠᠨ ᠥᠭᠡᠷ᠎ᠡ ᠬᠦᠮᠦᠨ ᠪᠠᠶᠢᠭᠰᠠᠨ ᠪᠣᠯ ᠣᠶᠢᠷᠠᠳᠬᠤ ᠦᠭᠡᠢ ᠮᠠᠭᠤ ᠰᠠᠨᠠᠭᠠᠯᠠᠭᠠᠳ… 

ᠡᠮᠡᠭᠡ ᠶᠢᠨ ᠬᠦᠦ ᠳᠦ ᠬᠡᠷᠡᠭ ᠢ ᠬᠦᠴᠦ ᠪᠡᠷ ᠲᠣᠬᠣᠵᠤ ᠮᠥᠷᠳᠡᠨ ᠪᠠᠶᠢᠴᠠᠭᠠᠬᠤ ᠭᠠᠵᠠᠷ ᠵᠣᠳᠣᠵᠤ ᠬᠣᠷᠢᠵᠤ ᠳᠠᠷᠤᠮᠲᠠᠯᠠᠵᠤ ᠪᠠᠶᠢᠭᠠᠳ ᠬᠡᠷᠡᠭ ᠢ ᠬᠦᠴᠦ ᠪᠡᠷ ᠲᠣᠬᠣᠵᠠᠢ᠃ ᠤᠭ ᠨᠢ ᠬᠡᠷᠡᠭ ᠦᠨ ᠭᠠᠵᠠᠷ ᠨᠠᠷᠢᠨ ᠰᠢᠨᠵᠢᠯᠡᠭᠡ ᠬᠢᠵᠦ᠂ ᠮᠥᠷᠳᠡᠨ ᠪᠠᠶᠢᠴᠠᠭᠠᠭᠴᠢ ᠰᠢᠳᠤᠷᠭᠤ ᠪᠠᠷ ᠠᠵᠢᠯᠯᠠᠭᠰᠠᠨ ᠪᠣᠯ ᠡᠮᠡᠭᠡ ᠶᠢᠨ ᠠᠮᠢᠳᠤᠷᠠᠯ ᠥᠨᠥᠳᠥᠷ ᠱᠠᠯ ᠥᠭᠡᠷ᠎ᠡ ᠪᠠᠶᠢᠬᠤ ᠪᠠᠶᠢᠭᠰᠠᠨ ᠶᠤᠮ᠃ 

ᠨᠠᠶᠢᠵᠠ ᠶᠢ ᠪᠠᠨ ᠠᠪᠤᠷᠠᠬᠤ ᠭᠡᠵᠦ ᠣᠷᠣᠯᠳᠤᠭᠰᠠᠨ ᠪᠢᠰᠢ ᠠᠯᠠᠭᠤᠷᠴᠢᠨ ᠭᠡᠵᠦ ᠭᠦᠳᠬᠡᠭᠦᠯᠵᠦ ᠱᠣᠷᠣᠩ ᠤᠨ ᠬᠠᠭᠠᠯᠭ᠎ᠠ ᠲᠠᠲᠠᠵᠤ ᠣᠯᠠᠨ ᠵᠢᠯ ᠦᠨ ᠶᠠᠯ᠎ᠠ ᠠᠪᠴᠠᠢ᠃ ᠡᠨᠡ ᠴᠠᠭᠳᠠᠭ᠎ᠠ ᠬᠤᠯᠢᠬᠠᠨ ᠳᠡᠩᠳᠡᠭᠦᠦ ᠪᠦᠳᠦᠭᠦᠯᠢᠭ ᠬᠡᠷᠡᠭ ᠢ ᠬᠤᠷᠳᠤᠨ ᠰᠢᠢᠳᠬᠦ ᠶᠢᠨ ᠲᠤᠯᠠᠳᠠ᠃ ᠬᠡᠴᠢᠨᠡᠨ ᠬᠦᠮᠦᠨ ᠬᠢᠯᠢᠰ ᠬᠡᠷᠡᠭ ᠢᠶᠡᠷ ᠡᠮᠡᠭᠡ ᠶᠢᠨ ᠬᠦᠦ ᠰᠢᠭ ᠭᠦᠳᠬᠡᠭᠦᠯᠵᠦ ᠱᠣᠷᠣᠩ ᠳᠤ ᠰᠠᠭᠤᠭ᠎ᠠ ᠪᠣᠯ᠃ ᠲᠡᠳᠡᠨ ᠦ ᠠᠷᠤ ᠠᠴᠠ ᠬᠡᠴᠢᠨᠡᠨ ᠡᠵᠢ ᠬᠡᠴᠢᠨᠡᠨ ᠡᠬᠡᠨᠡᠷ ᠬᠡᠴᠢᠨᠡᠨ ᠬᠡᠦᠬᠡᠳ ᠠᠪᠤ ᠶᠢ ᠪᠠᠨ ᠰᠠᠨᠠᠵᠤ ᠡᠯᠢᠭᠡ ᠪᠡᠨ ᠡᠮᠲᠡᠯᠵᠦ ᠨᠢᠭᠡ ᠳᠠᠭᠤ ᠳᠤᠲᠠᠭᠤ ᠳᠤᠯᠢᠮᠠᠭ ᠠᠮᠢᠳᠤᠷᠠᠵᠤ ᠶᠠᠪᠤᠭ᠎ᠠ ᠪᠣᠯ᠃ 

ᠡᠰᠡᠪᠡᠯ ᠬᠣᠬᠢᠷᠠᠭᠴᠢ ᠶᠢ ᠤᠬᠢᠯᠠᠭᠠᠳ ᠪᠠᠶᠢᠬᠤ ᠳᠤ ᠵᠢᠩᠬᠢᠨᠢ ᠬᠡᠷᠡᠭᠲᠡᠨ ᠬᠣᠷᠢᠭᠳᠠᠬᠤ ᠶᠣᠰᠣᠲᠠᠢ ᠬᠦᠮᠦᠨ ᠢᠶᠡᠨ ᠬᠠᠮᠠᠭᠠᠯᠠᠵᠤ ᠥᠮᠦᠭᠡᠯᠡᠵᠦ ᠶᠠᠯ᠎ᠠ ᠠᠴᠠ ᠮᠤᠯᠲᠤᠯᠵᠤ ᠬᠣᠬᠢᠷᠠᠭᠴᠢ ᠶᠢ ᠬᠣᠬᠢᠷᠠᠭᠴᠢ ᠴᠢᠭ ᠢᠶᠡᠷ ᠨᠢ ᠦᠯᠡᠳᠡᠭᠡᠭᠰᠡᠨ ᠪᠣᠯ᠃ ᠶᠠᠭ ᠯᠠ ᠨᠠᠳᠠ ᠳᠤ ᠲᠣᠬᠢᠶᠠᠯᠳᠤᠭᠰᠠᠨ ᠶᠠᠪᠤᠳᠠᠯ ᠰᠢᠭ᠃ ᠡᠨᠡ ᠰᠡᠳᠬᠢᠯ ᠵᠢᠷᠦᠬᠡ ᠡᠨᠡ ᠰᠢᠨᠠᠯᠤᠯ ᠢ ᠲᠥᠰᠦᠭᠡᠯᠡᠵᠦ ᠪᠢᠴᠢᠬᠦ ᠳᠦ ᠬᠡᠴᠡᠭᠦᠦ ᠃ ᠦᠰᠢᠶ᠎ᠡ ᠠᠪᠤᠨ᠎ᠠ ᠋ᠳᠠ ᠃ ᠳᠣᠲᠣᠷ᠎ᠠ ᠠᠴᠠ ᠢᠩᠭᠢᠵᠦ ᠬᠠᠰᠭᠢᠷᠳᠠᠭ…᠃ 

ᠪᠡᠷᠢ ᠦᠬᠢᠨ ᠵᠢᠡᠨ ᠥᠪᠡᠷ ᠰᠢᠭ ᠢᠶᠡᠨ ᠨᠠᠰᠤ ᠪᠠᠷ ᠬᠦᠮᠦᠨ ᠬᠦᠯᠢᠶᠡᠵᠦ ᠠᠮᠢᠳᠤᠷᠠᠭᠤᠯᠬᠤ ᠭᠡᠰᠡᠨ ᠳᠦ ᠪᠡᠨ ᠠᠯᠪᠠ ᠪᠠᠷ ᠪᠡᠷᠢ ᠳᠦ ᠪᠡᠨ ᠠᠭᠠᠰᠢ ᠭᠠᠷᠭᠠᠵᠤ ᠭᠣᠮᠣᠳᠠᠭᠠᠬᠤ ᠪᠣᠯᠵᠤ᠃ ᠲᠡᠷᠡ ᠪᠣᠯᠭᠠᠨ ᠳᠤ ᠳᠣᠲᠣᠷ᠎ᠠ ᠪᠠᠨ ᠡᠵᠢ ᠪᠡᠨ ᠥᠷᠦᠰᠢᠶᠡ ᠭᠡᠵᠦ ᠨᠢᠯᠪᠤᠰᠤ ᠪᠠᠨ ᠵᠠᠯᠭᠢᠨ᠎ᠠ᠃ ᠨᠢᠭᠡ ᠯᠠ ᠡᠳᠦᠷ ᠪᠠᠶᠢᠷᠢ ᠪᠠᠨ ᠪᠡᠷᠢ ᠳᠦ ᠪᠡᠨ ᠦᠯᠡᠳᠡᠭᠡᠬᠦ ᠪᠢᠴᠢᠭ ᠪᠠᠷᠢᠮᠲᠠ ᠪᠠᠨ ᠵᠢᠩ ᠲᠠᠨ ᠪᠣᠯᠭᠠᠵᠤ ᠦᠯᠡᠳᠡᠭᠡᠳ ᠭᠡᠷ ᠪᠦᠯᠢ ᠶᠢᠨ ᠵᠢᠷᠤᠭ ᠢᠶᠠᠨ ᠠᠪᠤᠭᠠᠳ ᠶᠠᠪᠤᠭᠠᠳ ᠥᠭᠴᠦ᠃ ᠡᠮᠡᠭᠡ ᠲᠡᠷᠡ ᠦᠶ᠎ᠡ ᠳᠦ ᠪᠠᠰᠠ ᠴᠤ 60 ᠬᠦᠷᠴᠦ ᠶᠠᠪᠤᠭ᠎ᠠ ᠨᠠᠰᠤᠨ ᠳᠤ ᠪᠠᠨ ᠪᠠᠶᠢᠭᠰᠠᠨ ᠪᠣᠯᠬᠤ ᠪᠠᠷ ᠪᠠᠶᠢᠭᠰᠠᠨ ᠮᠥᠩᠭᠥ ᠪᠡᠷ ᠢᠶᠡᠨ 70 ᠳᠠᠪᠬᠤᠷ ᠤᠨ ᠲᠡᠨᠳᠡ ᠵᠢᠵᠢᠭ ᠬᠠᠰᠢᠶ᠎ᠠ 4 ᠬᠠᠨ᠎ᠠ ᠲᠠᠢ ᠭᠡᠷ ᠠᠪᠤᠨ ᠲᠡᠳᠬᠦᠪᠦᠷᠢ ᠶᠢᠨ ᠮᠥᠩᠭᠥ ᠪᠡᠷ ᠢᠶᠡᠨ ᠪᠣᠯᠭᠠᠭᠠᠳ ᠠᠮᠢᠳᠤᠷᠠᠨ᠎ᠠ ᠳ᠋ᠠ ᠭᠡᠳ ᠠᠮᠢᠳᠤᠷᠠᠵᠤ ᠡᠬᠢᠯᠡᠵᠡᠢ᠃ ᠮᠥᠨ ᠴᠤ ᠠᠭᠤᠵᠢᠭᠤ ᠰᠡᠳᠬᠢᠯ ᠭᠠᠷᠭᠠᠵᠤ ᠮᠥᠨ ᠴᠤ ᠶᠡᠬᠡ ᠥᠪᠡᠷ ᠢ ᠪᠡᠨ ᠵᠣᠯᠢᠶᠠᠰᠤᠯᠠᠵᠤ ᠳ᠋ᠡ ᠡᠨᠡ ᠡᠮᠧ᠃ 

ᠵᠠᠷᠢᠮ ᠳᠤ ᠪᠠᠨ ᠡᠮᠡᠭᠡ ᠨᠢᠳᠦ ᠪᠡᠨ ᠠᠨᠢᠨ ᠬᠥᠩᠭᠡᠨ ᠰᠠᠨᠠᠭ᠎ᠠ ᠠᠯᠠᠳᠠᠨ ᠬᠡᠪᠲᠡᠨ᠎ᠡ᠃ ᠥᠪᠡᠷ ᠢ ᠪᠡᠨ ᠡᠮᠨᠡᠯᠭᠡ ᠶᠢᠨ ᠣᠷᠣᠨ ᠳᠡᠭᠡᠷ᠎ᠡ ᠪᠢᠰᠢ ᠨᠣᠭᠣᠭᠠᠨ ᠵᠦᠯᠭᠡᠨ ᠳᠡᠭᠡᠷ᠎ᠡ ᠲᠠᠭᠠᠵᠠ ᠰᠢᠷᠲᠡᠵᠦ ᠪᠢᠰᠢ ᠲᠩᠷᠢ ᠰᠢᠷᠲᠡᠵᠦ ᠬᠦᠦ ᠲᠡᠢ ᠪᠡᠨ ᠡᠷᠬᠡᠯᠡᠵᠦ ᠲᠣᠭᠯᠠᠳᠠᠭ ᠲᠡᠷᠡ ᠴᠡᠴᠡᠭᠲᠦ ᠨᠤᠭᠤᠳ ᠢᠶᠠᠨ ᠰᠠᠶᠢᠬᠠᠨ ᠪᠦᠰᠡᠭᠦᠢ ᠨᠠᠰᠤᠨ ᠳᠤ ᠪᠠᠨ ᠣᠴᠢᠵᠤ ᠰᠡᠳᠬᠢᠯ ᠬᠠᠩᠭᠠᠯᠤᠭᠤᠨ ᠬᠡᠪᠲᠡᠵᠦ ᠪᠠᠶᠢᠨ᠎ᠠ ᠭᠡᠵᠦ ᠲᠥᠰᠦᠭᠡᠯᠡᠳᠡᠭ ᠪᠠᠶᠢᠬᠤ ᠳᠤ ᠪᠠᠨ ᠭᠡᠵᠦ ᠪᠣᠳᠣᠳᠠᠭ… ᠃ ᠡᠮᠡᠭᠡ ᠶᠢᠨ ᠠᠮᠢᠳᠤᠷᠠᠯ ᠢ ᠵᠣᠯᠪᠢᠩ ᠰᠢᠷ᠎ᠠ ᠣᠷᠣᠰ᠂ ᠵᠣᠪᠠᠯᠠᠩ ᠮᠡᠳᠡᠳᠡᠭ ᠦᠭᠡᠢ ᠵᠠᠷᠢᠮ ᠬᠦᠮᠦᠨ ᠋ᠳᠦ ᠵᠣᠭᠣᠰ ᠢᠶᠠᠷ ᠦᠢᠯᠡᠴᠢᠯᠡᠳᠡᠭ ᠬᠠᠤᠯᠢ᠂ ᠠᠵᠢᠯ ᠢᠶᠠᠨ ᠬᠢᠬᠦ ᠡᠴᠡ ᠵᠠᠯᠬᠠᠭᠤᠷᠠᠭᠰᠠᠨ ᠮᠥᠷᠳᠡᠨ ᠪᠠᠶᠢᠴᠠᠭᠠᠭᠴᠢ ᠰᠡᠲᠡᠷ ᠵᠡᠭᠦᠭᠰᠡᠨ ᠠᠷᠠᠴᠢᠭ᠎ᠠ ᠦᠭᠡᠢ ᠬᠦᠮᠦᠰ ᠡᠶᠢᠮᠦ ᠪᠣᠯᠭᠠᠵᠠᠢ ᠃ ᠤᠭ ᠨᠢ ᠡᠮᠡᠭᠡ ᠨᠣᠣᠷᠬᠠᠢ ᠨᠣᠭᠣᠭᠠᠨ ᠳᠡᠪᠡᠯ ᠲᠡᠢ ᠪᠢᠰᠢ ᠨᠣᠭᠣᠭᠠᠨ ᠲᠣᠷᠭᠠᠨ ᠳᠡᠪᠡᠯ ᠲᠡᠢ᠂ ᠰᠡᠭᠦᠵᠢᠨ ᠡᠭᠡᠮᠦᠭ ᠰᠠᠨᠵᠢᠭᠢᠨᠠᠭᠤᠯᠤᠭᠠᠳ ᠢᠨᠢᠶᠡᠳᠦ ᠠᠯᠠᠳᠠᠭᠰᠠᠨ ᠠᠴᠢ ᠨᠠᠷ ᠲᠠᠢ ᠪᠠᠨ ᠡᠷᠬᠢᠯᠡᠨ ᠰᠠᠭᠤᠵᠤ᠂ ᠠᠯᠳᠠᠷᠲᠤ ᠡᠮᠴᠢ ᠶᠢᠨ ᠡᠵᠢ ᠭᠡᠵᠦ ᠬᠦᠨᠳᠦᠯᠡᠭᠦᠯᠵᠦ᠂ ᠨᠠᠪᠰᠠᠷᠬᠠᠢ ᠭᠡᠷ ᠲᠦ ᠪᠢᠰᠢ ᠨᠠᠶᠢᠮᠠᠨ ᠥᠷᠥᠭᠡ ᠪᠠᠶᠢᠷᠢᠨ ᠳᠤ᠂ ᠤᠰᠤᠨ ᠳᠤ ᠶᠠᠪᠤᠬᠤ ᠭᠡᠵᠦ ᠭᠡᠷ ᠡᠴᠡ ᠪᠡᠨ ᠭᠠᠷᠴᠤ ᠪᠢᠰᠢ ᠨᠠᠷᠠᠯᠠᠵᠤ ᠰᠠᠭᠤᠬᠤ ᠭᠡᠵᠦ ᠭᠡᠷ ᠡᠴᠡ ᠪᠠᠨ ᠭᠠᠷᠳᠠᠭ᠃ ᠠᠢ ᠬᠥᠭᠡᠷᠦᠬᠦᠢ ᠬᠦᠮᠦᠨ ᠦ ᠲᠠᠪᠢᠯᠠᠩ ᠭᠡᠵᠦ… 

ᠮᠠᠨ ᠤ ᠲᠠᠰᠤᠭ ᠤᠨ ᠡᠮᠴᠢ ᠠᠭᠠᠰᠢ ᠮᠠᠭᠤ ᠲᠠᠢ ᠴᠤ ᠰᠠᠶᠢᠬᠠᠨ ᠰᠡᠳᠬᠢᠯ ᠲᠡᠢ ᠥᠷᠦᠪᠴᠢ ᠴᠠᠭᠠᠨ᠎ᠠ ᠯᠠ ᠨᠢᠭᠡ ᠬᠦᠮᠦᠨ ᠦ ᠲᠥᠯᠥᠭᠡ ᠭᠡᠰᠡᠨ ᠡᠮᠴᠢ ᠪᠠᠶᠢᠭᠰᠠᠨ ᠶᠤᠮ ᠃ ᠤᠴᠢᠷ ᠢ ᠨᠢ ᠬᠡᠳᠦ ᠬᠣᠨᠣᠭ ᠬᠠᠷᠠᠵᠤ ᠣᠶᠢᠯᠠᠭᠠᠭᠰᠠᠨ ᠡᠮᠴᠢ ᠨᠢᠭᠡ ᠡᠳᠦᠷ ᠵᠠ ᠡᠮᠧ ᠮᠠᠷᠭᠠᠰᠢ ᠬᠠᠭᠠᠯᠭᠠᠨ ᠳᠤ ᠣᠷᠣᠨ᠎ᠠ ᠃ ᠦᠨ᠎ᠡ ᠦᠭᠡᠢ ᠬᠠᠭᠠᠯᠭ᠎ᠠ ᠰᠠᠨᠠᠭ᠎ᠠ ᠵᠣᠪᠠᠯᠲᠠ ᠦᠭᠡᠢ ᠬᠠᠭᠠᠯᠭᠠᠨ ᠳᠤ ᠤᠷᠤᠬᠤ ᠬᠡᠷᠡᠭᠲᠡᠢ ᠶᠠᠭᠤᠮᠠᠨ ᠨᠤᠭᠤᠳᠠ ᠶᠢᠨ ᠡᠮᠴᠢ ᠨᠢ ᠥᠷᠥᠭᠡᠨ ᠳᠦ ᠪᠡᠨ ᠠᠪᠤᠭᠠᠳ ᠲᠠᠯᠪᠢᠭᠰᠠᠨ ᠪᠠᠶᠢᠭ᠎ᠠ ᠵᠠ ᠤᠤ ᠡᠮᠧ ᠭᠡᠵᠦ ᠬᠡᠯᠡᠭᠡᠳ ᠳᠤᠯᠠᠭᠠᠬᠠᠨ ᠢᠨᠢᠶᠡᠮᠰᠦᠭᠯᠡᠬᠦ ᠳᠦ ᠡᠮᠡᠭᠡ ᠨᠢᠯᠪᠤᠰᠤ ᠪᠠᠨ ᠪᠠᠷᠢᠵᠤ ᠴᠢᠳᠠᠯ ᠦᠭᠡᠢ ᠤᠬᠢᠯᠠᠭᠰᠠᠨ᠃ ᠮᠢᠨᠦ ᠬᠦᠦ ᠴᠢᠮ᠎ᠠ ᠰᠢᠭ ᠰᠠᠶᠢᠬᠠᠨ ᠡᠮᠴᠢ ᠪᠠᠶᠢᠭᠰᠠᠨ ᠶᠠᠭᠤᠮ᠎ᠠ  ᠡ᠃ ᠰᠠᠶᠢᠬᠠᠨ ᠪᠤᠶᠠᠨ ᠲᠠᠢ ᠡᠮᠴᠢ ᠬᠦᠦ ᠮᠢᠨᠢ ᠡᠮᠡᠭᠡ ᠶᠢᠨ ᠢᠶᠡᠨ ᠨᠠᠰᠤ ᠶᠢ ᠠᠪᠤᠭᠠᠷᠠᠢ… ᠭᠡᠵᠦ ᠬᠡᠯᠡᠭᠡᠳ ᠴᠢᠮᠡᠭᠡ ᠦᠭᠡᠢ ᠨᠢᠯᠪᠤᠰᠤ ᠨᠢ ᠤᠷᠤᠰᠤᠭᠠᠳ ᠯᠠ ᠪᠠᠶᠢᠯ᠎ᠠ᠃ 

ᠡᠮᠡᠭᠡ ᠳᠦ ᠮᠠᠰᠢ ᠶᠡᠬᠡ ᠳᠤᠰᠤᠯ ᠲᠠᠷᠢᠶ᠎ᠠ ᠸᠢᠲ᠋ᠠᠮᠢᠨ ᠬᠢᠳᠡᠭ ᠵᠠᠷᠢᠮ ᠨᠢ ᠶᠡᠬᠡ ᠦᠨ᠎ᠡ ᠲᠡᠢ ᠪᠠᠶᠢᠭᠰᠠᠨ᠃ ᠠᠭᠠᠰᠢ ᠮᠠᠭᠤ ᠲᠠᠢ ᠡᠮᠴᠢ ᠬᠣᠯᠠ ᠠᠴᠠ ᠢᠩᠭᠢᠵᠦ ᠬᠠᠶᠢᠷᠠᠯᠠᠵᠤ ᠪᠠᠶᠢᠭᠰᠠᠨ ᠶᠤᠮ᠃ ᠨᠢᠭᠡ ᠬᠡᠪᠲᠡᠵᠦ ᠪᠠᠶᠢᠭ᠎ᠠ ᠳᠡᠭᠡᠷ᠎ᠡ ᠰᠠᠶᠢᠨ ᠲᠣᠷᠳᠠᠭᠠᠳ ᠠᠪᠢᠶ᠎ᠠ ᠯᠠ ᠭᠡᠰᠡᠨ ᠳᠦ ᠪᠡᠨ᠃ ᠥᠪᠡᠷ ᠢᠶᠡᠨ ᠪᠡᠶ᠎ᠡ ᠨᠢ ᠶᠠᠭᠠᠬᠢᠵᠤ ᠪᠠᠶᠢᠨ᠎ᠠ ᠭᠡᠵᠦ ᠠᠰᠠᠭᠤᠬᠤ ᠦᠭᠡᠢ ᠬᠡᠷᠡᠨ᠎ᠡ ᠰᠤᠪᠢᠯᠠᠭᠴᠢ ᠠᠴᠠ ᠶᠠᠭᠠᠬᠢᠵᠤ ᠪᠠᠶᠢᠭ᠎ᠠ ᠶᠢ ᠨᠢ ᠡᠳᠦᠷ ᠲᠦ ᠬᠡᠳᠦᠨᠲᠡ ᠠᠰᠠᠭᠤᠨ᠎ᠠ᠃ ᠥᠷᠯᠥᠭᠡ 6 ᠴᠠᠭ ᠲᠤ ᠠᠵᠢᠯ ᠳᠤ ᠪᠠᠨ ᠢᠷᠡᠳᠡᠭ ᠵᠠᠷᠢᠮ ᠳᠤ ᠪᠠᠨ ᠡᠲᠡᠭᠡᠳ ᠰᠠᠨᠠᠭᠳᠠᠳᠠᠭ ᠲᠡᠷᠡ ᠡᠮᠴᠢ ᠨᠠᠳᠠ ᠳᠤ 2 ᠬᠠᠭᠠᠯᠭ᠎ᠠ ᠬᠢᠭᠰᠡᠨ᠃ ᠴᠠᠭᠠᠨ᠎ᠠ ᠪᠠᠨ ᠥᠷᠥᠪᠳᠥᠭᠡᠳ ᠪᠠᠶᠢᠭ᠎ᠠ ᠪᠠᠨ ᠨᠠᠭᠠᠨ᠎ᠠ ᠪᠠᠨ ᠠᠭᠠᠰᠢᠯᠠᠵᠤ ᠬᠠᠷᠠᠭᠤᠯᠳᠠᠭ ᠡᠮᠴᠢ ᠰᠢᠦ ᠳ᠋ᠡ᠃ ᠪᠢ ᠴᠤ ᠵᠠᠩᠨᠠᠭᠤᠯᠵᠤ ᠪᠠᠶᠢᠭᠰᠠᠨ᠃ ᠶᠠᠭᠠᠬᠢᠭᠠᠳ ᠳᠠᠩᠳᠠ ᠬᠥᠮᠥᠰᠬᠡ ᠪᠡᠨ ᠵᠠᠩᠭᠢᠳᠴᠤ ᠬᠡᠪᠲᠡᠵᠦ ᠪᠠᠶᠢᠳᠠᠭ ᠶᠤᠮ ᠴᠢ ᠃ ᠤᠳᠤᠬᠤ ᠦᠭᠡᠢ ᠪᠣᠰᠴᠢᠬᠡ ᠶᠤᠮ ᠴᠢᠨᠢ ᠶᠢᠨ ᠢᠶᠡᠨ ᠮᠡᠳᠡᠪᠡ ᠦᠦ… ᠳᠠᠷᠠᠭ᠎ᠠ ᠨᠢ ᠪᠢ ᠠᠶᠤᠭᠰᠠᠨ ᠳᠤ ᠪᠠᠨ ᠪᠣᠯᠤᠭᠠᠳ ᠢᠨᠢᠶᠡᠭᠰᠡᠨ᠃ ᠲᠡᠷᠡᠨ ᠡᠴᠡ ᠬᠣᠶᠢᠰᠢ ᠡᠮᠴᠢ ᠶᠢ ᠪᠡᠨ ᠬᠠᠷᠠᠬᠤ ᠪᠠᠷ ᠯᠠ ᠢᠨᠢᠶᠡᠳᠡᠭ ᠪᠣᠯᠤᠭᠰᠠᠨ᠃ ᠪᠢ ᠡᠪᠡᠳᠦᠭᠰᠡᠨ ᠳᠦ ᠪᠡᠨ ᠪᠣᠯᠤᠭᠠᠳ ᠢᠨᠢᠶᠡᠬᠦ ᠪᠡᠨ ᠮᠠᠷᠲᠠᠭᠰᠠᠨ ᠪᠠᠶᠢᠵᠤ᠃ ᠬᠠᠷᠢᠨ ᠢᠨᠢᠶᠡᠮᠰᠦᠭᠯᠡᠯ ᠢ ᠮᠢᠨᠢ ᠡᠷᠭᠢᠭᠦᠯᠵᠦ ᠨᠠᠳᠠ ᠳᠤ ᠥᠭᠭᠦᠭᠰᠡᠨ ᠠᠭᠠᠰᠢ ᠮᠠᠭᠤ ᠲᠠᠢ ᠡᠮᠴᠢ᠃ 

ᠡᠮᠧ ᠶᠢ ᠮᠠᠨ ᠤ ᠥᠷᠦᠭᠡᠨ ᠦ ᠬᠢᠨ ᠪᠥᠭᠥᠳᠡᠭᠡᠷ ᠢᠶᠡᠨ ᠬᠠᠶᠢᠷᠠᠯᠠᠳᠠᠭ᠃ ᠡᠵᠢ ᠨᠥᠭᠥᠭᠡ ᠰᠠᠬᠢᠭᠤᠷ ᠠᠬ᠎ᠠ ᠬᠣᠶᠠᠷ ᠡᠭᠡᠯᠵᠢᠯᠡᠵᠦ ᠲᠤᠰᠠᠯᠠᠳᠠᠭ ᠪᠠᠶᠢᠭᠰᠠᠨ᠃ ᠡᠷᠭᠢᠯᠲᠡ ᠶᠢᠨ ᠬᠣᠭᠣᠯᠠᠨ ᠠᠴᠠ ᠪᠠᠨ ᠪᠥᠭᠥᠳᠡᠭᠡᠷ ᠢᠶᠡᠨ ᠥᠭᠳᠡᠭ᠃ ᠡᠮᠡᠭᠡ ᠲᠡᠷᠡ ᠪᠣᠯᠭᠠᠨ ᠳᠤ ᠪᠤᠶᠠᠨ ᠢᠶᠠᠨ ᠨᠡᠮᠡ ᠭᠡᠵᠦ ᠢᠷᠦᠭᠡᠨ᠎ᠡ᠃ ᠲᠡᠭᠡᠬᠦ ᠳᠦ ᠪᠡᠨ ᠶᠡᠬᠡ ᠥᠷᠥᠪᠳᠥᠮᠡᠷ ᠰᠠᠨᠠᠭ᠎ᠠ ᠵᠣᠪᠠᠭᠠᠳ ᠪᠠᠶᠢᠬᠤ ᠰᠢᠭ᠃ ᠪᠢ ᠡᠮᠧ ᠶᠢ ᠰᠢᠬᠢᠷ ᠵᠢᠮᠢᠰ ᠢᠶᠡᠷ ᠶᠡᠬᠡ ᠳᠠᠶᠢᠯᠠᠨ᠎ᠠ᠃ ᠡᠮᠡᠭᠡ ᠡᠨᠡ ᠭᠣᠶᠣ ᠨᠠᠳᠠ ᠳᠤ ᠵᠥᠩᠳᠡᠭᠡᠨ ᠪᠠᠶᠢᠭ᠎ᠠ ᠭᠡᠳ ᠬᠦᠴᠦ ᠪᠡᠷ ᠥᠭᠭᠦᠨ᠎ᠡ᠃ ᠠᠮᠢᠬᠠᠨ ᠳᠤ ᠪᠠᠨ ᠡᠮᠡᠭᠡ ᠶᠢ ᠪᠠᠶᠠᠷᠯᠠᠭᠤᠯᠬᠤ ᠭᠡᠵᠦ᠃ ᠵᠠᠷᠢᠮ ᠨᠢ ᠡᠮᠡᠭᠡ ᠶᠢᠨ ᠢᠳᠡᠵᠦ ᠦᠵᠡᠭᠡ ᠦᠭᠡᠢ ᠠᠮᠲᠠᠲᠠᠨ ᠨᠤᠭᠦᠳ᠃ 

ᠡᠮᠡᠭᠡ ᠨᠠᠮᠠᠢ ᠪᠠᠰᠠ ᠶᠡᠬᠡ ᠥᠷᠦᠪᠳᠦᠨ᠎ᠡ᠃ ᠬᠠᠶᠢᠷᠠᠨ ᠰᠠᠶᠢᠬᠠᠨ ᠥᠬᠢᠨ ᠶᠠᠮᠠᠷ ᠮᠠᠭᠤᠬᠠᠢ ᠨᠢ ᠡᠶᠢᠮᠦ ᠪᠣᠯᠭᠠᠳᠠᠭ ᠪᠠᠶᠢᠨ᠎ᠠ ᠭᠡᠬᠦ ᠪᠡᠷ ᠨᠢ ᠯᠠ ᠪᠢ ᠤᠬᠢᠯᠠᠴᠢᠨ᠎ᠠ᠃ ᠨᠠᠮᠠᠢ ᠤᠶᠢᠯᠠᠬᠤ ᠪᠠᠷ ᠡᠮᠡᠭᠡ ᠨᠢᠳᠦᠨ ᠳᠦ ᠨᠢ ᠨᠢᠯᠪᠤᠰᠤ ᠴᠡᠶᠢᠯᠡᠭᠡᠨᠡᠭᠡᠳ ᠯᠠ ᠢᠷᠡᠨ᠎ᠡ᠃ ᠡᠮᠧ ᠶᠢ ᠤᠬᠢᠯᠠᠭᠤᠯᠤᠯ᠎ᠠ ᠭᠡᠳ ᠡᠵᠢ ᠨᠠᠮᠠᠢ ᠵᠠᠩᠨᠠᠨ᠎ᠠ ᠃ ᠶᠠᠭᠠᠳᠠᠭ ᠶᠤᠮ ᠤᠷᠤᠰ ᠰᠡᠳᠬᠢᠯ ᠢᠶᠡᠨ ᠨᠢᠮᠭᠡᠯᠡ ᠭᠡᠵᠦ ᠨᠢᠯᠪᠤᠰᠤ ᠬᠦᠨᠳᠦ ᠵᠠᠶᠠᠭᠠᠴᠠᠢ᠃ ᠰᠣᠨᠢᠨ ᠰᠢᠦ ᠰᠠᠶᠢᠬᠠᠨ ᠤᠬᠢᠯᠠᠴᠢᠬᠠᠷ᠎ᠠ ᠬᠡᠰᠡᠭ ᠲᠦ ᠪᠡᠨ ᠯᠠ ᠰᠡᠳᠬᠢᠯ ᠬᠥᠩᠭᠡᠷᠡᠭᠡᠳ᠃ ᠵᠠᠷᠢᠮ ᠬᠦᠮᠦᠰ ᠲᠣᠮᠣ ᠪᠣᠯᠴᠣᠩ ᠭᠡᠳ ᠤᠬᠢᠯᠠᠳᠠᠭ ᠦᠭᠡᠢ ᠪᠠᠶᠢᠬᠤ᠃ ᠡᠰᠡᠪᠡᠯ ᠵᠢᠷᠭᠠᠯ ᠲᠠᠢ ᠬᠦᠮᠦᠨ ᠢ ᠠᠮᠢᠳᠤᠷᠠᠯ ᠤᠬᠢᠯᠠᠬᠤ ᠶᠢ ᠨᠢ ᠮᠠᠷᠲᠠᠭᠤᠯᠳᠠᠭ ᠪᠠᠶᠢᠬᠤ᠃ ᠳᠠᠭᠤᠰᠳᠠᠭ ᠦᠭᠡᠢ ᠵᠣᠪᠠᠯᠠᠩ ᠢ ᠳᠤᠨᠳᠠᠯᠠᠬᠤ ᠭᠡᠵᠦ᠃ 

ᠳᠤᠰᠤᠯ ᠨᠢᠯᠪᠤᠰᠤ ᠪᠠᠨ ᠴᠤ ᠬᠠᠶᠢᠷᠠᠯᠠᠬᠤ ᠦᠭᠡᠢ ᠪᠢ ᠤᠬᠢᠯᠠᠭᠠᠳ ᠴᠤ ᠪᠣᠯᠲᠤᠭᠠᠢ ᠳᠤᠮᠳᠠᠷᠠᠬᠤ ᠪᠣᠯ…

ᠤᠶᠢᠯᠵᠢᠯ ᠰᠠᠭᠤᠨ᠎ᠠ ᠳ᠋ᠠ ᠪᠦᠰᠡᠭᠦᠢ ᠶᠢᠨ ᠵᠠᠶᠠᠭ᠎ᠠ  ᠮᠢᠨᠢ… ᠃ ᠭᠡᠵᠦ ᠳᠠᠭᠤᠨ ᠳᠡᠭᠡᠷ᠎ᠡ ᠭᠠᠷᠳᠠᠭ᠃

ᠵᠣᠪᠠᠬᠤ ᠭᠡᠵᠦ ᠡᠮᠡᠭᠲᠡᠢ ᠬᠦᠮᠦᠨ ᠲᠦᠷᠦᠭᠰᠡᠨ ᠶᠤᠮ ᠭᠡᠵᠦ ᠵᠣᠯᠢᠭ ᠤᠨ ᠨᠢᠭᠡᠨ ᠵᠣᠬᠢᠶᠠᠯᠴᠢ ᠬᠡᠯᠡᠵᠡᠢ᠃ ᠡᠨᠡ ᠦᠭᠡᠨ ᠳᠦ ᠶᠠᠮᠠᠷ ᠣᠯᠠᠨ ᠬᠦᠮᠦᠨ ᠲᠡᠰᠢ ᠳᠦ ᠪᠡᠨ ᠦᠨᠡᠨ ᠦᠨᠡᠨ ᠶᠣᠰᠣᠲᠠᠢ ᠭᠣᠶᠣ ᠬᠡᠯᠡᠯ᠎ᠡ ᠭᠡᠵᠦ ᠬᠥᠭᠡᠷᠬᠦ ᠶᠢ ᠨᠢ ᠶᠠᠭᠠᠬᠢᠨ᠎ᠠ᠃ ᠵᠣᠪᠠᠬᠤ ᠭᠡᠵᠦ ᠡᠮᠡᠭᠲᠡᠢ ᠬᠦᠮᠦᠨ ᠲᠦᠷᠦᠭᠰᠡᠨ ᠶᠤᠮ ᠭᠡᠵᠦ ᠲᠡᠶᠢᠮᠦ ᠰᠣᠨᠣᠰᠬᠤᠯᠠᠩ ᠲᠠᠢ ᠰᠣᠨᠣᠰᠤᠭᠳᠠᠭᠠᠳ ᠪᠠᠶᠢᠭ᠎ᠠ ᠶᠠᠭᠤᠮ᠎ᠠ ᠪᠠᠶᠢᠬᠤ ᠳᠤ ᠪᠠᠨ᠃ ᠪᠢ ᠯᠠᠪ ᠡᠨᠡ ᠦᠭᠡᠨ ᠳᠦ ᠳᠤᠷ᠎ᠠ ᠦᠭᠡᠢ ᠭᠡᠵᠦ ᠨᠢᠭᠡ ᠠᠬ᠎ᠠ ᠨᠠᠳᠠ ᠳᠤ ᠬᠡᠯᠡᠭᠰᠡᠨ ᠶᠤᠮ᠃ ᠪᠢ ᠴᠤ ᠪᠠᠰᠠ ᠳᠤᠷ᠎ᠠ ᠦᠭᠡᠢ… 

ᠡᠮᠡᠭᠡ ᠳᠦ ᠨᠢᠭᠡ ᠵᠢᠵᠢᠭᠬᠡᠭᠡᠨ ᠠᠯᠠᠭᠠᠨ ᠳᠤ ᠪᠠᠭᠲᠠᠮᠠᠷ ᠲᠣᠯᠢ ᠪᠠᠶᠢᠭᠰᠠᠨ᠃ ᠬᠠᠶᠠ ᠭᠠᠷᠭᠠᠵᠤ ᠢᠷᠡᠵᠦ ᠲᠣᠯᠢᠳᠠᠨ᠎ᠠ ᠰᠢᠦ ᠳ᠋ᠡ ᠡᠮᠡᠭᠡ ᠮᠠᠨᠢ.ᠳᠠᠯᠠᠨ ᠲᠠᠪᠤᠨ ᠨᠠᠰᠤᠲᠠᠢ ᠡᠮᠡᠭᠲᠡᠢ ᠲᠣᠯᠢᠨ ᠳᠤ ᠬᠠᠷᠠᠬᠤ ᠳᠤ ᠪᠠᠨ ᠶᠠᠭᠤ ᠪᠣᠳᠣᠳᠠᠭ ᠪᠣᠯ᠃ ᠪᠢ ᠠᠩᠬ᠎ᠠ ᠭᠠᠶᠢᠬᠠᠵᠤ ᠪᠢᠯᠡ ᠡᠮᠧ ᠲᠣᠯᠢᠳᠠᠵᠤ ᠪᠠᠶᠢᠬᠤ ᠶᠢ ᠬᠠᠷᠠᠭᠠᠳ ᠡᠵᠢ ᠶᠢ ᠪᠡᠨ ᠴᠤ ᠲᠣᠯᠢᠳᠠᠵᠤ ᠪᠠᠶᠢᠬᠤ ᠶᠢ ᠪᠠᠷᠤᠭ ᠬᠠᠷᠠᠵᠤ ᠪᠠᠶᠢᠭ᠎ᠠ ᠦᠭᠡᠢ᠃ ᠡᠰᠡᠪᠡᠯ ᠡᠵᠢ ᠮᠠᠨᠢ ᠨᠠᠮᠠᠢ ᠲᠣᠯᠢᠳᠠᠵᠤ ᠬᠠᠷᠠᠵᠤ ᠬᠡᠦᠬᠡᠨ ᠨᠠᠰᠤ ᠪᠠᠨ᠂ ᠬᠡᠦᠬᠡᠨ ᠨᠠᠰᠤᠨ ᠳᠤ ᠪᠠᠨ ᠬᠡᠪᠡᠭᠡᠷᠡᠢ ᠪᠠᠶᠢᠭ᠎ᠠ ᠪᠠᠷ ᠲᠥᠰᠦᠭᠡᠯᠡᠳᠡᠭ ᠪᠠᠶᠢᠬᠤ᠃ ᠠᠢ ᠬᠥᠭᠡᠷᠦᠬᠦᠢ ᠡᠮᠡᠭᠲᠡᠢ ᠬᠦᠮᠦᠨ ᠶᠠᠮᠠᠷᠴᠤ ᠦᠶᠡᠳᠡᠭᠡᠨ ᠦᠵᠡᠰᠬᠦᠯᠡᠩ ᠲᠡᠢ᠃ ᠡᠨᠡ ᠬᠣᠷᠸ᠎ᠠ ᠶᠢᠨ ᠶᠡᠬᠡᠩᠬᠢ ᠳᠠᠭᠤᠤ ᠪᠢᠳᠡᠨ ᠦ ᠦᠵᠡᠰᠬᠦᠯᠡᠩ ᠭᠣᠸ᠎ᠠ ᠦᠯᠡᠮᠵᠢ ᠲᠡᠭᠦᠯᠳᠡᠷ ᠢ ᠪᠢᠰᠢᠷᠡᠨ ᠪᠢᠰᠢᠷᠡᠨ ᠳᠠᠭᠤᠯᠠᠭᠳᠠᠭᠰᠠᠭᠠᠷ… ᠡᠮᠡᠭᠡ ᠶᠡᠬᠡ ᠰᠠᠶᠢᠬᠠᠨ ᠳᠠᠭᠤᠯᠠᠳᠠᠭ ᠪᠦᠰᠡᠭᠦᠢ ᠪᠠᠶᠢᠴᠠᠢ᠃ ᠨᠢᠭᠡ ᠣᠷᠣᠢ ᠥᠷᠥᠭᠡᠨ ᠳᠦ ᠳᠣᠲᠣᠨᠣ ᠳᠤᠯᠠᠭᠠᠬᠠᠨ ᠶᠠᠷᠢᠶ᠎ᠠ ᠪᠣᠯᠤᠭᠰᠠᠨ ᠶᠤᠮ ᠃ ᠡᠮᠧ ᠳᠠᠭᠤᠤ ᠳᠠᠭᠤᠯᠠᠭᠠᠳ ᠥᠭᠭᠦᠭᠡᠴᠢ ᠭᠡᠵᠦ ᠭᠤᠶᠤᠯ᠎ᠠ ᠃ ᠲᠥᠰᠦᠭᠡᠯᠡᠳᠡᠭᠡ ᠡᠮᠨᠡᠯᠭᠡ ᠶᠢᠨ ᠣᠷᠣᠨ ᠳᠡᠭᠡᠷ᠎ᠡ ᠬᠡᠪᠲᠡᠵᠦ ᠪᠤᠢ ᠡᠮᠡᠭᠡ ᠬᠣᠭᠣᠯᠠᠢ ᠶᠢ ᠪᠠᠨ ᠵᠠᠰᠠᠨ ᠳᠠᠭᠤᠯᠠᠬᠤ ᠭᠡᠵᠦ ᠪᠠᠶᠢᠨ᠎ᠠ᠃ 

ᠰᠠᠭᠯᠠᠭᠠᠷ ᠰᠠᠭᠯᠠᠭᠠᠷ ᠮᠣᠳᠣᠨ ᠳᠤ ᠪᠠᠨ 
ᠱᠠᠭᠠᠵᠠᠭᠠᠢ ᠰᠢᠪᠠᠭᠤ ᠱᠠᠭᠰᠢᠷᠠᠨ᠎ᠠ ᠳ᠋ᠠ ᠬᠥ 
ᠰᠠᠶᠢᠬᠠᠨ ᠪᠡᠶ᠎ᠡ ᠵᠢ ᠮᠢᠨᠢ ᠲᠥᠷᠦᠭᠦᠯᠦᠭᠰᠡᠨ 
ᠡᠵᠢ ᠶᠢᠨ ᠢᠶᠡᠨ ᠠᠴᠢ ᠶᠢ ᠶᠠᠭᠠᠬᠢᠨᠠᠮ ᠪᠤᠢ ᠬᠥ…..ᠶᠠᠨᠠᠮ ᠪᠤᠢ ᠬᠥ… ᠶᠠᠨᠠᠮ 

ᠡᠮᠡᠭᠡ ᠶᠢᠨ ᠳᠠᠭᠤᠤ ᠲᠠᠮᠢᠷᠳᠠᠩᠭᠤᠢ ᠠᠲᠠᠯ᠎ᠠ ᠬᠢᠴᠢᠶᠡᠩᠭᠦᠢ᠂ ᠡᠪᠡᠯᠢᠭᠬᠡᠨ ᠬᠡᠷᠡᠨ᠎ᠡ ᠬᠠᠶᠠ ᠠᠶᠠᠯᠭᠤᠨ ᠳᠣᠲᠣᠷ᠎ᠠ ᠪᠠᠨ ᠰᠡᠮ ᠰᠡᠮᠬᠡᠨ ᠲᠥᠭᠡᠷᠢᠨ᠎ᠡ᠃ ᠡᠵᠢ ᠮᠢᠨᠢ ᠨᠢᠳᠦᠨ ᠳᠦ ᠨᠢ ᠨᠢᠯᠪᠤᠰᠤ ᠴᠡᠶᠢᠯᠡᠭᠡᠨᠡᠨ ᠰᠠᠭᠤᠨ᠎ᠠ᠃ ᠠᠷᠭ᠎ᠠ ᠦᠭᠡᠢ ᠳᠦ ᠪᠡᠨ ᠨᠠᠮᠠᠢ ᠪᠡᠷᠲᠡᠯ᠎ᠡ᠂ ᠡᠪᠡᠳᠦᠯ᠎ᠡ᠂ ᠦᠬᠢᠨ ᠴᠢᠨᠢ ᠨᠠᠶᠢᠳᠠᠪᠤᠷᠢ ᠦᠭᠡᠢ  ᠡ᠂ ᠡᠵᠢ ᠪᠡᠨ ᠲᠡᠰᠬᠦ ᠦᠭᠡᠢ ᠶᠢᠨ ᠢᠶᠡᠨ ᠡᠪᠡᠳᠦᠭᠡᠳ ᠪᠠᠶᠢᠨ᠎ᠠ ᠭᠡᠵᠦ ᠣᠷᠢᠯᠠᠵᠤ ᠤᠬᠢᠯᠠᠬᠢᠯᠠᠭᠠᠳ ᠳᠤᠰᠤᠯ ᠴᠤ ᠨᠢᠯᠪᠤᠰᠤ ᠭᠠᠷᠭᠠᠭ᠎ᠠ ᠦᠭᠡᠢ ᠡᠵᠢ ᠮᠢᠨᠢ᠃ ᠴᠢ ᠲᠡᠰᠬᠦ ᠦᠭᠡᠢ ᠭᠡᠳ ᠶᠠᠭᠠᠬᠢᠬᠤ ᠶᠤᠮ ᠴᠢ ᠲᠡᠰ… ᠵᠠᠩᠨᠠᠵᠤ ᠨᠢᠯᠪᠤᠰᠤ ᠪᠠᠨ ᠦᠵᠡᠭᠦᠯᠦᠭᠡ ᠦᠭᠡᠢ ᠡᠵᠢ ᠮᠢᠨᠢ᠃ ᠡᠮᠡᠭᠡ ᠶᠢᠨ ᠭᠤᠨᠢᠭ ᠲᠠᠢ ᠳᠠᠭᠤᠨ ᠳᠤ ᠡᠵᠢ ᠶᠢ ᠪᠡᠨ ᠰᠠᠨᠠᠨ ᠰᠠᠨᠠᠨ ᠰᠡᠳᠬᠢᠯ ᠳᠦ ᠪᠡᠨ ᠥᠮᠥᠯᠵᠡᠵᠦ ᠰᠠᠭᠤᠭ᠎ᠠ ᠪᠠᠶᠢᠬᠤ ᠳᠠ᠃ 

ᠮᠠᠷᠭᠠᠰᠢ ᠨᠢ ᠡᠮᠡᠭᠡ ᠬᠠᠭᠠᠯᠭᠠᠨ ᠳᠤ ᠣᠷᠣᠭᠰᠠᠨ᠃ ᠬᠠᠭᠠᠯᠭᠠᠨ ᠠᠴᠠ ᠭᠠᠷᠴᠤ ᠢᠷᠡᠭᠡᠳ ᠳᠡᠩ ᠳᠤᠩ ᠣᠷᠣᠨ ᠭᠠᠷᠤᠨ ᠪᠠᠶᠢᠯ᠎ᠠ᠃ ᠡᠵᠢ ᠰᠤᠪᠢᠯᠠᠭᠴᠢ ᠬᠤᠶᠠᠭᠤᠯᠠ ᠡᠭᠡᠯᠵᠢᠯᠡᠵᠦ ᠡᠮᠡᠭᠡ ᠳᠦ ᠴᠠᠢ ᠤᠤᠭᠤᠯᠭᠠᠵᠤ ᠪᠠᠶᠢᠯ᠎ᠠ᠃ ᠡᠵᠢ ᠮᠠᠨᠢ ᠲᠠ ᠶᠠᠭᠠᠬᠢᠵᠤ ᠪᠠᠶᠢᠨ᠎ᠠ ᠭᠡᠵᠦ ᠵᠥᠭᠡᠯᠡᠨ ᠠᠰᠠᠭᠤᠬᠤ ᠳᠤ ᠡᠵᠢ ᠨᠢ ᠵᠦᠭᠡᠷ  ᠡ ᠭᠡᠵᠦ ᠡᠮᠡᠭᠡ ᠬᠡᠯᠡᠭᠰᠡᠨ᠃ ᠤᠯᠠᠨ ᠵᠢᠯ ᠡᠵᠢ  ᠡ ᠭᠡᠵᠦ ᠳᠠᠭᠤᠳᠠᠭᠤᠯᠵᠤ ᠦᠵᠡᠭᠡ ᠦᠭᠡᠢ᠂ ᠣᠯᠠᠨ ᠵᠢᠯ ᠡᠵᠢ ᠨᠢ ᠭᠡᠵᠦ ᠬᠡᠯᠡᠵᠦ ᠦᠵᠡᠭᠡ ᠦᠭᠡᠢ᠂ ᠣᠯᠠᠨ ᠵᠢᠯ ᠡᠵᠢ ᠨᠢ ᠭᠡᠬᠦ ᠦᠭᠡ ᠶᠢ ᠰᠣᠨᠣᠰᠤᠭ᠎ᠠ ᠦᠭᠡᠢ ᠮᠢᠨᠦ ᠡᠵᠢ…… ᠃ ᠡᠨᠡ 2 ᠡᠮᠡᠭᠲᠡᠢ ᠶᠢ ᠰᠡᠳᠬᠢᠯ ᠳᠦ ᠪᠡᠨ ᠶᠠᠭᠤ ᠪᠣᠳᠣᠭᠰᠠᠨ ᠢ ᠲᠥᠰᠦᠭᠡᠯᠡᠵᠦ ᠴᠢᠳᠠᠬᠤ ᠦᠭᠡᠢ ᠨᠢ… 

ᠡᠮᠧ ᠶᠢ ᠨᠡᠯᠢᠶᠡᠨ ᠭᠠᠶᠢᠭᠤᠢ ᠪᠣᠯᠣᠭᠰᠠᠨ ᠤ ᠳᠠᠷᠠᠭ᠎ᠠ ᠪᠢ ᠬᠠᠭᠠᠯᠭᠠᠨ ᠤ ᠥᠷᠥᠭᠡ ᠶᠠᠮᠠᠷ ᠪᠠᠶᠢᠨ᠎ᠠ ᠠᠶᠤᠮᠠᠷ ᠪᠠᠶᠢᠨ᠎ᠠ ᠤᠤ ᠲᠠ ᠰᠠᠨᠳᠤᠷᠠᠭᠰᠠᠨ ᠦᠦ ᠭᠡᠵᠦ ᠠᠰᠠᠭᠤᠯ᠎ᠠ᠃ ᠲᠡᠭᠡᠭᠰᠡᠨ ᠡᠮᠧ ᠪᠢ ᠬᠠᠭᠠᠯᠭᠠᠨ ᠋ᠨᠤ ᠥᠷᠥᠭᠡ ᠶᠢ ᠵᠢᠷᠤᠭᠲᠤ ᠬᠡᠪᠢᠰ ᠲᠡᠢ ᠬᠠᠴᠢᠨ ᠭᠣᠶᠣ ᠥᠷᠥᠭᠡ ᠪᠠᠶᠢᠳᠠᠭ ᠪᠣᠯᠪᠠ ᠤᠤ ᠭᠡᠵᠦ ᠪᠣᠳᠣᠭᠰᠠᠨ ᠴᠢᠨᠢ ᠬᠠᠷᠠᠩᠭᠤᠢ ᠬᠦᠢᠲᠡᠨ ᠵᠢᠪᠡᠬᠡᠢ ᠳᠠᠭᠠᠭᠰᠠᠨ ᠥᠷᠥᠭᠡ ᠪᠠᠢᠨ᠎ᠠ ᠯᠡ ᠭᠡᠵᠦ ᠪᠢᠳᠡ ᠨᠠᠷ ᠢ ᠪᠠᠬᠠᠨ ᠢᠨᠢᠶᠡᠯᠭᠡᠯ᠎ᠡ᠃ ᠡᠮᠡᠭᠡ ᠡᠮᠴᠢ ᠨᠠᠷ ᠬᠦᠢᠲᠡᠨ ᠥᠷᠥᠭᠡᠨ ᠳᠦ ᠳᠠᠩ ᠱᠠᠬᠠᠢ ᠲᠠᠢ ᠳᠠᠪᠤᠤᠨ ᠬᠤᠪᠴᠠᠰᠤ ᠲᠠᠢ᠂ ᠬᠡᠳᠦᠨ ᠴᠠᠭ ᠢᠶᠠᠷ ᠵᠣᠭᠰᠣᠵᠤ᠂ ᠴᠢᠰᠤ ᠲᠠᠢ ᠬᠣᠯᠢᠯᠳᠤᠵᠤ ᠶᠠᠭᠠᠬᠢᠵᠤ ᠶᠠᠳᠠᠷᠴᠤ ᠵᠣᠭᠰᠣᠳᠠᠭ ᠪᠣᠯ ᠮᠠᠭᠤ ᠬᠦᠦ ᠮᠢᠨᠢ ᠪᠠᠰᠠ ᠲᠡᠭᠡᠵᠦ ᠪᠠᠶᠢᠭᠰᠠᠨ ᠪᠠᠶᠢᠬᠤ ᠳᠠ ᠃ ᠡᠪᠡᠢ ᠡᠪᠡᠢ ᠡᠨᠡ ᠡᠮᠴᠢ ᠨᠠᠷ ᠰᠠᠶᠢᠬᠠᠨ ᠳᠤᠯᠠᠭᠠᠬᠠᠨ ᠪᠤᠷᠢᠶᠠᠳ ᠭᠤᠲᠤᠯ ᠡᠮᠦᠰᠦᠭᠡᠳ ᠵᠣᠭᠰᠣᠵᠤ ᠪᠣᠯᠳᠠᠭ ᠦᠭᠡᠢ ᠶᠤᠮ ᠪᠠᠶᠢᠬᠤ ᠳᠠ… ᠭᠡᠵᠦ ᠦᠨᠡᠨ ᠰᠡᠳᠬᠢᠯ ᠡᠴᠡ ᠪᠡᠨ ᠬᠡᠯᠡᠭᠰᠡᠨ ᠶᠤᠮ᠃ 

ᠡᠮᠴᠢ ᠨᠠᠷ ᠢᠶᠠᠨ ᠭᠡᠵᠦ ᠡᠪᠡᠳᠴᠢᠲᠡᠨ ᠢᠶᠡᠨ ᠪᠣᠰᠤᠭᠠᠳ ᠢᠷᠬᠦ ᠋ᠳᠤ ᠨᠢ ᠳᠣᠲᠣᠷ᠎ᠠ ᠪᠠᠨ ᠪᠠᠶᠠᠷᠯᠠᠵᠤ ᠵᠠ ᠳᠠᠬᠢᠭᠠᠳ ᠡᠪᠡᠳᠴᠦ ᠪᠢᠲᠡᠭᠡᠢ ᠢᠷᠡᠭᠡᠰᠡᠢ ᠭᠡᠵᠦ ᠪᠣᠳᠣᠳᠠᠭ ᠪᠣᠳᠣᠯ ᠢᠶᠠᠨ ᠨᠢᠭᠤᠳᠠᠭ᠃ ᠪᠢ ᠯᠠ ᠭᠡᠬᠦ ᠳᠦ ᠡᠮᠨᠡᠯᠭᠡ ᠳᠦ ᠡᠪᠡᠳᠦᠭᠰᠡᠨ ᠪᠣᠯᠭᠠᠨ ᠢ ᠬᠠᠷᠠᠵᠤ ᠥᠷᠥᠪᠳᠥᠵᠦ᠂ ᠶᠤᠤᠯᠠᠬᠤ ᠳᠠᠭᠤᠨ ᠳᠤ ᠨᠢ ᠵᠢᠷᠦᠬᠡ ᠤᠷᠠᠭᠳᠠᠵᠤ ᠡᠯᠢᠭᠡ ᠡᠮᠲᠡᠷᠴᠦ ᠬᠤᠷᠳᠤᠬᠠᠨ ᠯᠠ ᠡᠮᠨᠡᠯᠭᠡ ᠡᠴᠡ ᠵᠢᠭᠤᠲᠠᠮᠠᠷ ᠰᠠᠨᠠᠭᠳᠠᠵᠤ ᠪᠠᠶᠢᠬᠤ ᠳᠤ ᠃ ᠡᠨᠡ ᠡᠮᠴᠢ ᠨᠠᠷ ᠨᠠᠰᠤ ᠪᠠᠷ ᠢᠶᠠᠨ ᠡᠨᠡ ᠮᠡᠳᠡᠷᠡᠮᠵᠢ ᠶᠢ ᠮᠡᠳᠡᠷᠴᠦ᠂ ᠨᠠᠰᠤ ᠪᠠᠷ ᠢᠶᠠᠨ ᠵᠢᠷᠦᠬᠡ ᠪᠡᠨ ᠴᠢᠩᠭᠠᠯᠠᠵᠤ᠂ ᠨᠠᠰᠤ ᠪᠠᠷ ᠢᠶᠠᠨ ᠬᠦᠮᠦᠨ ᠦ ᠵᠣᠪᠠᠯᠠᠩ ᠡᠪᠡᠳᠴᠢᠨ ᠰᠣᠨᠣᠰᠴᠤ ᠬᠠᠷᠠᠵᠤ᠂ ᠨᠠᠰᠤ ᠪᠠᠷ ᠢᠶᠠᠨ ᠬᠦᠢᠲᠡᠨ ᠱᠠᠯᠠᠨ ᠳᠡᠭᠡᠷ᠎ᠡ ᠳᠠᠭᠠᠷᠠᠵᠤ ᠵᠣᠭᠰᠣᠨ᠎ᠠ ᠃ ᠡᠪᠡᠢ ᠡᠪᠡᠢ ᠡᠮᠴᠢ ᠨᠢ ᠣᠳᠣᠬᠠᠨ ᠡᠮᠴᠢᠯᠡᠭᠡᠳ ᠥᠭᠭᠦᠨ᠎ᠡ ᠪᠢᠲᠡᠭᠡᠢ ᠤᠬᠢᠯᠠ ᠭᠡᠵᠦ ᠬᠡᠯᠡᠵᠦ ᠴᠢᠳᠠᠬᠤ ᠦᠭᠡᠢ ᠬᠡᠯᠡ ᠪᠡᠨ ᠬᠠᠵᠠᠨ᠎ᠠ ᠃ ᠪᠢ ᠯᠠᠪ ᠡᠮᠴᠢ ᠵᠠᠯᠠᠭᠤ ᠲᠠᠢ ᠰᠠᠭᠤᠨ᠎ᠠ᠃ ᠡᠮᠴᠢ ᠶᠢᠨ ᠰᠡᠳᠬᠢᠯ ᠶᠠᠭ ᠯᠠ ᠡᠵᠢ ᠶᠢᠨ ᠰᠡᠳᠬᠢᠯ ᠰᠢᠭ ᠵᠥᠭᠡᠯᠡᠨ ᠢᠪᠡᠭᠡᠨ ᠦᠭᠡᠢ ᠪᠠᠶᠢᠳᠠᠭ ᠶᠢ ᠮᠡᠳᠡᠷᠡᠭᠰᠡᠨ ᠤᠴᠢᠷ ᠠᠴᠠ… 

ᠨᠥᠭᠥᠭᠡᠳᠦᠷ ᠨᠢ ᠪᠢ ᠥᠭᠡᠷ᠎ᠡ ᠡᠮᠨᠡᠯᠭᠡ ᠤᠷᠤᠭᠤ ᠰᠢᠯᠵᠢᠭᠰᠡᠨ ᠶᠤᠮ᠃ ᠲᠡᠷᠡ ᠦᠶ᠎ᠡ ᠳᠦ ᠡᠮᠡᠭᠡ ᠥᠨᠳᠡᠶᠢᠵᠦ ᠰᠠᠭᠤᠳᠠᠭ ᠪᠣᠯᠤᠭᠰᠠᠨ ᠪᠠᠶᠢᠭᠰᠠᠨ᠃ ᠡᠮᠡᠭᠡ ᠨᠠᠳᠠ ᠳᠤ ᠰᠠᠶᠢᠬᠠᠨ ᠦᠬᠢᠨ ᠡ ᠪᠣᠯᠳᠠᠭ ᠪᠣᠯ ᠪᠢ ᠡᠮᠦᠨ᠎ᠡ ᠡᠴᠡ ᠡᠪᠡᠳᠦᠭᠡᠳ ᠦᠬᠢᠨ ᠵᠢᠡᠨ ᠪᠣᠰᠬᠠᠭᠠᠳ ᠶᠠᠪᠤᠭᠤᠯᠬᠤᠭᠰᠠᠨ᠂ ᠪᠣᠰᠣᠨ᠎ᠠ ᠪᠣᠰᠤᠨ᠎ᠠ ᠮᠢᠨᠦ ᠥᠬᠢᠨ ᠪᠣᠰᠤᠭᠠᠳ ᠠᠶᠢᠯ ᠤᠨ ᠰᠠᠶᠢᠬᠠᠨ ᠡᠬᠡᠨᠡᠷ᠂ ᠠᠷᠪᠠᠨ ᠬᠡᠦᠬᠡᠳ ᠦᠨ ᠡᠵᠢ ᠪᠣᠯᠤᠭᠠᠷᠠᠢ᠃ ᠶᠡᠬᠡ ᠶᠠᠭᠤᠮ᠎ᠠ ᠰᠤᠷᠠᠵᠤ ᠮᠤᠨᠳᠠᠭ ᠬᠦᠮᠦᠨ ᠪᠣᠯᠤᠭᠠᠷᠠᠢ᠃ ᠨᠠᠰᠤᠨ ᠤ ᠪᠤᠶᠠᠨ ᠠᠴᠠ ᠡᠷᠳᠡᠮ ᠦᠨ ᠪᠤᠶᠠᠨ ᠨᠢ ᠢᠯᠡᠭᠦᠦ ᠪᠠᠶᠢᠳᠠᠭ ᠶᠤᠮ ᠭᠡᠵᠦ ᠬᠡᠯᠡᠭᠡᠳ ᠨᠠᠳᠠ ᠳᠤ ᠪᠠᠯ ᠥᠭᠭᠦᠭᠰᠡᠨ᠃ ᠣᠳᠣ ᠥᠭᠭᠦᠭᠰᠡᠨ ᠪᠠᠯ ᠢᠶᠠᠷ ᠨᠢ ᠪᠦᠬᠦᠨ ᠢ ᠰᠡᠶᠢᠷᠡᠭᠦᠯᠦᠨ ᠪᠢᠴᠢᠵᠦ ᠰᠠᠭᠤᠨ᠎ᠠ᠃ ᠪᠢ ᠡᠮᠡᠭᠡ ᠳᠦ ᠡᠮᠴᠢ ᠪᠣᠯᠤᠨ᠎ᠠ ᠪᠢ ᠲᠡᠭᠡᠭᠡᠳ ᠪᠤᠷᠢᠶᠠᠳ ᠭᠤᠲᠤᠯ ᠡᠮᠦᠰᠬᠡᠵᠦ ᠬᠠᠭᠠᠯᠭᠠᠨ ᠳᠤ ᠣᠷᠣᠭᠤᠯᠳᠠᠭ ᠪᠣᠯᠭᠠᠨ᠎ᠠ᠃ ᠡᠨᠡ ᠠᠮᠠᠯᠠᠯᠲᠠ ᠪᠠᠨ ᠣᠳᠣ ᠴᠤ ᠰᠡᠳᠬᠢᠯ ᠳᠦ ᠪᠡᠨ ᠲᠡᠭᠡᠵᠢᠯᠡᠨ ᠶᠠᠪᠤᠨ᠎ᠠ ᠡᠮᠡᠭᠡ ᠮᠢᠨᠢ ᠃

ᠰᠡᠭᠦᠯ ᠳᠦ ᠰᠣᠨᠣᠰᠤᠭᠰᠠᠨ ᠵᠢᠡᠷ ᠡᠮᠡᠭᠡ ᠪᠣᠰᠤᠭᠠᠳ ᠶᠠᠪᠤᠳᠠᠭ ᠪᠣᠯᠤᠭᠰᠠᠨ ᠭᠡᠰᠡᠨ᠃ ᠶᠠᠮᠠᠷᠴᠤ ᠪᠠᠶᠢᠭᠰᠠᠨ ᠡᠮᠨᠡᠯᠭᠡ ᠡᠴᠡ ᠭᠠᠷᠤᠭᠰᠠᠨ᠃ ᠬᠥᠭᠡᠷᠦᠬᠦᠶ ᠋ᠳᠡ ᠥᠪᠡᠷ ᠢᠶᠡᠨ ᠰᠠᠵᠢᠯᠠᠭᠠᠳ ᠬᠠᠷᠢᠭᠰᠠᠨ ᠪᠠᠶᠢᠬᠤ ᠳᠠ ᠃ ᠭᠡᠷ ᠲᠦ ᠪᠡᠨ ᠢᠷᠡᠬᠦ ᠳᠦ ᠨᠢ ᠡᠵᠡᠨ ᠦᠭᠡᠢ ᠬᠠᠰᠢᠶ᠎ᠠ ᠬᠦᠢᠲᠡᠨ ᠭᠡᠷ ᠨᠢ ᠡᠯ᠎ᠡ ᠬᠤᠯᠠ ᠣᠷᠭᠢᠭᠠᠳ ᠣᠷᠣᠭᠠᠳ ᠬᠠᠯᠠᠰᠢᠷᠠᠮᠠᠷ ᠪᠠᠶᠢᠭᠰᠠᠨ ᠪᠣᠯᠪᠠᠤ? ᠭᠠᠯ ᠤᠨ ᠢᠶᠠᠨ ᠳᠡᠷᠭᠡᠳᠡ ᠰᠠᠭᠤᠭᠠᠳ ᠰᠠᠨᠠᠭ᠎ᠠ ᠠᠯᠠᠳᠠᠭᠰᠠᠨ ᠪᠣᠯᠪᠠᠤ? ᠴᠠᠢ ᠴᠢᠨᠠᠬᠤ ᠤᠰᠤ᠂ ᠭᠠᠯ ᠲᠦᠯᠡᠬᠦ ᠮᠣᠳᠣ ᠪᠠᠶᠢᠭᠰᠠᠨ ᠪᠣᠯᠪᠠᠤ? ᠳᠠᠬᠢᠭᠠᠳ ᠯᠠ ᠤᠰᠤᠨ ᠳᠤ ᠪᠠᠨ ᠶᠠᠪᠤᠭᠰᠠᠨ ᠪᠠᠶᠢᠬᠤ ᠳᠠ … 

ᠬᠦᠦ ᠶᠢᠨ ᠵᠢᠷᠦᠬᠡ ᠴᠣᠬᠢᠯᠠᠵᠤ ᠪᠠᠶᠢᠬᠤ ᠳᠤ ᠦᠬᠦᠬᠦ ᠡᠷᠬᠡ ᠨᠠᠳᠠ ᠳᠤ ᠪᠠᠶᠢᠬᠤ ᠦᠭᠡᠢ ᠭᠡᠵᠦ ᠨᠢᠭᠡ ᠤᠳᠠᠭ᠎ᠠ ᠬᠡᠯᠡᠵᠦ ᠪᠢᠯᠡ᠃ ᠡᠮᠨᠡᠯᠭᠡ ᠡᠴᠡ ᠭᠠᠷᠤᠭᠠᠳ ᠬᠦᠦ ᠳᠡᠭᠡᠷ᠎ᠡ ᠪᠡᠨ ᠬᠤᠤᠱᠤᠤᠷ ᠬᠢᠭᠡᠳ ᠳᠤᠷᠠᠲᠠᠢ ᠨᠠᠨᠵᠢᠨ ᠴᠢᠪᠠᠭ᠎ᠠ ᠵᠢ ᠨᠢ ᠠᠪᠤᠭᠠᠳ ᠣᠴᠢᠨ᠎ᠠ ᠳ᠋ᠠ ᠬᠥ᠃ ᠡᠵᠢ  ᠪᠡᠨ ᠬᠦᠯᠢᠶᠡᠵᠦ ᠪᠠᠶᠢᠭᠠᠷᠠᠢ ᠦᠷ᠎ᠡ ᠮᠢᠨᠢ᠃ 

ᠬᠦᠮᠦᠨ ᠬᠦᠮᠦᠨ ᠦ ᠪᠡᠨ ᠠᠮᠢᠳᠤᠷᠠᠯ ᠢ ᠪᠤᠰᠠᠨᠢᠭᠤᠯᠵᠤ ᠴᠢᠳᠠᠳᠠᠭ ᠤᠨ ᠡᠩ ᠦᠨ ᠨᠢᠭᠡ ᠵᠢᠱᠢᠶ᠎ᠡ ᠡᠮᠧ᠂ ᠡᠮᠧ ᠶᠢᠨ ᠬᠦᠦ᠂ ᠫᠦᠷᠪᠦᠮ᠎ᠠ ᠥᠬᠢᠨ ᠭᠤᠷᠪᠠ ᠶᠢᠨ ᠠᠮᠢᠳᠤᠷᠠᠯ ᠤᠨ ᠬᠦᠦᠷᠨᠢᠯ ᠪᠠᠶᠢᠯ᠎ᠠ᠃ ᠡᠮᠡᠭᠡ ᠶᠢᠨ ᠬᠦᠦ ᠡᠷᠬᠡ ᠴᠢᠯᠦᠭᠡ ᠪᠡᠨ ᠠᠯᠳᠠᠵᠤ ᠡᠵᠢ ᠶᠢᠨ ᠥᠬᠢᠨ ᠡᠷᠡᠭᠦᠯ ᠮᠡᠨᠳᠦ ᠪᠡᠨ ᠠᠯᠠᠳᠠᠭᠰᠠᠨ ᠴᠤ ᠪᠢᠳᠡ ᠬᠣᠶᠠᠷ ᠲᠤ ᠡᠵᠢ ᠪᠠᠶᠢᠭ᠎ᠠ᠃ ᠬᠥᠬᠥ ᠪᠡᠷ ᠢᠶᠡᠨ ᠢᠪᠡᠶᠢᠯᠡᠵᠦ ᠳᠠᠯᠠᠯᠬᠤ ᠡᠵᠢ ᠨᠠᠷ ᠮᠢᠨᠢ ᠪᠠᠶᠢᠭ᠎ᠠ ᠪᠣᠯᠬᠣᠷ ᠨᠢᠭᠡ ᠯᠠ ᠰᠠᠶᠢᠬᠠᠨ ᠰᠡᠳᠬᠢᠯ ᠥᠶᠥᠭ ᠪᠠᠶᠢᠵᠤ ᠴᠢᠳᠠᠳᠠᠭ ᠶᠠᠭᠤᠮ᠎ᠠ  ᠡ᠃


ᠺᠢᠷᠢᠯ ᠰᠦᠯᠵᠢᠶ᠎ᠡ ᠡᠴᠡ ᠬᠦᠷᠪᠡᠭᠦᠯᠪᠡ ᠃ 



  
     
     