-
2154204
ᠳᠣᠷᠠᠰᠬᠠᠬᠤ ᠭᠤᠤᠯ ᠰᠡᠳᠦᠪᠳᠦ ᠡᠳᠦᠷ ᠤᠨ ᠠᠵᠢᠯᠯᠠᠭ᠎ᠠ ᠦᠷᠨᠢᠭᠦᠯᠪᠡ
2019-10-13 20:23
193
0
ᠲᠤᠮᠳᠠᠳᠤ ᠤᠯᠤᠰ ᠤᠨ ᠪᠠᠭᠠᠴᠤᠳ ᠤᠨ ᠬᠤᠰᠢᠭᠤᠴᠢ ᠠᠩᠭᠢ ᠪᠠᠶᠢᠭᠤᠯᠤᠬᠳᠠᠬᠰᠠᠨ 70 ᠵᠢᠯ ᠤᠨ ᠤᠢ ᠬᠦᠷᠴᠦ ᠢᠷᠡᠬᠦ ᠲᠠᠰᠢᠷᠠᠮ ᠢᠶᠠᠷ᠂ 10 ᠰᠠᠷ᠎ᠠ ᠶᠢᠨ 12 ᠤᠨ ᠡᠳᠦᠷ᠂ ᠦᠪᠡᠷᠳᠡᠭᠡᠨ ᠵᠠᠰᠠᠬᠤ ᠣᠷᠣᠨ ᠤ ᠪᠠᠭᠠᠴᠤᠳ ᠤᠨ ᠬᠤᠰᠢᠭᠤᠴᠢ ᠠᠩᠭᠢ ᠶᠢᠨ ᠠᠵᠢᠯ ᠤᠨ ᠬᠤᠷᠢᠶ᠎ᠠ ᠠᠴᠠ ᠭᠤᠤᠯᠯᠠᠨ ᠡᠷᠬᠢᠯᠡᠭᠰᠡᠨ ︽ᠤᠯᠠᠭᠠᠨ ᠪᠦᠴᠡᠳᠡᠳ ᠨᠠᠮ ᠢᠶᠠᠨ ᠬᠦᠷᠢᠶᠡᠯᠡᠵᠦ᠂ ᠰᠢᠨ᠎ᠠ ᠴᠠᠭ ᠦᠶ᠎ᠠ ᠶᠢᠨ ᠰᠠᠶᠢᠨ ᠬᠤᠰᠢᠭᠤᠴᠢ ᠠᠩᠭᠢ ᠶᠢᠨ ᠬᠡᠰᠢᠬᠦᠨ ᠪᠤᠯᠬᠤ ᠪᠠᠷ ᠴᠢᠷᠮᠠᠶᠢᠬᠤ︾ ᠪᠠᠭᠠᠴᠤᠳ ᠤᠨ ᠬᠤᠰᠢᠭᠤᠴᠢ ᠠᠩᠭᠢ ᠪᠠᠶᠢᠭᠤᠯᠤᠬᠳᠠᠬᠰᠠᠨ 70 ᠵᠢᠯ ᠤᠨ ᠤᠢ ᠶᠢ ᠲᠤᠷᠠᠰᠬᠠᠬᠤ ᠭᠤᠤᠯ ᠰᠡᠳᠦᠪᠳᠦ ᠡᠳᠦᠷ ᠤᠨ ᠠᠵᠢᠯᠯᠠᠭ᠎ᠠ ᠬᠦᠬᠡᠬᠤᠳᠠ ᠶᠢᠨ ᠢᠦ᠋ᠢᠴᠢᠤᠸᠠᠨ ᠲᠤᠭᠤᠷᠢᠭ ᠤᠨ ᠵᠠᠯᠠᠭᠤᠴᠤᠳ ᠪᠠᠭᠠᠴᠤᠳ ᠤᠨ ᠤᠷᠳᠤᠨ ᠳᠤ ᠶᠠᠪᠤᠬᠳᠠᠪᠠ᠃
ᠠᠵᠢᠯᠯᠠᠭ᠎ᠠ ᠳᠡᠭᠡᠷ᠎ᠡ᠂ ᠵᠢᠯᠤᠭᠤᠳᠤᠬᠴᠢ ᠪᠠᠭᠰᠢ ᠨᠠᠷ ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠪᠠᠶᠢᠭᠤᠯᠤᠬᠳᠠᠬᠰᠠᠨ 70 ᠵᠢᠯ ᠤᠨ ᠤᠢ ᠶᠢ ᠪᠡᠯᠭᠡᠯᠡᠬᠦ ᠶᠡᠭᠡ ᠬᠤᠷᠠᠯ ᠤᠨ ᠦᠪᠡᠳᠡᠭᠰᠢ ᠪᠠᠶᠢᠳᠠᠯ ᠪᠠ ᠶᠡᠷᠦᠩᠭᠡᠢ ᠱᠦᠵᠢ ᠰᠢ ᠶᠢᠨ ᠫᠢᠡᠭ ᠤᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠶᠢ ᠤᠬᠠᠭᠤᠯᠤᠨ ᠲᠠᠶᠢᠯᠪᠤᠷᠢᠯᠠᠵᠤ᠂ ᠪᠠᠭᠠᠴᠤᠳ ᠤᠨ ᠬᠤᠰᠢᠭᠤᠴᠢ ᠠᠩᠭᠢ ᠶᠢᠨ ᠬᠡᠰᠢᠬᠦᠳ ᠤᠷᠠᠨ ᠪᠦᠵᠢᠭ ᠤᠶᠠᠩᠭᠠᠳᠤ ᠲᠠᠭᠤᠤ ᠪᠠᠷ ᠢᠶᠠᠨ ︽ᠦᠨᠳᠦᠰᠦᠳᠡᠨ ᠤ ᠪᠦᠯᠬᠦᠮᠳᠡᠯ ᠤᠨ ᠠᠨᠠᠷ ᠤᠨ ᠮᠦᠬᠦᠯᠢᠭ ᠤᠨ ᠠᠵᠢᠯᠯᠠᠭ᠎ᠠ︾ ᠳᠤ ᠤᠯᠤᠬᠰᠠᠨ ᠠᠮᠵᠢᠯᠳᠠ ᠪᠦᠳᠦᠮᠵᠢ ᠪᠠᠨ ᠲᠡᠯᠭᠡᠨ ᠦᠵᠡᠬᠦᠯᠪᠡ᠃
ᠤᠢᠢᠯᠠᠭᠠᠬᠰᠠᠨ ᠢᠶᠠᠷ᠂ ᠭᠤᠤᠯ ᠰᠡᠳᠦᠪᠳᠦ ᠡᠳᠦᠷ ᠤᠨ ᠠᠵᠢᠯᠯᠠᠭ᠎ᠠ ᠪᠠᠷ ᠲᠠᠮᠵᠢᠭᠤᠯᠣᠨ᠂ ᠪᠠᠭᠠᠴᠤᠳ ᠬᠡᠤᠬᠡᠳ ᠤᠨ ᠨᠠᠮ ᠤᠨ ᠦᠭᠡ ᠶᠢ ᠰᠤᠨᠤᠰᠴᠦ᠂ ᠨᠠᠮ ᠢᠶᠠᠨ ᠡᠭᠦᠷᠢᠳᠡ ᠬᠦᠷᠢᠶᠡᠯᠠᠵᠤ᠂ ᠬᠤᠪᠢᠰᠬᠠᠯ ᠤᠨ ᠵᠤᠷᠢᠭ ᠰᠠᠨᠠᠭ᠎ᠠ ᠶᠢ ᠦᠶ᠎ᠠ ᠶᠢᠨ ᠦᠶ᠎ᠠ ᠳᠤ ᠤᠯᠠᠮᠵᠢᠯᠠᠨ ᠵᠠᠯᠭᠠᠮᠵᠢᠯᠠᠬᠤ ᠶᠢ ᠲᠠᠶᠢᠴᠢᠯᠠᠵᠤ᠂ ᠪᠠᠭᠠᠴᠤᠳ ᠤᠨ ᠬᠤᠰᠢᠭᠤᠴᠢ ᠠᠩᠭᠢ ᠶᠢᠨ ᠬᠡᠰᠢᠬᠦᠨ ᠤ ᠦᠡᠭᠭᠡ ᠬᠡᠷᠡᠯᠳᠦ ᠲᠦᠷᠦᠭᠳᠡᠯ᠂ ᠦᠨᠳᠦᠰᠦᠳᠡᠨ ᠤ ᠤᠮᠤᠬᠰᠢᠯᠳᠦ ᠰᠡᠳᠬᠢᠯᠭᠡ ᠶᠢ ᠨᠢ ᠦᠨᠡᠨ ᠬᠦ ᠴᠢᠩᠭᠠᠷᠠᠭᠤᠯᠵᠤ᠂ ᠰᠢᠨ᠎ᠠ ᠴᠠᠭ ᠦᠶ᠎ᠠ ᠶᠢᠨ ᠰᠠᠶᠢᠨ ᠬᠤᠰᠢᠭᠤᠴᠢ ᠠᠩᠭᠢ ᠶᠢᠨ ᠬᠡᠰᠢᠬᠦᠨ ᠪᠤᠯᠬᠤ ᠢᠳᠡᠭᠡᠯ ᠵᠤᠷᠢᠭ ᠢ ᠨᠢ ᠬᠦᠪᠴᠢᠯᠡᠭᠰᠡᠨ ᠪᠠᠶᠢᠨ᠎ᠠ᠃ ᠵᠣᠬᠢᠶᠠᠭᠴᠢ᠄ ᠭᠤᠶᠤᠬᠠᠨ