 

ᠮᠣᠩᠭᠤᠯ ᠤᠨ ᠲᠠᠯ᠎ᠠ ᠨᠤᠳᠤᠭ

2017-05-16 15:35
  275
  0
    ︽ᠮᠣᠩᠭᠤᠯ ᠤᠨ ᠲᠠᠯ᠎ᠠ ᠨᠤᠳᠤᠭ︾ ᠭᠡᠬᠦ ᠬᠢᠴᠢᠶᠡᠯ ᠤᠨ
ᠬᠣᠶᠠᠳᠤᠭᠠᠷ ᠬᠢᠴᠢᠶᠡᠯ ᠤᠨ ᠴᠠᠭ ᠤᠨ ᠪᠡᠯᠡᠳᠬᠡᠯ

ᠵᠢᠭᠠᠬᠤ ᠬᠠᠷᠠᠯᠳᠠ᠄
⒈ᠬᠢᠴᠢᠶᠡᠯ ᠤᠨ ᠠᠭᠤᠯᠭ᠎ᠠ ᠶᠢ ᠤᠢᠯᠠᠭᠠᠭᠤᠯᠵᠤ᠂ ᠰᠡᠳᠬᠢᠯᠭᠡ ᠲᠡᠢ ᠤᠩᠰᠢᠭᠤᠯᠵᠤ ᠰᠤᠷᠭᠠᠶ᠎ᠠ᠃
⒉ᠮᠣᠩᠭᠤᠯ ᠨᠤᠳᠤᠭ ᠤᠨ ᠣᠩᠭᠤᠨ ᠪᠠᠢᠭᠠᠯᠢ᠂ ᠠᠷᠢᠭᠤᠨ ᠲᠠᠷᠬᠠᠨ ᠠᠭᠤᠯᠠ ᠤᠰᠤ ᠪᠠᠨ ᠬᠠᠢᠷᠠᠯᠠᠨ ᠳᠡᠭᠡᠳᠦᠯᠡᠵᠦ᠂ ᠬᠠᠮᠠᠭᠠᠯᠠᠨ
ᠨᠠᠨᠳᠢᠩᠨᠠᠶ᠎ᠠ᠃
ᠭᠣᠣᠯᠳᠠᠯᠭ᠎ᠠ᠂ ᠬᠦᠴᠢᠷᠳᠡᠯᠭᠡ᠄
ᠬᠢᠴᠢᠶᠡᠯ ᠤᠨ ᠠᠭᠤᠯᠭ᠎ᠠ ᠶᠢ ᠤᠢᠯᠠᠭᠠᠭᠤᠯᠵᠤ᠂ ᠰᠡᠳᠬᠢᠯᠭᠡ ᠲᠡᠢ ᠤᠩᠰᠢᠭᠤᠯᠵᠤ ᠰᠤᠷᠭᠠᠶ᠎ᠠ᠃
ᠵᠢᠭᠠᠬᠤ ᠠᠷᠭ᠎ᠠ᠄
ᠵᠢᠷᠤᠭ ᠬᠠᠪᠰᠤᠷᠭᠠᠨ ᠰᠢᠯᠦᠭ ᠦᠨ ᠠᠭᠤᠯᠭ᠎ᠠ ᠶᠢ ᠡᠵᠡᠮᠰᠢᠭᠦᠯᠬᠦ᠂ ᠮᠦᠷᠥᠢᠴᠡᠬᠦ᠂ ᠱᠠᠩᠨᠠᠵᠤ ᠬᠥᠬᠢᠭᠦᠯᠬᠦ ᠠᠷᠭ᠎ᠠ ᠪᠡᠷ ᠰᠡᠳᠬᠢᠯᠭᠡ ᠲᠠᠢ ᠤᠩᠰᠢᠬᠤ ᠤᠷᠮ᠎ᠠ ᠪᠠᠬ᠎ᠠ ᠶᠢ ᠬᠦᠭᠵᠢᠭᠡᠨ᠎ᠡ᠃
ᠰᠤᠷᠤᠭᠴᠢ  ᠶᠢᠨ ᠵᠠᠳᠠᠯᠤᠯᠳᠠ᠄
ᠪᠠᠷᠢᠮᠵᠢᠶ᠎ᠠ ᠪᠡᠷ ᠤᠩᠰᠢᠬᠤ ᠳᠤ ᠰᠥᠨᠢᠳ ᠦᠨ ᠬᠡᠤᠬᠡᠳ ᠪᠠᠷᠤᠭ ᠬᠦᠴᠢᠷᠳᠡᠬᠦ ᠦᠭᠡᠢ ᠪᠠᠢᠬ᠎ᠠ ᠭᠡᠵᠤ ᠪᠣᠳᠤᠵᠤ ᠪᠠᠢᠨ᠎ᠠ᠃ ᠭᠣᠣᠯᠳᠠᠭᠤ ᠳᠡᠳᠡᠨ ᠤ ᠰᠡᠳᠬᠢᠯᠭᠡ  ᠲᠠᠢ ᠤᠩᠰᠢᠬᠤ᠂ ᠶᠠᠷᠢᠬᠤ ᠢᠯᠡᠳᠬᠡᠬᠦ ᠲᠠᠯ᠎ᠠ ᠪᠡᠷ ᠢᠯᠡᠭᠦᠦ ᠠᠳᠬᠤᠵᠤ ᠴᠢᠬᠤᠯᠠᠴᠢᠯᠠᠨ᠎ᠠ᠃
ᠵᠢᠭᠠᠬᠤ ᠶᠠᠪᠤᠴᠠ᠄
ᠨᠢᠭᠡ᠂ ᠪᠠᠭᠰᠢ ᠰᠤᠷᠤᠭᠴᠢ  ᠶᠢᠨ ᠬᠥᠳᠡᠯᠭᠡᠭᠡᠨ᠄
ᠪᠠᠭᠰᠢ ᠡᠴᠡ ᠰᠤᠷᠤᠭᠴᠢ ᠳ᠋ᠤ ᠴᠤᠷᠮ᠎ᠠ ᠠᠮᠰᠠᠭᠤᠯᠤᠨ᠎ᠠ᠃ ᠡᠨᠡ ᠪᠣᠯ ᠪᠠᠭᠰᠢ ᠨᠢ ᠮᠠᠨ ᠤ ᠣᠷᠳᠤᠰ ᠨᠤᠳᠤᠭ ᠡᠴᠡ ᠠᠪᠴᠢᠷᠠᠭᠰᠠᠨ ᠴᠠᠭᠠᠨ ᠢᠳᠡᠭᠡ ᠴᠤᠷᠮ᠎ᠠ ᠪᠠᠢᠨ᠎ᠠ᠃ ᠠᠮᠳᠠᠳᠠᠢ ᠤᠤ︖ ᠳᠡᠭᠡᠪᠡᠯ ᠮᠠᠨ ᠤ ᠮᠣᠩᠭᠤᠯ ᠨᠤᠳᠤᠭ ᠶᠠᠭᠤ ᠪᠡᠷ ᠢᠶᠡᠨ ᠳᠡᠯᠡᠬᠡᠢ ᠳ᠋ᠤ ᠠᠯᠳᠠᠷᠰᠢᠳᠠᠭ ᠪᠢᠯᠡ︖
⒈ᠴᠠᠭᠠᠨ ᠢᠳᠡᠭᠡ
⒉ᠥᠩᠭᠡ ᠦᠵᠡᠮᠵᠢ
⒊ᠬᠤᠪᠴᠠᠰᠤ ᠵᠠᠰᠠᠯ
⒋ᠬᠣᠭᠤᠯᠠ ᠪᠤᠳᠠᠭ᠎ᠠ
ᠳᠡᠭᠡᠪᠡᠯ ᠥᠨᠦᠳᠦᠷ ᠤᠨ ᠬᠢᠴᠢᠶᠡᠯ ᠳᠡᠭᠡᠷ᠎ᠡ ᠨᠠᠮ᠎ᠠ ᠶᠢ ᠪᠠᠭᠳᠠᠭᠠᠭᠰᠠᠨ ᠣᠷᠳᠤᠰ ᠨᠤᠳᠤᠭ ᠡᠴᠡ ᠬᠦᠷᠥᠯᠴᠡᠨ ᠢᠷᠡᠭᠰᠡᠨ ᠤᠯᠠᠨ ᠪᠠᠭᠰᠢ ᠨᠠᠷ ᠪᠤᠢ᠂ ᠲᠠ ᠨᠠᠷ ᠪᠢᠳᠡᠨ ᠳ᠋ᠤ ᠰᠥᠨᠢᠳ ᠨᠤᠳᠤᠭ ᠢᠶᠡᠨ ᠲᠠᠨᠢᠯᠴᠠᠭᠤᠯᠤᠭᠠᠳ ᠥᠭᠭᠦᠨ᠎ᠡ ᠤᠤ︖
ᠬᠤᠶᠠᠷ᠂ ᠰᠢᠨ᠎ᠡ ᠬᠢᠴᠢᠶᠡᠯ ᠳᠤ ᠬᠦᠳᠦᠯᠬᠦ᠄
ᠲᠡᠢᠮᠦ  ᠡ᠂ ᠮᠣᠩᠭᠤᠯ ᠨᠤᠳᠤᠭ ᠲᠤ ᠮᠢᠨᠢ ᠳᠡᠭᠡᠳᠦᠰ ᠤᠨ ᠮᠢᠨᠢ ᠲᠠᠮᠠᠭᠠᠯᠠᠭᠰᠠᠨ ᠡᠯᠢᠭᠡᠨ ᠬᠦᠷᠡᠩ ᠴᠢᠯᠠᠭᠤᠳ ᠪᠠᠢᠳᠠᠭ᠂ ᠮᠣᠩᠭᠤᠯ ᠨᠤᠳᠤᠭ ᠲᠤ ᠮᠢᠨᠢ ᠵᠢᠷᠤᠬᠡᠨ ᠳ᠋ᠤ ᠮᠢᠨᠢ ᠵᠦᠰᠡᠷᠡᠭᠰᠡᠨ ᠬᠤᠷ᠎ᠠ ᠪᠣᠷᠤᠭᠠᠨ ᠪᠠᠢᠳᠠᠭ᠂ ᠮᠣᠩᠭᠤᠯ ᠨᠤᠳᠤᠭ ᠲᠤ ᠮᠢᠨᠢ ᠰᠠᠨᠴᠢᠭ ᠪᠤᠭᠤᠷᠠᠯ ᠠᠪᠤ ᠡᠵᠢ ᠮᠢᠨᠢ ᠪᠠᠢᠳᠠᠭ᠂ ᠮᠣᠩᠭᠤᠯ ᠨᠤᠳᠤᠭ ᠲᠤ ᠮᠢᠨᠢ ᠲᠠᠨ᠎ᠠ ᠰᠤᠪᠤᠳ ᠰᠢᠭ᠋ ᠲᠠᠪᠤᠨ ᠬᠣᠰᠢᠭᠤ ᠮᠠᠯ ᠪᠠᠢᠳᠠᠭ᠂ ᠮᠣᠩᠭᠤᠯ ᠨᠤᠳᠤᠭ ᠲᠤ ᠮᠢᠨᠢ ᠲᠠ ᠨᠠᠷ ᠰᠢᠭ᠋ ᠲᠡᠭᠵᠢᠨ ᠴᠣᠪᠤᠭᠤ ᠥᠬᠢᠳ ᠬᠥᠪᠡᠭᠦᠳ ᠪᠠᠢᠳᠠᠭ᠂ ᠮᠣᠩᠭᠤᠯ ᠨᠤᠳᠤᠭ ᠲᠤ ᠮᠢᠨᠢ ᠠᠭᠤᠵᠢᠮ ᠡᠴᠡ ᠠᠭᠤᠵᠢᠮ ᠲᠠᠯ᠎ᠠ ᠨᠤᠳᠤᠭ ᠪᠠᠢᠳᠠᠭ ᠪᠣᠯᠬᠣᠷ ᠪᠢᠳᠡ ᠮᠣᠩᠭᠤᠯ ᠨᠤᠳᠤᠭ ᠢᠶᠡᠨ ᠳᠠᠭᠤᠯᠠᠬᠤ ᠦᠭᠡᠢ ᠪᠠᠢᠬᠤ ᠶᠢᠨ ᠠᠷᠭ᠎ᠠ ᠦᠭᠡᠢ᠂ ᠮᠣᠩᠭᠤᠯ ᠨᠤᠳᠤᠭ ᠢᠶᠡᠨ ᠤᠶᠠᠩᠭᠠᠯᠠᠬᠤ ᠦᠭᠡᠢ ᠪᠠᠢᠬᠤ ᠶᠢᠨ ᠠᠷᠭ᠎ᠠ ᠦᠭᠡᠢ︕ ᠥᠨᠦᠳᠦᠷ ᠪᠢᠳᠡᠨ ᠵᠠᠯᠭᠠᠭᠠᠳ⒓ ᠮᠣᠩᠭᠤᠯ ᠦᠨ ᠲᠠᠯ᠎ᠠ ᠨᠤᠳᠤᠭ ᠭᠡᠬᠦ ᠰᠢᠯᠦᠭ ᠢᠶᠡᠨ ᠰᠤᠷᠤᠯᠴᠠᠶ᠎ᠠ᠃
ᠭᠤᠷᠪᠠ᠂ ᠰᠢᠯᠦᠭ  ᠤᠨ ᠠᠭᠤᠯᠭ᠎ᠠ ᠶᠢ ᠣᠢᠯᠠᠭᠠᠬᠤ
⒈ᠵᠢᠷᠤᠭ ᠬᠠᠪᠰᠤᠷᠭᠠᠨ ᠪᠠᠳᠠᠭ ᠬᠤᠪᠢᠶᠠᠨ ᠤᠩᠰᠢᠨ᠎ᠠ᠃
⒉ᠪᠠᠳᠠᠭ  ᠤᠨ ᠠᠭᠤᠯᠭ᠎ᠠ ᠶᠢ ᠣᠢᠯᠠᠭᠠᠬᠤ
ᠲᠦᠷᠪᠡ᠂ ᠰᠡᠳᠬᠢᠯᠭᠡ ᠲᠡᠢ ᠤᠩᠰᠢᠬᠤ
ᠮᠣᠩᠭᠤᠯ ᠨᠤᠳᠤᠭ ᠢᠶᠡᠨ ᠪᠠᠬᠠᠳᠤᠵᠤ ᠬᠠᠢᠷᠠᠯᠠᠵᠤ᠂ ᠬᠠᠮᠠᠭᠠᠯᠠᠬᠤ ᠰᠡᠳᠬᠢᠯᠭᠡ ᠲᠡᠢ ᠤᠩᠰᠢᠬᠤ
⒈ᠬᠤᠪᠢ ᠬᠥᠮᠦᠨ ᠤ ᠤᠩᠰᠢᠯᠭ᠎ᠠ ᠬᠢᠬᠦ
⒉ᠨᠡᠷᠡᠴᠢᠯᠡᠨ ᠤᠩᠰᠢᠬᠤ
⒊ᠮᠦᠷᠥᠢᠴᠡᠵᠦ ᠤᠩᠰᠢᠬᠤ
⒋ᠲᠦᠷᠪᠡᠨ ᠪᠠᠳᠠᠭ ᠡᠴᠡ ᠲᠤᠷ᠎ᠠ ᠶᠢᠨ ᠨᠢᠭᠡ ᠪᠠᠳᠠᠭ ᠢ ᠰᠣᠩᠭᠤᠵᠤ ᠤᠩᠰᠢᠬᠤ
⒌ᠪᠠᠭᠰᠢ ᠰᠤᠷᠤᠭᠴᠢ ᠬᠠᠮᠳᠤᠪᠠᠷ ᠤᠩᠰᠢᠬᠤ
ᠲᠠᠪᠤ᠂ ᠥᠪᠡᠷ ᠤᠨ ᠪᠦᠳᠦᠭᠡᠯ ᠢᠶᠡᠨ ᠬᠤᠪᠢᠶᠠᠯᠴᠠᠬᠤ
⒈ᠰᠢᠯᠦᠭ ᠢ ᠲᠠᠭᠤᠷᠢᠶᠠᠵᠤ ᠪᠢᠴᠢᠨ᠎ᠡ᠃
⒉ᠪᠠᠬᠠᠷᠬᠠᠭᠰᠠᠨ ᠪᠠᠳᠠᠭ ᠢᠶᠡᠨ ᠵᠢᠷᠤᠨ᠎ᠠ᠃
ᠵᠢᠷᠭᠤᠭ᠎ᠠ᠂ ᠳ᠋ᠦᠩᠨᠡᠯᠳᠡ ᠬᠢᠨ᠎ᠡ᠃
⒈ᠰᠤᠷᠤᠭᠴᠢ ᠡᠴᠡ ᠳ᠋ᠦᠩᠨᠡᠬᠦ᠄ ᠥᠪᠡᠷ ᠤᠨ ᠤᠯᠤᠯᠳᠠ ᠪᠠᠨ ᠶᠠᠷᠢᠬᠤ
⒉ᠪᠠᠭᠰᠢ ᠡᠴᠡ ᠳ᠋ᠦᠩᠨᠡᠬᠦ᠄ ᠲᠡᠢᠮᠦ  ᠡ᠂ ᠠᠮᠢᠨ ᠬᠠᠢᠷᠠᠳᠠᠢ ᠮᠣᠩᠭᠤᠯ ᠨᠤᠳᠤᠭ ᠢᠶᠡᠨ ᠬᠠᠢᠷᠠᠯᠠᠵᠤ ᠶᠠᠪᠤᠬᠤ ᠨᠢ ᠲᠦᠮᠡᠨ ᠵᠥᠪ᠃ ᠭᠡᠪᠡᠴᠤ ᠤᠢᠷ᠎ᠠ  ᠶᠢᠨ ᠵᠢᠯ  ᠤᠳ  ᠡᠴᠡ ᠲᠦᠮᠡᠨ ᠨᠢᠳᠦ ᠨᠤᠳᠤᠭ ᠢ ᠮᠢᠨᠢ ᠱᠤᠬᠤᠭᠤᠷᠬᠠᠵᠤ ᠲᠤᠷᠠᠯᠠᠨ᠎ᠠ ᠃ ᠮᠠᠨ ᠤ ᠮᠣᠩᠭᠤᠯ ᠨᠤᠳᠤᠭ ᠬᠥᠮᠦᠨ ᠤ ᠬᠢ ᠪᠡᠷ ᠬᠤᠪᠢᠷᠠᠵᠤ ᠪᠠᠢᠨ᠎ᠠ᠂ ᠮᠠᠩᠬ᠎ᠠ ᠲᠤᠯᠤᠭᠠᠳ  ᠮᠢᠨᠢ ᠴᠤ ᠭᠣᠮᠤᠳᠠᠨ ᠤᠶᠠᠷᠠᠵᠤ ᠪᠠᠢᠨ᠎ᠠ᠂ ᠭᠣᠣᠯ ᠰᠤᠵᠠᠭ ᠮᠢᠨᠢ ᠴᠤ ᠬᠥᠷᠦᠰᠦᠨ ᠳ᠋ᠤ ᠪᠠᠨ ᠨᠢᠭᠤᠭᠳᠠᠵᠤ ᠪᠠᠢᠨ᠎ᠠ᠂ ᠭᠣᠭᠤᠳ ᠲᠠᠭᠠᠨ᠎ᠠ  ᠮᠢᠨᠢ ᠴᠤ ᠤᠷᠭᠤᠬᠤ ᠡᠴᠡ ᠪᠠᠨ ᠠᠶᠤᠵᠤ ᠪᠠᠢᠨ᠎ᠠ᠂ ᠮᠠᠯ ᠤᠨ ᠪᠡᠯᠴᠢᠭᠡᠷ  ᠮᠢᠨᠢ ᠴᠤ ᠬᠦᠴᠢᠷ ᠲᠡᠢ ᠪᠣᠯᠵᠤ ᠪᠠᠢᠨ᠎ᠠ᠃ ᠡᠢᠮᠦ ᠪᠣᠯᠬᠣᠷ ᠢᠶᠡᠨ ᠮᠣᠩᠭᠤᠯ ᠨᠤᠳᠤᠭ ᠢᠶᠡᠨ ᠪᠢᠳᠡ ᠨᠡᠩ ᠬᠠᠢᠷᠠᠯᠠᠵᠤ ᠶᠠᠪᠤᠵᠠᠭᠠᠶ᠎ᠠ᠂︽ ᠮᠢᠨᠦ ᠨᠤᠳᠤᠭ ᠤᠨ ᠭᠠᠵᠠᠷ ᠰᠢᠷᠥᠢ ᠡᠴᠡ ᠪᠤᠷᠬᠠᠨ ᠭᠤᠶᠤᠭᠰᠠᠨ ᠴᠤ ᠪᠤᠤ ᠥᠭ︾ ᠭᠡᠬᠦ ᠭᠠᠯᠳᠠᠨ ᠪᠤᠱᠤᠭᠳᠤ ᠬᠠᠭᠠᠨ ᠤ ᠰᠤᠷᠭᠠᠯ ᠢ ᠦᠶ᠎ᠡ ᠶᠢᠨ ᠦᠶ᠎ᠡ ᠵᠠᠯᠭᠠᠮᠵᠢᠯᠠᠵᠤ᠂ ᠮᠣᠩᠭᠤᠯ ᠤᠨ ᠲᠠᠯ᠎ᠠ ᠨᠤᠳᠤᠭ ᠢᠶᠡᠨ ᠬᠠᠢᠷᠠᠯᠠᠨ ᠳᠡᠭᠡᠳᠦᠯᠡᠵᠦ ᠶᠠᠪᠤᠵᠠᠭᠠᠶ᠎ᠠ︕ 



  
     
     