-
89677
2023-05-09 11:10
39
0
ᠬᠥᠮᠥᠨ ᠦ ᠨᠢᠭᠡᠨ ᠤᠷᠤᠰᠬᠠᠯ
ᠦᠭᠡ᠄ ᠨ᠂ ᠭᠠᠮᠠ
ᠠᠶ᠎ᠠ᠄ ᠰ᠂ ᠪᠠᠲᠤᠸᠠᠴᠢᠷ
ᠪᠢ ᠡᠵᠢ ᠶ᠋ᠢᠨ ᠢᠶᠡᠨ ᠨᠢᠭᠤᠵᠤ ᠤᠨᠠᠭᠠᠠᠭᠰᠠᠨ ᠨᠢᠯᠪᠤᠰᠤᠨ ᠳ᠋ᠦ ᠨᠢᠭᠤᠭᠳᠠᠵᠤ ᠤᠷᠭᠤᠭᠰᠠᠨ ᠴᠡᠴᠡᠭ ᠶᠤᠮ
ᠪᠢ ᠡᠵᠢ ᠶ᠋ᠢᠨ ᠢᠶᠡᠨ ᠰᠠᠷᠠᠪᠴᠢᠯᠠᠵᠤ ᠬᠠᠷᠠᠭᠰᠠᠨ ᠨᠢᠳᠦᠨ ᠳ᠋ᠦ ᠰᠠᠷ᠎ᠠ ᠰᠢᠭ ᠠᠰᠠᠭᠠᠷᠠᠭᠰᠠᠨ ᠭᠡᠷᠡᠯ ᠶᠤᠮ ᠡ
ᠪᠢ ᠡᠵᠢ ᠶ᠋ᠢᠨ ᠢᠶᠡᠨ ᠰᠠᠨᠠᠭ᠎ᠠ ᠠᠯᠳᠠᠬᠤ ᠳ᠋ᠦ ᠴᠡᠭᠡᠵᠢ ᠶ᠋ᠢ ᠨᠢ ᠴᠡᠪᠡᠷᠯᠡᠭ᠍ᠰᠡᠨ ᠭᠡᠭᠡᠨ ᠠᠮᠢᠰᠬᠤᠯ
ᠪᠢ ᠡᠵᠢ ᠲᠠᠢ ᠪᠠᠨ ᠬᠠᠮᠲᠤ ᠳ᠋ᠠᠭᠠᠨ ᠪᠠᠢᠬᠤ ᠶ᠋ᠢᠨ ᠵᠠᠶᠠᠭᠠᠠᠨ ᠳ᠋ᠦ ᠲᠥᠷᠥᠭ᠍ᠰᠡᠨ ᠬᠥᠮᠥᠨ ᠦ ᠨᠢᠭᠡᠨ ᠤᠷᠤᠰᠬᠠᠯ ᠶᠤᠮ᠃
ᠪᠢ ᠡᠵᠢ ᠶ᠋ᠢᠨ ᠢᠶᠡᠨ ᠴᠡᠯ ᠵᠠᠯᠠᠭᠤᠬᠠᠨ ᠨᠠᠰᠤᠨ ᠳ᠋ᠦ ᠴᠡᠴᠡᠭ᠍ᠯᠡᠵᠦ ᠤᠷᠭᠤᠭᠰᠠᠨ ᠰᠠᠷᠨᠠᠢ ᠶᠤᠮ
ᠪᠢ ᠡᠵᠢ ᠶ᠋ᠢᠨ ᠢᠶᠡᠨ ᠴᠡᠩᠨᠡᠵᠦ ᠪᠣᠳᠣᠭᠰᠠᠨ ᠪᠣᠳᠣᠯ ᠳ᠋ᠦ ᠨᠡᠷ᠎ᠡ ᠮᠢᠨᠢ ᠪᠦᠲᠦᠨ ᠶᠠᠪᠤᠭᠰᠠᠨ ᠶᠤᠮ ᠡ
ᠪᠢ ᠡᠵᠢ ᠶ᠋ᠢᠨ ᠢᠶᠡᠨ ᠰᠤᠷᠭᠠᠯ ᠠᠢᠯᠠᠳᠳᠠᠵᠤ ᠰᠤᠨᠤᠵᠤ ᠮᠥᠷᠭᠥᠭ᠍ᠰᠡᠨ ᠦᠭᠡᠨ ᠦ ᠢᠲᠡᠭᠡᠯ
ᠪᠢ ᠡᠵᠢ ᠲᠠᠢ ᠪᠠᠨ ᠬᠠᠮᠲᠤ ᠳ᠋ᠠᠭᠠᠨ ᠪᠠᠢᠬᠤ ᠶ᠋ᠢᠨ ᠵᠠᠶᠠᠭᠠᠨ ᠳ᠋ᠦ ᠲᠥᠷᠥᠭ᠍ᠰᠡᠨ ᠬᠥᠮᠥᠨ ᠦ ᠨᠢᠭᠡᠨ ᠤᠷᠤᠰᠬᠠᠯ ᠶᠤᠮ᠃
ᠪᠢ ᠡᠵᠢ ᠶ᠋ᠢᠨ ᠢᠶᠠᠨ ᠡᠷᠭᠦᠭ᠍ᠰᠡᠨ ᠰᠦᠨ ᠦ ᠰᠠᠴᠤᠯᠢ ᠪᠡᠷ ᠦᠨᠳᠡᠢᠵᠦ ᠤᠷᠭᠤᠭᠰᠠᠨ ᠴᠡᠴᠡᠭ ᠶᠤᠮ
ᠪᠢ ᠡᠵᠢ ᠶ᠋ᠢᠨ ᠢᠶᠡᠨ ᠬᠤᠯᠵᠢᠬᠤ ᠨᠣᠢᠷᠤᠨ ᠳ᠋ᠤ ᠵᠡᠭᠦᠳᠦᠯᠡᠭ᠍ᠳᠡᠭ᠍ᠰᠡᠨ ᠬᠤᠨ ᠴᠠᠭᠠᠬᠠᠨ ᠦᠷ᠎ᠡ ᠨᠢ ᠶᠤᠮ ᠡ
ᠪᠢ ᠡᠵᠢ ᠶ᠋ᠢᠨ ᠢᠶᠡᠨ ᠡᠩᠭᠡᠷ ᠢ ᠨᠢ ᠲᠦᠰᠢᠵᠦ ᠡᠷᠬᠡᠯᠡᠵᠦ ᠵᠢᠷᠭᠠᠭᠰᠠᠨ ᠨᠢᠭᠡᠨ ᠴᠡᠴᠡᠭ
ᠪᠢ ᠡᠵᠢ ᠲᠠᠢ ᠪᠠᠨ ᠬᠠᠮᠲᠤ ᠳ᠋ᠠᠭᠠᠨ ᠪᠠᠢᠬᠤ ᠶ᠋ᠢᠨ ᠵᠠᠶᠠᠭᠠᠨ ᠳ᠋ᠤ ᠲᠥᠷᠥᠭ᠍ᠰᠡᠨ ᠬᠥᠮᠥᠨ ᠦ ᠨᠢᠭᠡᠨ ᠤᠷᠤᠰᠬᠠᠯ ᠶᠤᠮ ᠃